☆ ᠴᠤ᠋·ᠣᠷᠭᠢᠯᠳᠤ
ᠬᠠᠭᠠᠴᠠᠯ
ᠲ᠋ᠠᠯ᠎ᠠ ᠡᠴᠠ ᠬᠤᠨᠢᠨ ᠰᠦᠷᠦᠭ᠌ ᠰᠠᠯᠠᠭᠠᠤᠨ ᠶᠠᠪᠣᠬᠤ ᠳ᠋ᠤ
ᠲ᠋ᠠᠯ᠎ᠠ ᠳᠤ ᠪᠠᠨ ᠬᠤᠴᠤᠷᠠᠭᠰᠠᠨ ᠬᠤᠨᠢᠨ ᠪᠣᠷᠤ ᠬᠠᠷᠢᠶᠠᠴᠠᠢ
ᠪᠠ ᠬᠤᠨᠢᠨ ᠪᠣᠷᠤ ᠭᠦᠷᠪᠠᠯ ᠢ ᠥᠵᠡᠭᠡᠳ
ᠬᠤᠨᠢᠨ ᠪᠣᠷᠤ ᠬᠠᠷᠢᠶᠠᠴᠠᠢ
ᠬᠤᠨᠢᠨ ᠰᠦᠷᠦᠭ᠌ ᠤᠨ ᠢᠳᠠᠰᠢᠯᠳᠠ ᠳ᠋ᠤ
ᠬᠤᠨᠤᠭᠰᠢᠵᠤ ᠡᠭᠦᠷᠯᠡᠭ᠍ᠰᠡᠨ ᠡᠪᠠᠰᠤᠨ ᠡᠴᠡ
ᠰᠤᠴᠢᠨ ᠨᠢᠰᠦᠭ᠍ᠰᠡᠨ
ᠬᠤᠤᠷᠠᠳᠤ ᠡᠷᠪᠠᠭᠡᠢ ᠶᠢ ᠰᠢᠭᠦᠷᠡᠵᠤ ᠢᠳᠡᠳᠡᠭ᠌
ᠬᠠᠷᠴᠠᠭᠠᠢ ᠰᠢᠪᠠᠭᠤᠨ ᠳᠤ ᠳᠠᠭᠤᠭᠳᠠᠪᠠᠯ
ᠬᠤᠨᠢᠨ ᠤ ᠭᠡᠳᠡᠰᠤᠨ ᠳᠤ ᠨᠠᠭᠠᠯᠳᠤᠵᠤ
ᠬᠤᠪᠢ ᠵᠢᠶᠠᠭ᠎ᠠ ᠪᠠᠨ ᠬᠠᠮᠠᠭᠠᠯᠠᠵᠤ ᠦᠷᠡᠵᠢᠳᠡᠭ᠌
ᠬᠤᠨᠢᠨ ᠰᠦᠷᠦᠭ᠌
ᠬᠤᠨᠤᠬᠤ ᠶᠢᠨ ᠵᠠᠭᠤᠷ᠎ᠠ ᠳ᠋ᠤ
ᠬᠤᠯᠠ ᠶᠢᠨ ᠬᠤᠯᠠ
ᠬᠤᠳᠠ ᠶᠢᠨ ᠳᠡᠯᠭᠡᠭᠦᠷ ᠲᠤ ᠶᠠᠪᠣᠭᠠᠤᠨ ᠦᠭᠭᠦ ᠳ᠋ᠤ
ᠬᠤᠨᠢᠨ ᠪᠣᠷᠤ ᠬᠠᠷᠢᠶᠠᠴᠠᠢ
ᠬᠤᠨᠢᠨ ᠰᠦᠷᠦᠭ᠌ ᠶᠢᠡᠨ ᠡᠷᠢᠭᠦ ᠳ᠋ᠤ
ᠬᠠᠷᠴᠠᠭᠠᠢ ᠰᠢᠪᠠᠭᠤᠨ ᠤ ᠰᠢᠭᠦᠷᠡᠯᠳᠡ ᠳ᠋ᠤ
ᠬᠤᠩᠭᠤᠷ ᠠᠮᠠᠷᠠᠭ ᠨᠢ ᠡ᠊ᠨᠳᠡᠵᠤ
ᠭᠦᠭᠡᠮᠳᠡᠭ᠌ ᠳᠠᠯ᠎ᠠ ᠶᠢᠨ ᠠᠭᠠᠷ ᠡᠴᠠ
ᠬᠤᠨᠢᠨ ᠰᠦᠷᠦᠭ᠌ ᠶᠢᠡᠨ ᠮᠦᠷᠦᠭᠡᠳᠦᠭ᠍ᠰᠡᠭᠡᠷ
ᠬᠤᠪᠢ ᠢᠷᠦᠭᠡᠯ ᠨᠢ ᠬᠠᠭᠠᠴᠠᠨ᠎ᠠ
ᠬᠤᠨᠢᠨ ᠪᠣᠷᠤ ᠭᠦᠷᠪᠠᠯ
ᠬᠤᠨᠢᠨ ᠰᠦᠷᠦᠭ᠌ ᠤᠨ ᠨᠣᠢ᠌ᠳᠠᠨ ᠱᠠᠪᠠᠢ ᠳᠡᠭᠡᠷ᠎ᠡ
ᠬᠤᠮᠤᠷᠠᠯᠳᠠᠨ ᠰᠠᠭᠤᠭᠰᠠᠨ
ᠬᠤᠮᠠᠭᠢ ᠪᠠᠳᠠᠭᠠᠨ᠎ᠠ ᠶᠢ ᠰᠤᠷᠤᠵᠤ ᠢᠳᠡᠳᠡᠭ᠌
ᠨᠡᠳᠡᠭᠡᠯ ᠰᠢᠪᠠᠭᠤᠨ ᠤ ᠳᠠᠭᠠᠷᠢᠯᠳᠠ ᠳᠤ ᠣᠴᠠᠷᠠᠪᠠᠯ
ᠬᠤᠨᠢᠨ ᠤ ᠱᠠᠪᠠᠢ ᠶᠢ ᠡᠷᠭᠦᠵᠤ
