ᠨᠡᠪᠲᠡᠷᠡᠨ ᠤᠷᠤᠬᠤ
ᠣᠷᠳᠤᠰ ᠪᠦᠭᠡ

     1. ᠪᠦᠭᠡ ᠶᠢᠨ ᠶᠡᠷᠦᠩᠭᠡᠢ ᠪᠠᠢ᠌ᠳᠠᠯ

     ᠳᠠᠢ᠌ᠯᠪᠣᠷᠢ᠄ ᠮᠤᠩᠭ᠋ᠤᠯ ᠦᠨᠳᠦᠰᠦᠳᠠᠨ ᠤ ᠣᠯᠠᠮᠵᠢᠯᠠᠯᠳᠤ ᠰᠠᠢ᠌ᠬᠠᠨ ᠪᠠᠶ᠎ᠠ ᠳᠠᠮᠢᠷ ᠤᠨ ᠭᠦᠳᠡᠯᠭᠡᠭᠡᠨ᠂ 《ᠡᠷ᠎ᠡ ᠶᠢᠨ ᠭᠤᠷᠪᠠᠨ ᠨᠠᠭᠠᠳᠤᠮ》 ᠊ᠤᠨ ᠨᠢᠭᠡ ᠪᠣᠯᠬᠤ 《ᠪᠦᠭᠡ ᠪᠠᠷᠢᠯᠳᠤᠬᠤ》 ᠪᠣᠯ ᠠᠯᠢ ᠡᠷᠳᠡ 13 ᠳ᠋ᠤᠭᠠᠷ ᠵᠠᠭᠤᠨ ᠤ ᠦᠶ᠎ᠡ ᠳᠤ ᠮᠤᠩᠭ᠋ᠤᠯ ᠤᠨ ᠥᠡᠳᠦᠷᠯᠢᠭ᠌ ᠳᠡᠭᠡᠷ᠎ᠡ ᠨᠢᠭᠡᠨᠲᠡ ᠪᠣᠢ ᠪᠣᠯᠵᠤ ᠦᠷᠭᠡᠨ ᠳᠡᠯᠭᠡᠷᠡᠭ᠍ᠰᠡᠨ ᠪᠠᠢ᠌ᠳᠠᠭ ᠢ ᠨᠢ ᠴᠢᠩᠭᠢᠰ ᠤᠨ ᠳᠡᠭᠦᠤ ᠪᠦᠭᠡ ᠪᠠᠯᠭᠦᠳᠡᠢ ᠲᠡᠶ ᠬᠤᠯᠪᠤᠨ ᠪᠣᠳᠤᠪᠠᠯ ᠳᠤᠳᠤᠬᠠᠨ ᠭᠡᠷᠡᠴᠢᠯᠡᠭ᠍ᠳᠡᠨ᠎ᠡ᠃ ᠳᠠᠮᠤᠵᠢᠨ ᠪᠣᠳᠠᠷᠠᠭᠰᠠᠨ ᠠᠢ᠌ᠮᠠᠭ ᠶᠢᠡᠨ ᠨᠢᠭᠡᠳᠭᠡᠵᠤ ᠴᠤᠴᠠᠷᠠᠭᠰᠠᠨ ᠣᠯᠤᠰ ᠶᠢᠡᠨ ᠴᠤᠭᠴᠠᠯᠠᠬᠤ ᠳᠤ ᠪᠦᠭᠡᠴᠢᠨ ᠪᠠᠯᠭᠦᠳᠡᠢ ᠬᠠᠷᠪᠣᠭᠠᠴᠢᠨ ᠬᠠᠰᠠᠷ ᠬᠤᠶᠠᠷ ᠳᠡᠭᠦᠤ ᠨᠢ ᠵᠡᠭᠦᠨ ᠪᠠᠷᠠᠭᠤᠨ ᠮᠦᠷᠤ ᠨᠢ ᠪᠣᠯᠵᠤ ᠳᠤᠯᠤᠭᠰᠠᠨ ᠪᠠᠢ᠌ᠭ᠎ᠠ᠃ ᠳᠡᠭᠡᠭᠦ ᠳᠡᠭᠡᠨ ᠳᠦᠷᠤ ᠶᠢᠨ ᠨᠢᠭᠡᠳᠦᠯ ᠢ ᠪᠠᠶᠡᠯᠡᠭᠦᠯᠦᠭᠡᠳ᠂ ᠪᠠᠭᠢᠵᠢᠭᠦᠯᠭᠦ ᠶᠢᠨ ᠵᠠᠩᠭᠢᠯᠭ᠎ᠠ ᠶᠢᠨ ᠦᠶ᠎ᠡ ᠳᠤ ᠪᠠᠷᠭᠡ ᠳᠦᠪᠠᠭ᠌ ᠪᠣᠯᠵᠤ ᠪᠠᠢ᠌ᠭᠰᠠᠨ ᠳᠦᠷᠤ ᠶᠢᠨ ᠪᠦᠭᠡ ᠊᠊᠊᠊᠊᠊᠊᠊᠊᠊᠊᠊᠊᠊᠊ ᠳᠠᠪ ᠳᠡᠭ᠍ᠷᠢ ᠶᠢ ᠪᠠᠯᠭᠦᠳᠡᠢ ᠯᠠ ᠣᠬᠠᠭᠠᠯᠠᠭᠰᠠᠨ ᠡᠴᠠ ᠳᠦᠷᠤ ᠶᠢᠨ ᠭᠠᠪᠢᠶᠠᠳᠠᠨ ᠪᠣᠯᠤᠭᠰᠠᠨ ᠪᠢᠯᠠ᠃ ᠮᠦᠨᠴᠤ ᠪᠦᠭᠡᠴᠢᠨ ᠡᠷᠡᠰ ᠢ ᠳᠦᠷᠤ ᠶᠢᠨ ᠪᠦᠭᠡ᠂ ᠳᠠᠷᠬᠠᠨ ᠠᠪᠣᠷᠭᠤ ᠭᠡᠮᠡᠨ ᠭᠠᠪᠢᠶᠠᠯᠠᠨ ᠦᠨᠡᠯᠠᠵᠤ ᠳᠠᠷᠬᠠᠯᠠᠨ ᠭᠦᠡᠳᠦᠳᠭᠡᠳᠡᠭ᠌ ᠪᠣᠯᠤᠭᠰᠠᠨ ᠨᠢ ᠴᠤ ᠳᠠᠷᠠ ᠴᠠᠭ ᠦᠶ᠎ᠡ ᠶᠢᠨ ᠪᠦᠭᠡ ᠪᠠᠯᠭᠦᠳᠡᠢ ᠶᠢᠨ ᠳᠠᠷᠠ ᠭᠠᠪᠢᠶ᠎ᠠ ᠵᠢᠦᠡᠭᠦᠯ ᠡᠴᠠ ᠢᠷᠠᠯᠳᠠᠢ ᠪᠢᠰᠢ ᠭᠡᠵᠢ ᠦᠦ︖᠂

     ᠵᠢᠷᠤᠭ᠄ ᠣᠷᠳᠤ ᠶᠢᠨ ᠳᠠᠭᠤᠤ ᠲᠡᠶ ᠪᠦᠭᠡ ᠶᠢᠨ ᠮᠦᠷᠥᠢᠴᠡᠭᠡᠨ ᠤ ᠠᠬᠤᠢ ᠳᠠᠯᠠᠪᠠᠢ

     ᠳᠠᠢ᠌ᠯᠪᠣᠷᠢ᠄ ᠣᠨ ᠵᠢᠯ ᠤᠨ ᠣᠷᠴᠢᠯ᠂ ᠣᠶᠤᠨ ᠪᠢᠯᠢᠭ᠌ ᠤᠨ ᠰᠢᠮᠠᠵᠢᠯ ᠶᠢᠡᠷ ᠮᠤᠩᠭ᠋ᠤᠯ ᠪᠦᠭᠡ ᠨᠢ ᠨᠢᠭᠡᠨ ᠵᠣᠢ᠌ᠯ ᠤᠨ ᠳᠠᠮᠢᠷ ᠤᠨ ᠭᠦᠳᠡᠯᠭᠡᠭᠡᠨ ᠮᠦᠷᠳᠡᠭᠡᠨ ᠵᠤᠭ᠎ᠠ ᠴᠡᠩᠭᠡᠯ ᠤᠨ ᠭᠦᠳᠡᠯᠭᠡᠭᠡᠨ ᠪᠣᠯᠵᠤ ᠳᠦᠷᠢᠮᠵᠢᠨ ᠳᠤᠭᠳᠠᠪᠣᠷᠢᠵᠢᠵᠠᠢ᠃ ᠮᠤᠩᠭ᠋ᠤᠯ ᠪᠦᠭᠡ ᠪᠣᠯ ᠬᠤᠪᠴᠠᠰᠤ ᠵᠠᠰᠠᠯ ᠬᠤᠳᠤᠭ ᠵᠠᠩᠭᠢᠶ᠎ᠠ᠂ ᠪᠠᠷᠢᠴᠠ ᠭᠦᠳᠡᠯᠭᠡᠭᠡᠨ ᠪᠠᠷᠢᠯᠳᠤᠬᠤ ᠶᠤᠰᠤ᠂ ᠳᠠᠰ ᠳᠠᠷᠠᠭ᠎ᠠ ᠳᠠᠮ ᠮᠡᠭᠡ ᠭᠡᠳ ᠪᠦᠷᠢᠨ ᠪᠦᠳᠤᠨ ᠨᠠᠷᠢᠨ ᠳᠤᠳᠤᠷᠬᠠᠢ ᠳᠦᠷᠢᠮ ᠭᠤᠷᠢᠮ ᠲᠡᠶ᠂ ᠳᠦᠷᠤ ᠶᠤᠰᠤᠨ ᠤ ᠳᠠᠮᠢᠷ ᠤᠨ ᠭᠦᠳᠡᠯᠭᠡᠭᠡᠨ ᠪᠠᠢ᠌ᠭ᠎ᠠ᠃ ᠮᠤᠩᠭ᠋ᠤᠯ ᠪᠦᠭᠡ ᠪᠣᠯ ᠰᠠᠢ᠌ᠨ ᠡᠷ᠎ᠡ ᠶᠢᠨ ᠬᠤᠷᠤᠬᠠᠢ ᠶᠢ ᠭᠦᠳᠡᠯᠭᠡᠵᠤ᠂ ᠰᠠᠢ᠌ᠬᠠᠨ ᠦᠬᠢᠳ ᠤᠨ ᠰᠡᠳᠭᠢᠯ ᠢ ᠳᠤᠯᠠᠭᠠᠴᠠᠭᠤᠯᠵᠤ᠂ ᠨᠠᠢ᠌ᠷ ᠲᠤ ᠭᠦᠭ᠌ ᠠᠶᠠᠰ ᠨᠠᠮᠠᠨ᠂ ᠨᠠᠢ᠌ᠳᠠ ᠳᠠᠶᠠᠭᠠᠷ ᠤᠨ ᠵᠤᠷᠢᠭ ᠢ ᠭᠦᠪᠴᠢᠯᠡᠨ ᠡᠷᠴᠢᠯᠡᠳᠡᠭ᠌᠂ ᠨᠠᠭᠠᠳᠤᠮ ᠴᠤᠭᠯᠠᠭᠠᠨ᠂ ᠣᠪᠣᠭ᠎ᠠ ᠳᠠᠭᠢᠯᠭ᠎ᠠ ᠳᠤ ᠡᠷᠭᠡᠪᠰᠢ ᠪᠠᠶᠡᠯᠡᠭᠦᠯᠳᠡᠭ᠌ ᠮᠤᠩᠭ᠋ᠤᠯ ᠴᠡᠩᠭᠡᠯ᠂ ᠮᠥᠩᠭᠡ ᠶᠤᠰᠤ ᠪᠢᠵᠠ᠃

     2. ᠣᠷᠳᠤᠰ ᠪᠦᠭᠡ ᠶᠢᠨ ᠳᠤᠬᠠᠢ

     ᠳᠠᠢ᠌ᠯᠪᠣᠷᠢ᠄ ᠮᠤᠩᠭ᠋ᠤᠯ ᠪᠦᠭᠡ ᠳᠤ ᠣᠷᠳᠤᠰ ᠪᠦᠭᠡ᠂ ᠰᠢᠯᠢ ᠶᠢᠨ ᠭᠤᠤᠯ ᠤᠨ ᠪᠦᠭᠡ᠂ ᠭᠦᠯᠤᠨ ᠪᠣᠢ᠌ᠷ ᠤᠨ ᠪᠦᠭᠡ᠂ ᠱᠠᠯᠪᠣᠷ ᠪᠦᠭᠡ᠂ ᠬᠠᠯᠬ᠎ᠠ ᠪᠦᠭᠡ ᠭᠡᠵᠤ ᠣᠯᠠᠨ ᠳᠦᠷᠤᠯ ᠭᠡᠯᠪᠠᠷᠢ ᠪᠠᠢ᠌ᠳᠠᠭ ᠤᠨ ᠳᠤᠳᠤᠷ᠎ᠠ ᠡᠴᠠ ᠣᠷᠳᠤᠰ ᠪᠦᠭᠡ ᠪᠣᠯ ᠣᠷᠳᠤᠰ ᠤᠨ ᠥᠡᠳᠦᠷᠯᠢᠭ᠌ ᠳᠡᠭᠡᠷ᠎ᠡ ᠳᠤᠰ ᠭᠠᠵᠠᠷ ᠣᠷᠤᠨ ᠤ ᠪᠠᠨ ᠨᠤᠳᠤᠭ ᠤᠨ ᠣᠠᠴᠠᠯᠢᠭ ᠦᠨᠳᠦᠰᠦᠳᠠᠨ ᠤ ᠭᠡᠪᠰᠢᠯ ᠢ ᠬᠠᠳᠠᠭᠠᠯᠠᠨ᠂ ᠣᠶᠤᠨ ᠣᠬᠠᠭᠠᠨ ᠣᠷ᠎ᠠ ᠮᠡᠷᠭᠡᠵᠢᠯ ᠪᠠ ᠭᠦᠴᠤ ᠴᠢᠳᠠᠯ ᠭᠦᠯ ᠤᠨ ᠡᠷᠳᠡᠮ ᠶᠢᠡᠷ ᠪᠦᠷᠢᠯᠳᠦᠭ᠍ᠰᠡᠨ ᠨᠢᠭᠡ ᠮᠠᠶ‍ᠢᠭ ᠤᠨ ᠪᠣᠯᠪᠠᠰᠤᠨ ᠪᠦᠭᠡ ᠪᠣᠯᠵᠤ ᠭᠦᠭ᠍ᠵᠢᠵᠤ ᠢᠷᠡᠭ᠍ᠰᠡᠨ ᠪᠠᠢ᠌ᠨ᠎ᠠ᠃

     ᠵᠢᠷᠤᠭ᠄ ᠵᠤᠳᠤᠭᠳᠤ ᠪᠦᠭᠡᠴᠢᠨ ᠪᠠ ᠳᠤᠷᠭᠠᠨ ᠪᠦᠰᠡ ᠲᠡᠶ ᠣᠷᠳᠤᠰ ᠪᠦᠭᠡᠴᠢᠨ

     ᠳᠠᠢ᠌ᠯᠪᠣᠷᠢ᠄ ᠮᠤᠩᠭ᠋ᠤᠯ ᠪᠦᠭᠡ ᠶᠢᠨ ᠬᠤᠪᠴᠠᠰᠤ ᠵᠠᠰᠠᠯ ᠤᠨ ᠣᠭᠢ ᠰᠤᠳᠤ ᠪᠣᠯᠤᠭᠰᠠᠨ ᠵᠤᠳᠤᠭ ᠪᠣᠯ ᠪᠦᠭᠡᠴᠦᠳ ᠤᠨ ᠪᠠᠶ᠎ᠠ ᠶᠢ ᠴᠢᠩᠭ᠋ᠠᠯᠠᠬᠤ᠂ ᠪᠠᠷᠢᠴᠠ ᠳᠤ ᠵᠤᠷᠢᠭᠤᠯᠤᠭᠳᠠᠭᠰᠠᠨ ᠬᠤᠪᠴᠠᠰᠤ ᠶᠤᠮ᠂ ᠮᠦᠩᠭᠦᠨ ᠳᠤᠪᠣᠷᠤᠤ ᠲᠡᠶ ᠠᠷᠠᠰᠤᠨ ᠵᠤᠳᠤᠭ ᠮᠤᠩᠭ᠋ᠤᠯ ᠪᠦᠭᠡᠴᠢᠳ ᠤᠨ ᠭᠦᠳᠡᠷ ᠪᠦᠳᠦᠭᠦᠨ ᠪᠠᠶ᠎ᠠ ᠳ᠋ᠤᠨᠢ ᠰᠦᠷ ᠨᠠᠮᠠᠵᠤ᠂ ᠨᠢᠷᠤᠭᠤᠨ ᠳᠤᠨᠢ ᠣᠷᠠᠯᠠᠭᠳᠠᠭᠰᠠᠨ ᠦᠯᠵᠡᠢ ᠵᠠᠩᠭᠢᠶ᠎ᠠ᠂ ᠬᠡ ᠣᠭᠠᠯᠵᠠ ᠨᠢ ᠦᠨᠳᠦᠰᠦᠳᠠᠨ ᠤ ᠣᠠᠴᠠᠯᠢᠭ ᠢ ᠳᠤᠳᠤᠷᠠᠭᠤᠯᠤᠨ᠎ᠠ᠃ ᠲᠦᠪ ᠶᠤᠰᠤᠯᠠᠯ᠂ ᠵᠢᠩᠭᠢᠨᠢ ᠣᠷᠤᠯᠳᠤᠭᠠᠨ ᠳᠤ ᠵᠤᠳᠤᠭ ᠲᠡᠶ ᠪᠦᠭᠡᠴᠦᠳ ᠮᠤᠩᠭ᠋ᠤᠯ ᠡᠷᠡᠰ ᠤᠨ ᠭᠡᠢ᠌ᠮᠦᠷᠢ ᠵᠤᠯᠪᠠᠭ᠎ᠠ ᠶᠢ ᠬᠤᠷᠠᠭᠰᠠᠨ ᠣᠯᠠᠨ ᠳᠤ ᠭᠠᠢ᠌ᠬᠠᠭᠤᠯᠳᠠᠭ ᠪᠣᠯ ᠥᠰᠭᠦ ᠡᠴᠠ ᠠᠪᠣᠭᠠᠤᠨ ᠮᠠᠯ ᠤᠨ ᠪᠠᠯᠴᠢᠭᠡᠷ ᠲᠡᠭᠡᠨ ᠪᠦᠭᠡ ᠶᠢᠨ ᠳᠠᠰᠬᠠᠯ ᠳᠤ ᠳᠠᠰᠬᠠᠵᠢᠭᠳᠠᠨ ᠴᠢᠭᠢᠷᠠᠭᠵᠢᠭᠰᠠᠨ ᠣᠷᠳᠤᠰ ᠡᠷᠡᠴᠦᠦᠯ ᠤᠨ ᠴᠢᠭᠢᠷᠠᠭ ᠪᠠᠶ᠎ᠠ᠂ ᠴᠢᠩᠭ᠋ᠠᠷᠠᠭᠰᠠᠨ ᠪᠣᠯᠴᠢᠩ ᠢ ᠣᠷᠳᠤᠰ ᠪᠦᠭᠡ ᠶᠢᠨ ᠪᠦᠰᠡ ᠨᠠᠩ ᠴᠤ ᠰᠤᠯᠤᠩᠭ᠋ᠠᠷᠠᠭᠤᠯᠤᠨ ᠬᠠᠷᠠᠭᠳᠠᠭᠤᠯᠳᠠᠭ᠃

ᠳᠠᠢ᠌ᠯᠪᠣᠷᠢ᠄ ᠣᠷᠳᠤᠰ ᠪᠦᠭᠡ ᠶᠢᠨ ᠪᠣᠰᠤᠳ ᠭᠠᠵᠠᠷ ᠣᠷᠤᠨ ᠤ ᠪᠦᠭᠡ ᠡᠴᠠ ᠢᠯᠭᠠᠭᠳᠠᠬᠤ ᠮᠠᠰᠢ ᠢᠯᠡᠷᠭᠡᠢ ᠣᠠᠴᠠᠯᠢᠭ ᠭᠡᠪᠠᠯ ᠪᠦᠰᠡ ᠭᠡᠷᠡᠭᠯᠡᠵᠤ ᠪᠠᠷᠢᠯᠳᠤᠬᠤ ᠳᠤ ᠪᠣᠢ᠃

     ᠳᠠᠢ᠌ᠯᠪᠣᠷᠢ ᠣᠶᠠᠩᠭ᠋ᠠᠯᠠᠯ᠄

     《ᠨᠤᠴᠤᠵᠤ ᠪᠠᠷᠢᠬᠤ ᠳᠠᠭᠠᠨ ᠳᠤᠭᠢᠷᠠᠭᠰᠠᠨ

     ᠨᠤᠭᠤᠭᠠᠨ ᠳᠤᠷᠳᠤᠩ ᠪᠦᠰᠡ ᠳᠠᠢ

     ᠭᠠᠳᠠᠰᠤ ᠮᠠᠳᠤ ᠣᠭᠯᠠᠭᠰᠠᠨ

     ᠬᠠᠳᠬᠤᠮᠠᠯ ᠭᠢᠯᠢᠩ ᠮᠠᠬᠠᠢ ᠳᠠᠢ

     ᠪᠠᠷᠠᠭᠤᠨ ᠮᠦᠷᠤ ᠪᠠᠷ ᠶᠢᠡᠨ ᠠᠷᠤᠪᠴᠢᠯᠠᠭᠰᠠᠨ

     ᠪᠠᠳᠮᠠᠨ ᠵᠠᠩᠭᠢᠶᠠᠨ ᠪᠦᠰᠡ ᠳᠠᠢ

     ᠪᠠᠭ᠎ᠠ ᠶᠡᠭᠡ ᠨᠢ ᠳᠡᠩᠴᠡᠭ᠍ᠰᠡᠨ

     ᠪᠣᠯᠭᠠᠷᠢ ᠰᠢᠷᠢᠨ ᠭᠤᠳᠤᠯ ᠳᠠᠢ

     ᠰᠢᠯᠢᠨ ᠳᠡᠭᠡᠨ ᠰᠢᠷᠪᠣᠰᠤ ᠳᠠᠢ

     ᠨᠢᠷᠤᠭᠤᠨ ᠳᠠᠭᠠᠨ ᠭᠦᠴᠤ ᠲᠡᠶ》 ᠭᠡᠵᠤ ᠳᠦᠷᠰᠦᠯᠡᠭ᠍ᠳᠡᠳᠡᠭ᠌ ᠣᠷᠳᠤᠰ ᠪᠦᠭᠡᠴᠦᠳ ᠬᠤᠷᠠᠭᠰᠠᠨ ᠣᠯᠠᠨ ᠤ ᠬᠠᠢ᠌ᠷ᠎ᠠ ᠶᠢ ᠳᠠᠳᠠᠵᠤ᠂ ᠨᠠᠢ᠌ᠷ ᠤᠨ ᠭᠦᠮᠦᠰ ᠤᠨ ᠨᠢᠳᠤ ᠶᠢ ᠭᠡᠷᠡᠯᠳᠦᠭᠦᠯᠳᠡᠭ᠌᠃