ᠬᠤᠪᠢ ᠪᠠᠶ᠎ᠠ ᠪᠠᠨ ᠳᠤᠤᠷ᠎ᠠ ᠨᠢ ᠳᠠᠯᠳᠠᠯᠠᠵᠤ ᠠᠮᠢᠳᠤ ᠭᠠᠷᠳᠠᠭ
ᠬᠤᠨᠢᠨ ᠰᠦᠷᠦᠭ᠌
ᠬᠤᠨᠤᠬᠤ ᠶᠢᠨ ᠵᠠᠭᠤᠷ᠎ᠠ
ᠬᠤᠯᠠ ᠶᠢᠨ ᠬᠤᠯᠠ
ᠬᠤᠳᠠ ᠶᠢᠨ ᠳᠡᠯᠭᠡᠭᠦᠷ ᠲ᠋ᠤ ᠶᠠᠪᠣᠭᠠᠤᠨ ᠦᠭᠭᠦ ᠳ᠋ᠤ
ᠬᠤᠨᠢᠨ ᠪᠣᠷᠤ ᠭᠦᠷᠪᠠᠯ
ᠬᠣᠢ᠌ᠳᠤ ᠬᠤᠶᠠᠷ ᠭᠦᠯ ᠶᠢᠡᠷ ᠶᠢᠡᠨ ᠵᠤᠭᠰᠤᠵᠤ
ᠬᠤᠮᠤᠭᠰᠠᠨ ᠰᠡᠭᠦᠯ ᠶᠢᠡᠨ ᠭᠤᠵᠣᠢ᠌ᠯᠭᠠᠨ
ᠬᠤᠨᠢᠨ ᠤ ᠬᠤᠷᠪᠣᠢ᠌ᠵᠤ ᠬᠠᠳᠠᠭᠰᠠᠨ ᠱᠠᠪᠠᠢ ᠶᠢ ᠮᠠᠨᠠᠵᠤ
ᠬᠤᠮᠤᠷᠠᠬᠤ ᠢᠯᠠᠭ᠎ᠠ ᠪᠠᠨ ᠭᠦᠯᠢᠶᠡᠭ᠍ᠰᠡᠭᠡᠷ
ᠭᠦᠴᠤ ᠳᠠᠮᠢᠷ ᠬᠤᠮᠰᠠᠳᠠᠵᠤ
ᠨᠡᠳᠡᠭᠡᠯ ᠰᠢᠪᠠᠭᠤᠨ ᠤ ᠳᠠᠭᠠᠷᠢᠯᠳᠠ ᠳ᠋ᠤ
ᠬᠤᠨᠢᠨ ᠤ ᠱᠠᠪᠠᠢ ᠶᠢ
ᠡᠷᠭᠦᠭᠦ ᠲ᠋ᠡᠩᠭᠡᠭᠡ ᠥᠭᠡᠢ ᠪᠤᠯᠵᠤ
ᠨᠡᠳᠡᠭᠡᠯ ᠰᠢᠪᠠᠭᠤᠨ ᠤ ᠰᠠᠪᠠᠷ ᠳᠤ ᠪᠠᠵᠠᠭᠳᠠᠭᠠᠤᠨ
ᠦᠨᠳᠦᠷ ᠠᠭᠠᠷ ᠡᠴᠠ
ᠬᠤᠨᠢᠨ ᠰᠦᠷᠦᠭ᠌ ᠵᠢᠠᠨ
ᠡᠴᠦᠰ ᠤᠨ ᠣᠳᠠᠭ᠎ᠠ ᠴᠤ ᠣᠯᠵᠤ ᠬᠠᠷᠠᠭᠰᠠᠨ ᠥᠭᠡᠢ
ᠡᠭᠡ ᠪᠠᠢ᠌ᠭᠠᠯᠢ ᠶᠢᠨ ᠭᠤᠷᠪᠠᠨ ᠠᠮᠠᠢ
ᠡᠶ᠎ᠡ ᠵᠤᠭᠢᠴᠠᠵᠤ ᠳᠡᠢ᠌ᠯᠦᠭ᠍ᠰᠡᠨ ᠦᠭᠡᠶ ᠣᠰᠠᠳᠤᠯᠠ᠃
ᠲ᠋ᠠᠢ᠌ᠯᠪᠣᠷᠢ
ᠨᠡᠳᠡᠭᠡᠯ ᠊᠊᠊᠊᠊᠊᠊᠊᠊᠊᠊᠊᠊᠊᠊ ᠮᠤᠭᠠᠢ ᠭᠦᠷᠪᠠᠯ ᠶᠢᠡᠷ ᠢᠳᠡᠰᠢᠯᠡᠳᠡᠭ᠌ ᠨᠤᠳᠤᠭ ᠤᠨ ᠰᠢᠪᠠᠭᠤ
ᠱᠠᠪᠠᠢ ᠊᠊᠊᠊᠊᠊᠊᠊᠊᠊᠊᠊᠊᠊᠊ ᠬᠤᠨᠢᠨ ᠤ ᠦᠳᠭᠡᠨ ᠪᠠᠭᠠᠰᠤ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2680
ᠴᠠᠭ᠄ 2012 ᠤᠨ ᠤ 06 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