     ᠳᠠᠢ᠌ᠯᠪᠣᠷᠢ᠄ ᠥᠩᠭᠡᠷᠡᠭ᠍ᠰᠡᠨ ᠳᠤ ᠣᠷᠳᠤᠰᠴᠤᠳ ᠭᠤᠳᠤᠯ ᠮᠠᠬᠠᠢ ᠡᠮᠦᠰᠴᠤ᠂ ᠭᠦᠳᠡᠭᠡ ᠭᠡᠭᠡᠷ᠎ᠡ ᠮᠠᠯ ᠤᠨ ᠪᠠᠯᠴᠢᠭᠡᠷ ᠲᠤ ᠬᠤᠶᠠᠭᠤᠯᠠ ᠭᠤᠷᠪᠠᠭᠤᠯᠠ ᠪᠠᠨ ᠳᠠᠭᠠᠷᠠᠯᠳᠤᠬᠤ ᠳᠤ ᠣᠨᠤᠭᠰᠠᠨ ᠮᠤᠷᠢᠨ ᠤ ᠪᠠᠨ ᠴᠤᠯᠪᠣᠭᠤᠷ ᠢ ᠳᠠᠢ᠌ᠯᠤᠨ ᠠᠪᠴᠤ ᠬᠤᠶᠠᠷ ᠮᠦᠷᠤᠨ ᠳᠤ ᠨᠢ ᠪᠠᠷᠢᠴᠠ ᠭᠢᠪᠠᠯ ᠪᠦᠭᠡ ᠪᠠᠷᠢᠯᠳᠤᠵᠤ᠂ ᠡᠰᠡᠭᠦᠯ᠎ᠡ ᠪᠦᠰᠡᠯᠡᠭ᠍ᠰᠡᠨ ᠪᠦᠰᠡ ᠪᠠᠨ ᠳᠠᠢ᠌ᠯᠤᠨ ᠠᠪᠴᠤ ᠮᠦᠷᠤᠨ ᠳᠡᠭᠡᠨ ᠮᠦᠷᠤᠴᠠ ᠪᠣᠯᠭᠠᠨ ᠪᠦᠭᠡ ᠪᠠᠷᠢᠯᠳᠤᠳᠠᠭ ᠪᠠᠢ᠌ᠭᠰᠠᠨ ᠪᠣᠯᠬᠤᠷ ᠡᠷ᠎ᠡ ᠶᠢᠨ ᠰᠠᠢ᠌ᠨ ᠨᠢ ᠪᠦᠭᠡᠴᠢᠨ ᠪᠠᠢ᠌ᠵᠤ᠂ ᠣᠷᠳᠤᠰ ᠪᠦᠭᠡ ᠴᠤ ᠳᠤᠰᠬᠠᠢ ᠪᠦᠭᠡ ᠪᠠᠷᠢᠯᠳᠤᠬᠤ ᠦᠷᠭᠡᠨ ᠳᠠᠯᠠᠪᠠᠢ ᠭᠡᠷᠡᠭ᠍ᠰᠡᠭᠦ ᠦᠭᠡᠶ᠂ ᠬᠦᠩᠭᠡᠨ ᠱᠠᠯᠠᠮᠠᠭ ᠳᠠᠮᠢᠷ ᠤᠨ ᠭᠦᠳᠡᠯᠭᠡᠭᠡᠨ᠂ ᠭᠦᠦᠴᠦᠦᠯ ᠡᠷᠡᠴᠦᠦᠯ ᠤᠨ ᠭᠦᠴᠤ ᠳᠠᠮᠢᠷ ᠤᠨ ᠰᠤᠷᠢᠶᠠᠨ ᠪᠣᠯᠵᠤ ᠮᠠᠰᠢ ᠦᠷᠭᠡᠨ ᠶᠢᠡᠷ ᠳᠡᠯᠭᠡᠷᠡᠨ ᠭᠦᠭ᠍ᠵᠢᠵᠡᠢ᠃

     ᠳᠠᠢ᠌ᠯᠪᠣᠷᠢ᠄ ᠣᠷᠳᠤᠰ ᠪᠦᠭᠡ ᠶᠢᠨ ᠵᠤᠳᠤᠭ ᠤᠨ ᠣᠷᠤᠨ ᠳᠤ ᠪᠦᠰᠡ ᠭᠡᠷᠡᠭᠯᠡᠳᠡᠭ᠌ ᠪᠣᠯᠤᠭᠰᠠᠨ ᠳᠤᠬᠠᠢ ᠨᠢᠭᠡ ᠰᠠᠢ᠌ᠬᠠᠨ ᠳᠤᠮᠤᠭ ᠪᠠᠢ᠌ᠳᠠᠭ᠃ ᠳᠤᠮᠤᠭ ᠭᠡᠭᠦ ᠡᠴᠠ ᠥᠯᠢᠭᠡᠷ ᠲᠤ ᠭᠠᠷᠳᠠᠭ ᠪᠦᠭᠡ ᠨᠠᠮᠵᠢᠯ ᠭᠡᠵᠤ ᠬᠤᠯᠠ ᠤᠢ᠌ᠷ᠎ᠡ ᠳᠤ ᠠᠯᠳᠠᠷᠰᠢᠭᠰᠠᠨ ᠠᠪᠣᠷᠭᠤ ᠪᠦᠭᠡᠴᠢᠨ ᠦᠨᠡᠨ ᠪᠠᠢ᠌ᠭᠰᠠᠨ ᠢ ᠳᠠ ᠪᠦᠭᠦᠨ ᠴᠤ ᠳᠤᠭᠤᠯᠳᠠᠭᠰᠠᠨ ᠪᠠᠢ᠌ᠭ᠎ᠠ᠂ ᠬᠠᠷ᠎ᠠ ᠪᠠᠭ᠎ᠠ ᠡᠴᠠ ᠪᠠᠨ ᠰᠤᠤᠮᠠᠯ ᠲᠡᠶ ᠰᠢᠷᠤᠢ ᠳᠡᠭᠦᠵᠢᠯᠡᠨ ᠬᠠᠳᠠᠭᠤᠵᠢᠯᠳᠠᠢ ᠪᠣᠯᠪᠠᠰᠤᠷᠠᠭᠰᠠᠨ ᠳᠠᠷᠠ ᠪᠠᠷ ᠭᠠᠷ ᠡᠪᠦᠳᠦᠭ᠌ ᠶᠢᠡᠷ ᠶᠢᠡᠨ ᠰᠢᠨᠡᠭᠡᠨ ᠮᠤᠰᠭᠢᠭᠰᠠᠨ ᠴᠢᠳᠤᠷ ᠢ ᠳᠠᠰᠤᠯᠠᠵᠤ ᠮᠠᠯᠵᠢᠶ᠎ᠠ ᠬᠤᠠᠵᠢᠵᠤ ᠪᠣᠷᠤ ᠳᠠᠭ᠎ᠠ ᠣᠯᠤᠨ᠂ ᠳᠠᠪᠢ ᠳᠠᠪᠠᠭᠰᠠᠨ ᠨᠠᠰᠤᠨ ᠳᠠᠭᠠᠨ ᠴᠤ ᠳᠡᠭᠡᠷᠡᠮ᠎ᠡ ᠶᠢᠨ ᠪᠣᠯᠤ ᠶᠢ ᠭᠠᠭᠴᠠᠭᠠᠷ ᠶᠢᠡᠨ ᠡᠷᠭᠦᠵᠤ᠂ ᠳᠡᠭᠦᠨ ᠢ ᠪᠢᠰᠢᠷᠡᠳᠡᠭ᠌ ᠵᠠᠯᠠᠭᠤᠰ ᠢ ᠰᠤᠴᠢᠭᠠᠵᠤ ᠭᠠᠢ᠌ᠬᠠᠭᠤᠯᠤᠭᠰᠠᠨ ᠵᠡᠷᠭᠡ ᠠᠮᠠᠨ ᠥᠯᠢᠭᠡᠷ ᠤᠳ ᠠᠷᠠᠤᠨ ᠤᠨ ᠳᠤᠮᠳᠠ ᠠᠯᠢ ᠣᠯᠠᠨ ᠪᠠᠢ᠌ᠳᠠᠭ᠃ ᠶᠡᠭᠡ ᠭᠡᠪᠴᠢᠶᠡᠨ ᠤ ᠪᠦᠭᠡ ᠪᠠᠷᠢᠯᠳᠤᠯᠭ᠎ᠠ ᠳᠡᠭᠡᠷ᠎ᠡ ᠪᠦᠭᠡᠴᠢᠨ ᠨᠠᠮᠵᠢᠯ ᠲᠡᠶ ᠳᠠᠭᠠᠷᠠᠯᠳᠤᠭᠰᠠᠨ ᠸᠠᠩ ᠤᠨ ᠪᠦᠭᠡ᠂ ᠨᠠᠮᠵᠢᠯ ᠢ ᠣᠨᠠᠭᠠᠵᠤ ᠳᠡᠢ᠌ᠯᠭᠦ ᠦᠭᠡᠶ ᠪᠠᠨ ᠮᠠᠳᠠᠵᠤ ᠨᠠᠮᠵᠢᠯ ᠤᠨ ᠦᠮᠦᠳᠦ ᠶᠢᠨ ᠳᠠᠯᠠᠢ ᠶᠢ ᠨᠢ ᠳᠠᠰᠤᠯᠤᠨ ᠦᠮᠦᠳᠦ ᠶᠢ ᠨᠢ ᠭᠡᠭᠡᠯᠭᠡᠭᠦ ᠪᠣᠯᠠᠢ ᠠᠷᠭ᠎ᠠ ᠵᠠᠷᠤᠭᠰᠠᠨ ᠭᠡᠳᠡᠭ᠌᠃ ᠸᠠᠩ ᠤᠨ ᠪᠦᠭᠡ ᠨᠠᠮᠵᠢᠯ ᠤᠨ ᠦᠮᠦᠳᠦ ᠶᠢᠨ ᠳᠠᠯᠠᠢ ᠶᠢ ᠳᠠᠳᠠᠨ ᠳᠠᠰᠤᠯᠬᠤ ᠶᠢᠨ ᠳᠡᠷᠡᠭᠡᠨ ᠬᠤᠷᠤᠮ ᠳᠤ ᠨᠠᠮᠵᠢᠯ ᠬᠠᠷᠢᠨ ᠨᠢᠭᠡ ᠭᠠᠷ ᠶᠢᠡᠷ ᠶᠢᠡᠨ ᠸᠠᠩ ᠤᠨ ᠪᠦᠭᠡ ᠶᠢ ᠭᠦᠳᠡᠯᠦᠯ ᠦᠭᠡᠶ ᠳᠠᠷᠤᠵᠤ ᠵᠠᠪᠳᠤᠨ᠂ ᠨᠢᠭᠡ ᠭᠠᠷ ᠶᠢᠡᠷ ᠳᠡᠭᠡᠭ᠍ᠰᠢ ᠡᠷᠭᠦᠨ 《ᠬᠤᠷᠳᠤᠨ ᠪᠦᠰᠡ ᠠᠪᠴᠢᠷ᠎ᠠ︕》 ᠭᠡᠰᠡᠨ ᠭᠡᠵᠡᠭᠡᠳᠡᠭ᠌᠃

     3. ᠣᠷᠳᠤᠰ ᠪᠦᠭᠡ ᠶᠢᠨ ᠦᠪᠡᠷᠮᠢᠴᠠ ᠣᠠᠴᠠᠯᠢᠭ

     ᠳᠠᠢ᠌ᠯᠪᠣᠷᠢ᠄ ᠣᠷᠳᠤᠰ ᠪᠦᠭᠡ ᠶᠢ ᠪᠣᠰᠤᠳ ᠭᠠᠵᠠᠷ ᠣᠷᠤᠨ ᠤ ᠭᠢᠨ ᠵᠠᠳᠠᠭᠠᠢ ᠪᠦᠭᠡ ᠭᠡᠭᠦ ᠪᠣᠶᠤ ᠣᠶᠠᠭ᠎ᠠ ᠪᠦᠭᠡ ᠭᠡᠵᠤ ᠨᠡᠷᠡᠯᠡᠳᠡᠭ᠌᠃

     ᠵᠢᠷᠤᠭ᠄ ᠪᠦᠰᠡ ᠴᠢᠩᠭ᠋ᠠᠯᠠᠨ ᠪᠡᠯᠡᠳᠭᠡᠭᠦ

     ᠳᠠᠢ᠌ᠯᠪᠣᠷᠢ᠄ ᠣᠷᠳᠤᠰ ᠪᠦᠭᠡ ᠳᠤ ᠳᠠᠪᠤᠨ ᠳᠤᠬᠤᠢ ᠭᠠᠷᠤᠢ ᠣᠷᠳᠤ ᠬᠤᠶᠠᠷ ᠥᠩᠭᠡ ᠶᠢᠨ ᠳᠤᠷᠭᠠᠨ ᠪᠦᠰᠡ ᠶᠢ ᠪᠠᠷᠢᠯᠳᠤᠬᠤ ᠬᠤᠶᠠᠷ ᠪᠦᠭᠡᠴᠢᠨ ᠤ ᠵᠡᠭᠦᠨ ᠮᠦᠷᠤ ᠶᠢᠨ ᠳᠡᠭᠡᠭᠦᠷ ᠳᠤᠬᠤᠵᠤ᠂ ᠪᠠᠷᠠᠭᠤᠨ ᠭᠠᠷ ᠤᠨ ᠰᠤᠭᠤ ᠶᠢᠨ ᠳᠤᠤᠷ᠎ᠠ ᠨᠡᠢ᠌ᠯᠡᠭᠦᠯᠤᠨ ᠬᠠᠷᠢᠯᠴᠠᠨ ᠵᠡᠭᠦᠨ ᠭᠠᠷ ᠶᠢᠡᠷ ᠶᠢᠡᠨ ᠨᠢᠭᠡ ᠣᠷᠢᠶᠠᠨ ᠠᠳᠬᠤᠵᠤ (ᠵᠠᠩᠭᠢᠤᠠᠬᠤ ᠴᠢᠬᠤᠯᠠ ᠲᠡᠶ ᠪᠣᠯ ᠭᠡᠪᠠᠷᠡᠭ᠌ ᠵᠠᠩᠭᠢᠳᠤᠨ᠎ᠠ)᠂ ᠵᠡᠭᠦᠨ ᠮᠦᠷᠤᠨ ᠳᠡᠭᠡᠷᠡᠭᠢ ᠪᠦᠰᠡ ᠶᠢ ᠬᠠᠷᠢᠯᠴᠠᠨ ᠪᠠᠷᠠᠭᠤᠨ ᠭᠠᠷ ᠶᠢᠡᠷ ᠶᠢᠡᠨ ᠪᠠᠷᠢᠵᠤ ᠪᠠᠷᠢᠯᠳᠤᠬᠤ ᠪᠠᠷ ᠪᠡᠯᠡᠳᠭᠡᠳᠡᠭ᠌ ᠪᠠᠢ᠌ᠨ᠎ᠠ᠃ ᠪᠠᠷᠢᠯᠳᠤᠬᠤ ᠶᠠᠪᠣᠴᠠ ᠳᠤ ᠬᠤᠪᠴᠠᠰᠤᠨ ᠡᠴᠠ ᠪᠠᠷᠢᠬᠤ ᠪᠣᠶᠤ ᠭᠦᠯ ᠡᠴᠠ ᠨᠢ ᠳᠡᠪᠠᠷᠢᠭᠦ ᠵᠡᠷᠭᠡ ᠪᠣᠰᠤᠳ ᠪᠠᠷᠢᠴᠠ ᠶᠢ ᠪᠠᠷᠢᠵᠤ ᠪᠣᠯᠳᠠᠭ ᠦᠭᠡᠶ᠃ ᠪᠦᠰᠡ ᠨᠢ ᠰᠤᠯᠠᠷᠠᠵᠤ ᠳᠠᠭᠢᠨ ᠪᠠᠷᠢᠬᠤ ᠴᠢᠬᠤᠯᠠᠳᠠᠢ ᠦᠶᠡᠰ ᠪᠦᠭᠡ ᠳᠠᠯᠪᠢᠭᠴᠢ ᠡᠴᠠ ᠪᠠᠷᠢᠯᠳᠤᠯᠭ᠎ᠠ ᠶᠢ ᠵᠤᠭᠰᠤᠭᠠᠵᠤ᠂ ᠪᠦᠭᠡ ᠶᠢᠨ ᠪᠠᠷᠢᠴᠠ ᠶᠢ ᠳᠠᠭᠢᠨ ᠪᠠᠷᠢᠭᠤᠯᠤᠭᠰᠠᠨ ᠤ ᠳᠠᠷᠠᠭ᠎ᠠ ᠵᠠᠯᠭᠠᠵᠤ ᠪᠠᠷᠢᠯᠳᠤᠳᠠᠭ ᠰᠤᠨᠢᠬᠠᠨ ᠵᠢᠷᠤᠮᠯᠠᠯ ᠲᠡᠶ ᠨᠢᠭᠡ ᠵᠣᠢ᠌ᠯ ᠤᠨ ᠮᠤᠩᠭ᠋ᠤᠯ ᠪᠦᠭᠡ ᠪᠠᠢ᠌ᠭ᠎ᠠ᠃

     ᠵᠢᠷᠤᠭ᠄ 《ᠭᠦᠯ ᠤᠨ ᠬᠠᠰᠢᠯᠭ᠎ᠠ》 ᠲᠡᠶ ᠪᠦᠭᠡ ᠳᠠᠯᠪᠢᠬᠤ

     ᠳᠠᠢ᠌ᠯᠪᠣᠷᠢ᠄ ᠶᠡᠷᠦᠳᠡᠭᠡᠨ ᠰᠢᠯᠢ ᠶᠢᠨ ᠭᠤᠤᠯ ᠵᠡᠷᠭᠡ ᠭᠠᠵᠠᠷ ᠣᠷᠤᠨ ᠤ ᠪᠦᠭᠡ ᠳᠠᠯᠪᠢᠬᠤ ᠵᠠᠩᠰᠢᠯ ᠨᠢ᠂ ᠣᠶᠠᠩᠭ᠋ᠠᠳᠤ ᠰᠠᠢ᠌ᠬᠠᠨ ᠣᠷᠳᠤ ᠶᠢᠨ ᠳᠠᠭᠤᠤ ᠶᠢᠨ ᠠᠶᠠᠯᠠᠭᠤᠨ ᠭᠦᠭ᠍ᠵᠢᠮ ᠲᠡᠶ ᠬᠠᠪᠰᠤᠷᠭᠠᠨ ᠪᠦᠭᠡ ᠳᠠᠯᠪᠢᠨ᠂ ᠪᠦᠭᠡᠴᠦᠳ ᠮᠠᠭᠰᠢᠨ ᠬᠠᠷᠠᠢ᠌ᠨ ᠣᠨᠤᠭ᠎ᠠ ᠪᠦᠭᠡ ᠪᠠᠨ ᠣᠯᠵᠤ ᠪᠠᠷᠢᠯᠳᠤᠳᠠᠭ᠃ ᠣᠷᠳᠤᠰ ᠪᠦᠭᠡ ᠶᠢᠨ ᠪᠦᠭᠡ ᠳᠠᠯᠪᠢᠬᠤ ᠨᠢ ᠬᠠᠷᠢᠨ 《ᠭᠦᠯ ᠤᠨ ᠬᠠᠰᠢᠯᠭ᠎ᠠ》 ᠭᠡᠵᠤ ᠪᠠᠢ᠌ᠳᠠᠭ᠂ ᠳᠠᠷᠤᠢ ᠪᠦᠭᠡ ᠳᠠᠯᠪᠢᠭᠴᠢ ᠬᠤᠶᠠᠷ ᠳᠠᠯ᠎ᠠ ᠶᠢᠨ ᠮᠠᠭᠰᠢᠨ ᠭᠠᠷᠴᠤ ᠢᠷᠡᠭ᠍ᠰᠡᠨ ᠪᠦᠭᠡ ᠶᠢᠨ ᠪᠠᠷᠢᠴᠠ ᠶᠢ ᠨᠠᠷᠢᠨ ᠭᠢᠨᠠᠵᠤ ᠥᠵᠡᠭᠡᠳ᠂ ᠪᠠᠷᠠᠭᠤᠨ ᠭᠦᠯ ᠶᠢᠡᠨ ᠪᠠᠷᠢᠯᠳᠤᠬᠤ ᠬᠤᠶᠠᠷ ᠪᠦᠭᠡ ᠶᠢᠨ ᠳᠤᠮᠳᠠ ᠬᠠᠰᠢᠯᠭ᠎ᠠ ᠪᠣᠯᠭᠠᠨ ᠡᠷᠭᠦᠵᠤ ᠪᠠᠢ᠌ᠭᠰᠠᠨ ᠶᠢᠡᠨ ᠭᠦᠯ ᠶᠢᠡᠨ ᠪᠣᠴᠠᠭᠠᠨ ᠠᠪᠴᠤ ᠦᠨᠳᠦᠷ ᠳᠠᠭᠤᠨ ᠶᠢᠡᠷ 《ᠪᠦᠭᠡ ᠳᠠᠯᠪᠢᠪᠠ》 ᠭᠡᠵᠤ ᠵᠠᠷᠯᠠᠮᠠᠭᠴᠠ ᠰᠠ‍‌ᠶᠢ ᠡᠭᠢᠯᠡᠨ ᠪᠠᠷᠢᠯᠳᠤᠳᠠᠭ ᠨᠢ ᠪᠠᠰᠠ ᠥᠭᠡᠷ᠎ᠡ ᠭᠠᠵᠠᠷ ᠣᠷᠤᠨ ᠤ ᠮᠤᠩᠭ᠋ᠤᠯ ᠪᠦᠭᠡ ᠳᠤ ᠬᠠᠷᠠᠭᠳᠠᠳᠠᠭ ᠦᠭᠡᠶ ᠪᠠᠢ᠌ᠬ᠎ᠠ᠃

     ᠰᠢᠩᠭᠡᠭᠡᠯᠳᠡ᠄ ᠪᠦᠭᠡ ᠡᠭᠢᠯᠡᠭᠦ ᠢᠷᠦᠭᠡᠯ ᠪᠣᠶᠤ ᠪᠦᠭᠡ ᠶᠢᠨ ᠪᠣᠰᠤᠳ ᠢᠷᠦᠭᠡᠯ ᠊᠊᠊᠊᠊᠊᠊᠊᠊᠊᠊᠊᠊᠊᠊ ᠡᠰᠡᠭᠦᠯ᠎ᠡ ᠶᠠᠩ ᠳᠤᠯᠤᠭ᠎ᠠ ᠶᠢᠨ ᠵᠢᠷᠤᠭ

     ᠳᠠᠢ᠌ᠯᠪᠣᠷᠢ᠄ ᠣᠷᠳᠤ ᠶᠢᠨ ᠳᠠᠭᠤᠤ ᠶᠢᠨ ᠣᠶᠠᠩᠭ᠋ᠠᠳᠤ ᠠᠶᠠᠯᠠᠭᠤᠨ ᠡᠴᠠ ᠢᠯᠭᠠᠭᠳᠠᠬᠤ ᠨᠢ ᠢᠷᠦᠭᠡᠯ ᠤᠨ ᠭᠡᠯᠪᠠᠷᠢ ᠪᠠᠷ ᠪᠦᠭᠦᠳᠡ ᠪᠦᠭᠡ ᠶᠢᠨ ᠪᠠᠷᠢᠯᠳᠤᠯᠭ᠎ᠠ ᠶᠢᠨ ᠶᠠᠪᠣᠴᠠ ᠶᠢ ᠭᠦᠴᠡᠳᠭᠡᠳᠡᠭ᠌ ᠪᠣᠯ ᠪᠠᠰᠠᠴᠤ ᠣᠷᠳᠤᠰ ᠪᠦᠭᠡ ᠶᠢᠨ ᠨᠢᠭᠡᠨ ᠦᠪᠡᠷᠮᠢᠴᠠ ᠣᠠᠴᠠᠯᠢᠭ ᠪᠢᠯᠠ ᠭᠡᠵᠤ ᠳᠠᠷᠬᠠᠨ ᠪᠦᠭᠡ ᠬᠠᠳᠠᠭᠢᠨ ᠶᠠᠩ ᠳᠤᠯᠤᠭ᠎ᠠ ᠶᠠᠷᠢᠳᠠᠭ ᠪᠠᠢ᠌ᠯ᠎ᠠ᠃

     ᠨᠠᠢ᠌ᠷ ᠡᠷᠭᠢᠯᠡᠭ᠍ᠰᠡᠨ ᠡᠳᠡᠭᠡᠳ ᠡᠴᠠ ᠨᠠᠢ᠌ᠷ ᠪᠠ ᠪᠦᠭᠡ ᠶᠢᠨ ᠪᠠᠢ᠌ᠳᠠᠯ ᠢ ᠳᠤᠰᠬᠠᠨ 《ᠪᠦᠭᠡ ᠶᠢᠨ ᠵᠢᠭᠰᠠᠭᠠᠯ》 ᠊ᠤᠨ ᠢᠷᠦᠭᠡᠯ ᠭᠢᠳᠡᠭ᠌᠃ ᠮᠠᠲ᠋ᠸᠷᠢᠶᠠᠯ ᠤᠨ P6-P7 ᠳᠤ ᠪᠣᠢ᠃

     ᠵᠢᠷᠤᠭ᠄ ᠰᠢᠷᠤᠢ ᠶᠢᠨ ᠪᠦᠭᠡ ᠶᠢ ᠱᠠᠩᠨᠠᠬᠤ

     ᠳᠠᠢ᠌ᠯᠪᠣᠷᠢ᠄ ᠰᠢᠷᠤᠢ ᠶᠢᠨ ᠪᠦᠭᠡ ᠭᠡᠵᠤ ᠮᠠᠩᠯᠠᠢ ᠪᠦᠭᠡ ᠲᠡᠶ ᠠᠩᠬᠠᠨ ᠤ ᠣᠨᠤᠭᠠᠨ ᠳᠤ ᠳᠠᠭᠠᠷᠠᠯᠳᠤᠨ ᠤᠢ᠌ᠴᠢᠭᠰᠠᠨ ᠪᠦᠭᠡ ᠶᠢ ᠨᠡᠷᠡᠯᠡᠳᠡᠭ᠌᠃

     《ᠣᠮ ᠰᠠᠢ᠌ᠨ ᠠᠮᠤᠭᠤᠯᠠᠩ ᠳᠠᠨ ᠪᠣᠯᠳᠤᠭᠠᠢ

     ᠁

     ᠭᠦᠴᠤᠨ ᠰᠦᠷ ᠶᠢᠡᠷ ᠳᠡᠭᠦᠯᠳᠡᠷ

     ᠭᠦᠰᠢᠵᠤ ᠬᠠᠶᠠᠬᠤ ᠨᠢ ᠴᠢᠩᠭ᠎ᠠ

     ᠮᠠᠩᠯᠠᠢ ᠪᠦᠭᠡ ᠳᠤ ᠣᠴᠠᠷᠠᠭᠰᠠᠨ ᠦᠭᠡᠶ ᠪᠣᠯᠪᠠᠯ

     ᠮᠠᠭᠠᠤᠨ ᠳᠡᠷᠢᠭᠦᠯᠡᠨ᠎ᠡ ᠰᠢᠤ》 ᠮᠠᠲ᠋ᠸᠷᠢᠶᠠᠯ P13 ᠭᠡᠵᠤ ᠰᠢᠷᠤᠢ ᠶᠢᠨ ᠪᠦᠭᠡ ᠳᠤ ᠴᠠᠭᠠᠨ ᠢᠳᠡᠭᠡᠨ ᠠᠮᠰᠠᠭᠤᠯᠤᠨ ᠮᠢᠯᠢᠶᠠᠵᠤ ᠭᠡᠪ ᠤᠨ ᠴᠠᠢ ᠪᠣᠳᠠᠰ ᠶᠢᠡᠷ ᠮᠠᠩᠯᠠᠢ ᠪᠦᠭᠡ ᠲᠡᠶ ᠬᠠᠮᠳᠤ ᠱᠠᠩᠨᠠᠳᠠᠭ ᠡᠷᠭᠢᠮ ᠰᠠᠢ᠌ᠬᠠᠨ ᠶᠤᠰᠤ ᠪᠠᠢ᠌ᠳᠠᠭ ᠨᠢ ᠣᠷᠳᠤᠰ ᠪᠦᠭᠡ ᠶᠢᠨ ᠪᠠᠰᠠ ᠨᠢᠭᠡᠨ ᠦᠪᠢᠷᠮᠢᠴᠠ ᠣᠠᠴᠠᠯᠢᠭ ᠪᠣᠯᠤᠨ᠎ᠠ᠃ ᠡᠨᠡ ᠱᠠᠩᠨᠠᠯ ᠢ ᠵᠤᠷᠢᠭᠵᠢᠭᠤᠯᠤᠯ ᠤᠨ ᠱᠠᠩᠨᠠᠯ ᠭᠡᠳᠡᠭ᠌᠃

     ᠪᠦᠰᠡ ᠲᠡᠶ ᠪᠠᠷᠢᠯᠳᠤᠬᠤ᠂ 《ᠭᠦᠯ ᠤᠨ ᠬᠠᠰᠢᠯᠭ᠎ᠠ》 ᠲᠡᠶ ᠪᠦᠭᠡ ᠳᠠᠯᠪᠢᠬᠤ᠂ ᠢᠷᠦᠭᠡᠯ ᠶᠢᠡᠷ ᠭᠦᠢᠴᠡᠳᠭᠡᠭᠦ ᠪᠦᠭᠦ ᠶᠠᠪᠣᠴᠠ᠂ ᠰᠢᠷᠤᠢ ᠶᠢᠨ ᠪᠦᠭᠡ ᠶᠢᠨ ᠵᠤᠷᠢᠭᠵᠢᠭᠤᠯᠤᠯ ᠶᠢᠡᠷ ᠰᠠᠢ᠌ᠨ ᠰᠠᠢ᠌ᠬᠠᠨ ᠢ ᠨᠢ ᠵᠥᠩᠨᠡᠭᠦ ᠪᠣᠯ ᠣᠷᠳᠤᠰ ᠪᠦᠭᠡ ᠶᠢᠨ ᠪᠣᠰᠤᠳ ᠮᠤᠩᠭ᠋ᠤᠯ ᠪᠦᠭᠡ ᠡᠴᠠ ᠪᠠᠨ ᠢᠯᠭᠠᠷᠠᠬᠤ ᠭᠡᠪ ᠨᠠᠮᠪᠠ ᠪᠠᠢ᠌ᠭ᠎ᠠ᠃

     4. ᠣᠷᠳᠤᠰ ᠪᠦᠭᠡ ᠶᠢᠨ ᠮᠡᠷᠭᠡᠵᠢᠯ ᠮᠡᠭᠡ

     ᠳᠠᠢ᠌ᠯᠪᠣᠷᠢ᠄ ᠣᠷᠳᠤᠰ ᠪᠦᠭᠡ ᠶᠢᠨ ᠮᠡᠷᠭᠡᠵᠢᠯ ᠮᠡᠭᠡ ᠡᠴᠠ ᠣᠯᠠᠨ ᠠᠷᠪᠢᠨ ᠪᠠᠢ᠌ᠳᠠᠭ ᠪᠣᠯᠪᠠᠴᠤ ᠪᠣᠰᠤᠳ ᠮᠤᠩᠭ᠋ᠤᠯ ᠪᠦᠭᠡ ᠲᠡᠶ ᠪᠠᠨ ᠠᠳᠠᠯᠢᠬᠠᠨ ᠵᠥᠪᠭᠡᠨ ᠡᠷ᠎ᠡ ᠴᠢᠳᠠᠯ ᠤᠨ ᠰᠢᠯᠭᠠᠯᠴᠠᠭᠠᠨ ᠳᠠᠳᠤᠢ ᠪᠢᠰᠢ᠂ ᠮᠦᠨ ᠨᠢᠭᠡ ᠶᠤᠰᠤᠨ ᠤ ᠰᠦᠰᠦ ᠵᠤᠷᠢᠭ᠂ ᠳᠠᠭᠠᠭᠠᠮᠠᠭᠠᠢ ᠴᠢᠨᠠᠷ ᠤᠨ ᠰᠤᠷᠢᠯᠳᠠ ᠪᠦᠭᠡᠳ ᠣᠬᠠᠭᠠᠨ ᠪᠢᠯᠢᠭ᠌᠂ ᠣᠷ᠎ᠠ ᠮᠡᠷᠭᠡᠵᠢᠯ ᠤᠨ ᠮᠦᠷᠥᠢᠴᠡᠭᠡᠨ ᠪᠠᠢ᠌ᠭ᠎ᠠ ᠣᠴᠢᠷᠳᠠᠢ᠃ ᠳᠠᠢ᠌ᠮᠤ ᠪᠣᠯᠬᠤᠷ ᠵᠢᠠᠨ

     ᠣᠭᠰᠠᠷᠠᠭ᠎ᠠ ᠮᠡᠭᠡ᠂ ᠰᠡᠯᠪᠠᠭᠡ ᠮᠡᠭᠡ᠂ ᠬᠠᠷᠢᠭᠤ ᠮᠡᠭᠡ᠂ ᠬᠠᠭᠤᠷᠬᠤ ᠮᠡᠭᠡ

     ᠳᠠᠰᠢᠯᠭ᠎ᠠ᠂ ᠳᠡᠭᠡᠭᠡ᠂ ᠳᠡᠪᠰᠢᠯᠭᠡ᠂ ᠭᠤᠬ᠎ᠠ

     ᠳᠠᠮ ᠡᠷᠳᠡᠮ ᠶᠢᠡᠨ ᠬᠤᠤᠰᠯᠠᠭᠤᠯᠬᠤ ᠴᠢᠬᠤᠯᠠ᠃

     ᠡᠭᠦᠷᠭᠦ᠂ ᠭᠦᠰᠢᠭᠦ᠂ ᠮᠤᠰᠭᠢᠬᠤ᠂ ᠭᠠᠠᠵᠤᠭᠠᠯᠠᠬᠤ

     ᠳᠤᠭᠳᠤᠷᠬᠤ᠂ ᠳᠠᠷᠤᠬᠤ᠂ ᠡᠪᠦᠳᠦᠭᠯᠡᠭᠦ ᠭᠡᠳ

     ᠡᠪ ᠲᠡᠶ ᠴᠢᠳᠠᠪᠠᠯ ᠣᠷᠳᠤᠰ ᠪᠦᠭᠡ᠃

     5. ᠣᠷᠳᠤᠰ ᠪᠦᠭᠡ ᠶᠢᠨ ᠦᠨᠦᠳᠤᠷ ᠪᠠ ᠮᠠᠷᠭᠠᠰᠢ

     ᠭᠦᠳᠦᠯᠦᠭ᠍ᠴᠢ᠄ ᠣᠷᠳᠤᠰ ᠪᠦᠭᠡ ᠨᠢ ᠨᠤᠳᠤᠭ ᠣᠰᠤᠨ ᠳᠠᠭᠠᠨ ᠠᠯᠳᠠᠷ ᠮᠠᠠᠳᠤᠵᠤ᠂ ᠠᠷᠠᠤᠨ ᠣᠯᠠᠨ ᠳᠠᠭᠠᠨ ᠭᠦᠡᠳᠦᠯᠡᠭ᠍ᠳᠡᠳᠡᠭ᠌ ᠣᠯᠠᠨ ᠠᠷᠪᠢᠨ ᠰᠤᠳᠤᠨ ᠪᠦᠭᠡᠴᠢᠳ᠂ ᠳᠠᠷᠬᠠᠨ ᠠᠪᠣᠷᠭᠤ ᠨᠡᠷ ᠤᠨ ᠶᠢᠡᠨ ᠭᠦᠯᠦᠰᠤᠨ ᠳᠤᠰᠤᠯ᠂ ᠭᠦᠳᠡᠯᠮᠦᠷᠢ ᠶᠢᠨ ᠪᠦᠳᠦᠭᠡᠯ ᠶᠢᠡᠷ ᠨᠢᠭᠡᠨᠲᠡ ᠪᠠᠶ᠎ᠠ ᠪᠠᠨ ᠳᠠᠭᠠᠭᠠᠭᠰᠠᠨ ᠳᠠᠮᠢᠷ ᠤᠨ ᠭᠦᠳᠡᠯᠭᠡᠭᠡᠨ ᠪᠣᠯᠵᠤ ᠳᠤᠭᠳᠠᠨᠢᠭᠠᠤᠨ᠂ ᠣᠯᠠᠨ ᠣᠯᠤᠰ ᠤᠨ ᠨᠠᠭᠠᠳᠤᠮ ᠳᠤ ᠪᠠᠶ᠎ᠠ ᠪᠠᠨ ᠳᠠᠭᠠᠭᠠᠭᠰᠠᠨ ᠳᠤᠰᠬᠠᠢ ᠭᠡᠯᠪᠠᠷᠢ ᠪᠠᠷ ᠢᠯᠡᠷᠡᠭᠦ ᠪᠣᠯᠤᠭᠰᠠᠨ ᠳᠤ᠂ ᠣᠷᠳᠤᠰ ᠪᠦᠭᠡ ᠶᠢᠨ ᠳᠠᠷᠬᠠᠨ ᠠᠪᠣᠷᠭᠤ᠂ ᠳᠠᠢ᠌ᠴᠢᠨ ᠵᠠᠯᠭᠠᠮᠵᠢᠯᠠᠭᠴᠢ ᠨᠡᠷ ᠤᠨ ᠭᠢᠨᠢ ᠣᠢ᠌ᠯᠠᠰ ᠤᠨ ᠮᠦᠷ ᠨᠢ ᠦᠯᠵᠡᠢ ᠭᠡᠢ᠌ᠮᠦᠷᠢ ᠲᠡᠶ ᠪᠠᠢ᠌ᠭᠠᠰᠠᠢ ᠭᠡᠰᠡᠨ ᠰᠠᠢ᠌ᠬᠠᠨ ᠵᠦᠩᠨᠠᠯ ᠢ ᠭᠦᠡᠳᠦᠳᠭᠡᠨ ᠳᠡᠪᠰᠢᠭᠦᠯᠦᠶ᠎ᠡ︕

     ᠵᠢᠷᠤᠭ᠄

     ᠳᠠᠢ᠌ᠯᠪᠣᠷᠢ᠄ ᠦᠨᠦᠳᠤᠷ ᠣᠷᠳᠤᠰ ᠪᠦᠭᠡ ᠶᠢᠨ ᠭᠦᠭ᠍ᠵᠢᠯᠳᠡ ᠨᠢ ᠨᠢᠭᠡᠨᠲᠡ ᠠᠩᠬᠠᠨ ᠤ ᠠᠯᠬᠤᠮ ᠶᠢᠡᠨ ᠠᠮᠵᠢᠯᠳᠠᠳᠠᠢ ᠮᠦᠷᠳᠡᠭᠡᠨ ᠯᠠᠪᠳᠠᠭᠤᠨ ᠭᠢᠰᠭᠢᠵᠤ᠂ ᠣᠷᠳᠤᠰ ᠪᠦᠭᠡ ᠶᠢᠨ ᠨᠡᠢ᠌ᠭᠡᠮᠯᠢᠭ᠌ ᠪᠠᠢ᠌ᠭᠤᠯᠤᠭᠳᠠᠭᠰᠠᠨ ᠥᠪᠠᠳᠡᠭ᠍ᠰᠢ ᠬᠤᠷᠠᠯ ᠢ 2010 ᠣᠨ ᠤ11 ᠰᠠᠷ᠎ᠠ ᠶᠢᠨ 17 ᠊ᠤ ᠦᠯᠵᠡᠢ᠌ᠳᠤ ᠰᠠᠢ᠌ᠬᠠᠨ ᠡᠳᠦᠷ ᠣᠷᠳᠤᠰ ᠤᠨ ᠣᠳᠤᠭ ᠤᠨ ᠡᠮᠦᠨᠡᠳᠤ ᠬᠤᠰᠢᠭᠤᠨ ᠳᠤ ᠨᠡᠭᠡᠭᠡᠭ᠍ᠳᠡᠵᠤ᠂ ᠣᠳᠤᠭ ᠤᠨ ᠡᠮᠦᠨᠡᠳᠤ ᠬᠤᠰᠢᠭᠤᠨ ᠤ ᠰᠤᠶᠤᠯ ᠤᠨ ᠭᠦᠷᠢᠶᠡᠯᠡᠩ ᠳᠤ 《ᠪᠦᠭᠡ》 ᠨᠠᠷᠠᠳᠤ ᠰᠤᠶᠤᠯ ᠤᠨ ᠮᠤᠳᠤ ᠰᠠᠭᠤᠯᠭᠠᠵᠤ᠂ ᠣᠷᠳᠤᠰ ᠪᠦᠭᠡ ᠶᠢᠨ ᠵᠢᠮᠢᠰ ᠣᠯᠠᠢ᠌ᠨ ᠪᠣᠯᠪᠠᠰᠤᠷᠠᠬᠤ ᠶᠢ ᠪᠠᠯᠭᠡᠳᠡᠨ ᠵᠥᠩᠨᠡᠭ᠍ᠰᠡᠨ ᠪᠠᠢ᠌ᠭ᠎ᠠ᠃

     ᠦᠨᠳᠦᠰᠦᠳᠠᠨ ᠤ ᠪᠠᠨ ᠣᠯᠠᠮᠵᠢᠯᠠᠯᠳᠤ ᠰᠤᠶᠤᠯ ᠶᠢᠡᠨ ᠡᠷᠭᠢᠮᠯᠡᠨ ᠨᠠᠠᠳᠢᠩᠨᠠᠬᠤ ᠭᠦᠮᠦᠰ ᠣᠯᠠᠮ ᠶᠢᠡᠷ ᠣᠯᠠᠰᠢᠷᠠᠭᠰᠠᠨ ᠪᠠ ᠣᠷᠳᠤᠰ ᠬᠤᠳᠠ ᠪᠠᠨ ᠦᠨᠳᠦᠰᠦᠳᠠᠨ ᠤ ᠣᠠᠴᠠᠯᠢᠭᠳᠤ ᠰᠤᠶᠤᠯ ᠤᠨ ᠳᠤᠮᠤ ᠣᠷᠤᠨ ᠪᠣᠯᠭᠠᠨ ᠪᠦᠳᠦᠭᠡᠨ ᠪᠠᠢ᠌ᠭᠤᠯᠬᠤ ᠣᠷᠢᠶᠠᠯᠭ᠎ᠠ ᠶᠢᠨ ᠳᠤᠤᠷ᠎ᠠ 《ᠪᠦᠭᠡ ᠪᠠᠷᠢᠯᠳᠤᠬᠤ》 《ᠮᠤᠷᠢ ᠣᠷᠤᠯᠳᠤᠬᠤ》 ᠵᠡᠷᠭᠡ ᠮᠤᠩᠭ᠋ᠤᠯ ᠦᠨᠳᠦᠰᠦᠳᠠᠨ ᠤ ᠣᠯᠠᠮᠵᠢᠯᠠᠯᠳᠤ ᠪᠠᠶ᠎ᠠ ᠳᠠᠮᠢᠷ ᠤᠨ ᠭᠦᠳᠡᠯᠭᠡᠭᠡᠨ ᠴᠤ ᠣᠯᠠᠮ ᠡᠴᠠ ᠣᠯᠠᠮ ᠭᠦᠡᠳᠦᠳᠭᠡᠭ᠍ᠳᠡᠨ ᠴᠢᠬᠤᠯᠴᠢᠯᠠᠭᠳᠠᠵᠤ ᠪᠠᠢ᠌ᠨ᠎ᠠ᠃

     ᠳᠡᠷᠢᠭᠦᠨ᠂ ᠳᠠᠳ᠋ ᠪᠦᠭᠡ ᠶᠢᠨ ᠱᠠᠩ ᠳᠤ ᠡᠮᠡᠭᠡᠯᠳᠤ ᠮᠤᠷᠢ᠂ ᠬᠠᠳᠠᠭ᠂ ᠴᠠᠢ ᠡᠴᠠ ᠳᠡᠷᠢᠭᠦᠯᠡᠨ ᠭᠦᠡᠳᠤ ᠱᠠᠩᠨᠠᠯ ᠣᠯᠭᠤᠬᠤ ᠪᠠ ᠱᠠᠩᠨᠠᠯ ᠤᠨ ᠪᠣᠳᠠᠰ ᠢ ᠳᠠᠰ ᠳᠠᠰ ᠶᠢᠡᠷ ᠪᠠᠭᠠᠰᠬᠠᠳᠠᠭ ᠪᠠᠢ᠌ᠯ᠎ᠠ᠂ ᠬᠠᠮᠤᠭ ᠤᠨ ᠶᠡᠭᠡ ᠪᠠᠯᠡᠭ᠌ ᠲᠤ ᠯᠤᠪᠰᠠᠩᠴᠣᠢ᠌ᠳᠠᠨ ᠤ ᠭᠡᠯᠡᠭ᠍ᠰᠡᠨ ᠮᠠᠳᠤ ᠶᠢᠨ ᠶ‍ᠢᠰᠤ ᠶ‍ᠢᠰᠤ ᠶᠢᠨ ᠨᠠᠶᠠᠨ ᠨᠢᠭᠡᠨ ᠪᠠᠯᠡᠭ᠌ ᠱᠠᠩ ᠭᠦᠷᠳᠡᠭᠡᠵᠤ ᠪᠠᠢ᠌ᠭᠰᠠᠨ ᠪᠦᠭᠡᠳ ᠮᠦᠩᠭᠦᠨ ᠪᠣᠢ᠌ᠯᠠ ᠲᠡᠶ ᠴᠠᠭᠠᠨ ᠳᠡᠮᠡᠭᠡ ᠣᠷᠤᠯᠴᠠᠭᠤᠯᠤᠨ ᠥᠭ᠍ᠴᠤ ᠪᠠᠢ᠌ᠭᠰᠠᠨ ᠳᠡᠮᠳᠡᠭᠯᠡᠯ ᠪᠣᠢ ᠨᠢ ᠭᠡᠳᠦᠢ ᠴᠤ ᠰᠡᠳᠭᠢᠯ ᠰᠡᠷᠭᠦᠭᠡᠮᠡᠷ ᠰᠠᠢ᠌ᠬᠠᠨ ᠮᠦᠷᠦᠭᠡᠳᠦᠯ ᠪᠢᠯᠠ᠃

     ᠵᠢᠷᠤᠭ᠄ ᠵᠠᠩᠭᠢᠶ᠎ᠠ ᠲᠡᠶ ᠪᠦᠭᠡ᠂ ᠥᠩᠭᠡ ᠢᠯᠭᠠᠷᠠᠭᠰᠠᠨ ᠳᠤᠷᠭᠠᠨ ᠪᠦᠰᠡ᠂ ᠨᠢᠰᠤᠩᠬᠠᠢ ᠵᠢᠭᠠᠯ

     ᠪᠠᠭ᠎ᠠ ᠪᠠᠯᠴᠢᠷ ᠬᠡᠦᠬᠡᠳ ᠨᠠᠰᠤᠨ ᠳᠠᠭᠠᠨ ᠪᠦᠭᠡ ᠶᠢᠨ ᠮᠦᠷᠥᠢᠴᠡᠭᠡᠨ ᠳᠤ ᠳᠠᠭᠤᠰᠳᠠᠯ᠎ᠠ ᠰᠠᠭᠤᠳᠠᠭ ᠨᠢ ᠪᠦᠭᠡᠴᠢᠳ ᠤᠨ ᠮᠠᠭᠰᠢᠨ ᠮᠠᠭᠰᠢᠨ ᠬᠠᠷᠠᠢ᠌ᠵᠤ ᠠᠳᠬᠤ ᠠᠳᠬᠤ ᠰᠢᠭᠢᠷ ᠴᠢᠪᠠᠭ᠎ᠠ ᠰᠢᠳᠠᠨ ᠰᠢᠳᠠᠨ ᠥᠭ᠍ᠳᠡᠭ᠌ ᠲᠤᠨᠢ ᠪᠣᠯᠵᠤ ᠪᠠᠢ᠌ᠭᠰᠠ ᠮᠢᠨᠢ ᠦᠨᠡᠨ᠂ ᠳᠡᠭᠡᠭᠡᠳ ᠬᠠᠮᠤᠭ ᠤᠨ ᠨᠢᠯᠬ᠎ᠠ ᠪᠠᠭᠤᠷᠠᠢ᠌ᠬᠠᠨ ᠪᠠᠶ᠎ᠠ ᠪᠠᠷ ᠪᠠᠨ ᠰᠢᠭᠢᠷ ᠴᠢᠪᠠᠭ᠎ᠠ ᠳᠠᠮᠠᠢ ᠪᠣᠯᠢᠶᠠᠯᠳᠤᠨ ᠣᠯᠵᠤ ᠳᠡᠢ᠌ᠯᠭᠦ ᠦᠭᠡᠶ ᠳᠦᠷᠢ ᠲᠡᠶ ᠶᠢ ᠮᠢᠨᠢ ᠠᠩᠵᠠᠷᠠᠭᠠᠤᠨ ᠠᠳᠬᠤ ᠳᠦᠭᠦᠷᠡᠩ ᠰᠢᠭᠢᠷ ᠴᠢᠪᠠᠭ᠎ᠠ ᠠᠳᠬᠤᠭᠤᠯᠤᠭᠠᠤᠨ ᠦᠰᠦᠷᠤᠨ ᠬᠠᠷᠠᠢ᠌ᠨ ᠣᠳᠬᠤ ᠪᠦᠭᠡᠴᠢᠨ ᠠᠬ᠎ᠠ ᠶᠢᠨ ᠬᠣᠢ᠌ᠨ᠎ᠠ ᠡᠴᠠ ᠨᠢ ᠰᠢᠷᠳᠠᠨ ᠳᠠᠷᠠ ᠰᠠᠢ᠌ᠬᠠᠨ ᠳᠤᠷᠳᠤᠩ ᠪᠦᠰᠡ ᠰᠢᠭ᠌ ᠳᠤᠷᠭ᠎ᠠ ᠪᠠᠷ ᠭᠡᠵᠢᠭᠡᠨ ᠤ ᠣᠷᠢᠶᠠᠯᠳᠠ ᠪᠣᠯᠭᠠᠪᠠᠯ ᠪᠢ ᠴᠤ ᠠᠢ᠌ᠯ ᠤᠨ ᠡᠭᠡᠴᠢ ᠰᠢᠭ᠌ ᠭᠤᠶᠤ ᠪᠣᠯᠴᠢᠬᠠᠬᠤ ᠪᠠᠢ᠌ᠬ᠎ᠠ ᠭᠡᠵᠤ ᠭᠦᠰᠡᠯ ᠳᠡᠭᠡᠨ ᠭᠦᠳᠦᠯᠦᠭ᠍ᠳᠡᠳᠡᠭ᠌ ᠶᠢᠡᠨ ᠴᠤ ᠶᠠᠭᠤᠨ ᠳᠤ ᠨᠢᠭᠤᠬᠤᠪ ᠳ᠋ᠠ︕ ᠬᠠᠶᠠ ᠵᠠᠷᠢᠮ ᠳᠠᠭᠠᠨ ᠨᠠᠪᠰᠠᠯᠵᠠᠭᠤᠯᠤᠭᠰᠠᠨ ᠣᠯᠠᠨ ᠳᠤᠷᠭ᠎ᠠ ᠳᠤᠷᠳᠤᠩ ᠤᠨ ᠴᠤᠭᠤᠳᠠᠰᠤ ᠲᠡᠶ ᠵᠠᠩᠭᠢᠶ᠎ᠠ ᠵᠡᠭᠦᠭ᠍ᠰᠡᠨ ᠪᠦᠭᠡ ᠳᠠᠭᠠᠷᠠᠯᠳᠤᠬᠤ ᠳᠤ ᠶᠠᠭ ᠨᠢᠭᠡ ᠶᠢ ᠨᠢ ᠳᠠᠰᠤᠳᠠᠵᠤ ᠠᠪᠣᠭᠠᠤᠨ ᠭᠡᠵᠢᠭᠡ ᠪᠠᠨ ᠣᠷᠢᠶᠠᠮᠠᠷ ᠰᠠᠨᠠᠭᠳᠠᠳᠠᠭ ᠴᠤ ᠪᠠᠢ᠌ᠭᠰᠠᠨ ᠶᠢᠠᠨ᠂ ᠭᠡᠵᠢᠶ᠎ᠡ ᠬᠤᠵᠢᠮ ᠨᠢ ᠵᠠᠩᠭᠢᠶ᠎ᠠ ᠪᠣᠯ ᠳᠠᠳᠠᠨ ᠤ ᠪᠠᠷᠢᠯᠳᠤᠭᠠᠨ ᠤ ᠠᠮᠵᠢᠯᠳᠠ ᠶᠢᠨ ᠭᠢᠨᠢ ᠭᠡᠷᠡᠴᠢ ᠪᠠᠳᠤᠯᠠᠪᠣᠷᠢ᠂ ᠭᠡᠢ ᠮᠤᠷᠢ ᠰᠦᠯᠳᠡ ᠶᠢᠨ ᠭᠢᠨᠢ ᠪᠠᠯᠭᠡ ᠳᠡᠮᠳᠡᠭ᠌ ᠪᠣᠯᠬᠤ ᠶᠢ ᠣᠢ᠌ᠯᠠᠭᠠᠵᠤ᠂ ᠨᠠᠯᠢᠶᠠᠤᠨ ᠣᠳᠠᠭᠠᠨ ᠤ ᠨᠠᠷ᠎ᠠ ᠴᠤᠤᠳᠠᠢ ᠪᠠᠷᠢᠯᠳᠤᠭᠠᠨ ᠳᠤ ᠳ᠋ᠤᠭᠠᠷ ᠣᠯᠵᠤ ᠢᠯᠠᠵᠤ ᠪᠠᠢ᠌ᠮᠠᠠᠵᠢᠨ ᠣᠯᠳᠠᠭ ᠢᠷᠠᠭᠤ ᠠᠯᠳᠠᠷ ᠨᠢ ᠮᠦᠨ ᠭᠡᠵᠤ ᠮᠡᠳᠡᠭᠡᠳ ᠰᠡᠮᠡᠭᠡᠷ ᠪᠠᠶ᠎ᠠ ᠪᠠᠨ ᠢᠨᠢᠶᠠᠵᠤ ᠴᠤ ᠪᠠᠢ᠌ᠭᠰᠠᠨ᠃ ᠳᠠᠷᠠ ᠴᠠᠭ ᠲᠤ ᠭᠡᠪ ᠤᠨ ᠴᠠᠢ᠂ ᠳᠠᠪᠠᠯ ᠤᠨ ᠳᠤᠷᠭ᠎ᠠ ᠳᠡᠭᠡᠳᠤ ᠱᠠᠩᠨᠠᠯ ᠪᠠᠢ᠌ᠭᠰᠠᠨ ᠭᠡᠭᠦ ᠳᠤ ᠭᠦᠮᠦᠰ ᠤᠨ ᠰᠡᠳᠭᠢᠯ ᠵᠢᠷᠦᠭᠡᠨ ᠡᠴᠠ ᠢᠷᠡᠭ᠍ᠰᠡᠨ ᠪᠢᠰᠢᠷᠠᠯ ᠭᠦᠡᠳᠦᠳᠭᠡᠯ ᠳᠡᠭᠦᠨ ᠡᠴᠠ ᠴᠤ ᠭᠦᠡᠳᠤ ᠪᠠᠯᠡᠭ᠌ ᠪᠠᠢ᠌ᠭᠰᠠᠨ ᠭᠡᠳᠡᠭ᠌᠃ ᠨᠤᠳᠤᠭ ᠤᠨ ᠮᠢᠨᠢ ᠠᠪᠣᠷᠭᠤ ᠪᠦᠭᠡᠴᠢᠨ ᠢ ᠳᠤᠮᠤᠴᠤᠤᠯ 《ᠠᠪᠣ ᠶᠢᠨ ᠭᠦᠤ ᠠ᠊·ᠷᠢᠠᠴᠢᠨ》 ᠭᠡᠳ ᠶᠠᠷᠢᠬᠤ ᠲᠡᠶ ᠵᠡᠷᠭᠡ ᠶᠤᠰᠤᠳᠠᠢ ᠯᠠ ᠣᠳᠤ ᠶᠢᠨ ᠬᠡᠦᠬᠡᠳ ᠤᠨ ᠵᠥᠴᠦᠭᠡ ᠲᠤ ᠭᠠᠷᠳᠠᠭ 《ᠪᠦᠭᠦᠨ ᠢ ᠴᠢᠳᠠᠭᠴᠢ ᠠᠪᠣᠷᠭᠤ ᠭᠦᠮᠤᠨ》 ᠊ᠤ ᠳᠦᠷᠢ ᠮᠠᠨᠤᠰ ᠤᠨ ᠰᠡᠳᠭᠢᠯ ᠳᠤ ᠱᠤᠭᠤᠭᠳᠠᠳᠠᠭ ᠪᠠᠢ᠌ᠯ᠎ᠠ᠃

     ᠵᠢᠷᠤᠭ᠄ ᠱᠠᠩᠨᠠᠯ ᠭᠦᠭᠢᠭᠦᠯᠦᠯ ᠣᠯᠭᠤᠬᠤ

     ᠳᠠᠢ᠌ᠯᠪᠣᠷᠢ᠄ ᠣᠷᠴᠢᠮ ᠤᠨ ᠵᠢᠯ ᠤᠨ ᠪᠦᠭᠡ ᠶᠢᠨ ᠣᠢ᠌ᠯᠠᠰ ᠤᠨ ᠭᠦᠭ᠍ᠵᠢᠯᠳᠡ ᠮᠠᠰᠢ ᠢᠯᠠᠳᠳᠠ ᠮᠦᠷᠳᠡᠭᠡᠨ ᠪᠣᠳᠠᠳᠠᠢ ᠪᠠᠢ᠌ᠭ᠎ᠠ ᠶᠢ ᠨᠢ ᠪᠦᠭᠡ ᠶᠢᠨ ᠱᠠᠩᠨᠠᠯ ᠭᠦᠭᠢᠭᠦᠯᠦᠯ ᠡᠴᠠ ᠢᠯᠡᠭᠡᠨ ᠮᠡᠳᠡᠭ᠍ᠳᠡᠨ᠎ᠡ᠃ ᠵᠠᠩᠭᠢᠶᠠᠳᠤ ᠪᠦᠭᠡ ᠶᠠᠪᠣᠭᠰᠠᠨ ᠨᠢᠭᠡ ᠨᠠᠢ᠌ᠵᠠ ᠶᠢᠨ ᠴᠠᠢ᠌ᠯᠭᠠᠬᠠᠨ ᠶᠠᠷᠢᠶ᠎ᠠ ᠳᠤᠳᠤᠬᠠᠨ ᠰᠤᠨᠤᠰᠳᠠᠨ᠎ᠠ᠄ 《ᠶᠠᠷᠤ ᠡᠴᠠ ᠤᠢ᠌ᠴᠢᠵᠤ ᠥᠩᠭᠡᠷᠡᠭ᠍ᠰᠡᠨ ᠦᠭᠡᠶ ᠭᠢᠯᠠᠷᠠᠭᠤᠯᠵᠤ ᠪᠠᠢ᠌ᠭᠰᠠᠨ ᠳᠠᠷᠠ ᠴᠠᠭ ᠲᠤ ᠱᠠᠩᠨᠠᠯ ᠭᠡᠭ᠍ᠴᠢ ᠰᠠᠢ᠌ᠨ ᠠᠪᠳᠠᠭ ᠪᠠᠢ᠌ᠭᠰᠠᠨ᠂ ᠭᠦᠡᠵᠢᠯᠡᠨ ᠳᠤᠷᠭ᠎ᠠ᠂ ᠭᠡᠪ ᠤᠨ ᠴᠠᠢ᠂ ᠬᠠᠭᠤᠷᠮᠠᠭ ᠮᠦᠩᠭᠦᠨ ᠠᠶᠠᠭ᠎ᠠ ᠭᠡᠴᠢᠨᠡᠨ ᠴᠤ ᠠᠪᠳᠠᠭ ᠪᠠᠢ᠌ᠯ᠎ᠠ᠂ ᠬᠠᠮᠤᠭ ᠤᠨ ᠶᠡᠭᠡ ᠨᠢ ᠮᠢᠩᠭ᠋ᠠᠨ ᠳᠦᠭᠦᠷᠡᠭ᠌ ᠣᠯᠤᠭᠰᠠᠨ᠂ ᠪᠠᠰᠠᠴᠤ ᠬᠠᠮᠤᠭ ᠰᠡᠭᠦᠯ ᠤᠨ ᠣᠳᠠᠭ᠎ᠠ ᠪᠠᠢ᠌ᠬ᠎ᠠ᠂ ᠠᠯᠪᠠ ᠠᠵᠢᠯ ᠭᠡᠵᠤ ᠶᠠᠭᠠᠷᠠᠬᠤ ᠳᠤᠳᠤᠮ ᠭᠦᠳᠡᠯᠦᠯ ᠦᠭᠡᠶ ᠰᠠᠭᠤᠬᠤ ᠴᠠᠭ ᠨᠢ ᠨᠡᠮᠡᠭ᠍ᠳᠡᠭᠦᠯᠡᠷ ᠪᠣᠯᠪᠠᠰᠤᠷᠠᠵᠤ ᠴᠢᠩᠭ᠋ᠠᠷᠠᠭᠰᠠᠨ ᠪᠤᠯᠴᠢᠭ᠌ ᠰᠢᠷᠪᠣᠰᠤ ᠪᠣᠯᠪᠠᠷᠠᠢ ᠴᠠᠭᠠᠨ ᠥᠭᠡᠭᠦ ᠮᠢᠬ᠎ᠠ ᠪᠣᠯᠵᠤ᠂ ᠨᠠᠰᠤ ᠨᠡᠮᠡᠭ᠍ᠳᠡᠵᠤ ᠳᠡᠩᠭᠡᠭᠡ ᠰᠤᠯᠠᠷᠠᠯ᠎ᠠ᠃ ᠬᠠᠷᠢᠨ ᠨᠠᠰᠤᠨ ᠤ ᠵᠠᠯᠠᠭᠤ ᠳᠤ ᠳᠠᠭᠠᠭᠤᠯᠵᠤ ᠭᠠᠷᠭᠠᠭᠰᠠᠨ ᠪᠢᠴᠢᠬᠠᠨ ᠪᠢᠴᠢᠬᠠᠨ ᠬᠡᠦᠬᠡᠳ ᠱᠠᠪᠢᠨᠠᠷ ᠮᠢᠨᠢ ᠣᠳᠤ ᠪᠦᠷ ᠭᠠᠵᠠᠷ ᠭᠠᠵᠷ ᠤᠨ ᠪᠦᠭᠡ ᠶᠢᠨ ᠨᠠᠭᠠᠳᠤᠮ ᠳᠤ ᠱᠠᠩ ᠭᠦᠷᠳᠡᠭᠦ ᠳᠤ ᠪᠢ ᠳᠤᠩ ᠪᠠᠶᠠᠰᠳᠠᠭ᠃》

     ᠭᠦᠳᠦᠯᠦᠭ᠍ᠴᠢ᠄ ᠣᠳᠤ ᠶᠢᠨ ᠪᠦᠭᠡ ᠶᠢᠨ ᠱᠠᠩ ᠭᠦᠭᠢᠭᠦᠯᠦᠯ ᠨᠢ ᠲᠦᠮᠡ ᠶᠢᠨ ᠳᠤᠭᠠᠳᠤ ᠶᠤᠸᠠᠨ ᠶᠢᠡᠷ ᠭᠡᠯᠡᠯᠴᠡᠳᠡᠭ᠌ ᠪᠣᠯᠵᠤ᠂ ᠳᠡᠷᠭᠡ ᠮᠠᠰᠢᠨ ᠤ ᠳᠤᠮᠤ ᠱᠠᠩ ᠳᠠᠯᠪᠢᠳᠠᠭ ᠨᠢ ᠴᠤ ᠰᠤᠨᠢᠨ ᠪᠢᠰᠢ ᠪᠠᠢ᠌ᠬ᠎ᠠ᠃ ᠳᠡᠭᠡᠭᠡᠳ ᠴᠢᠨᠠᠭᠰᠢᠯᠠᠨ ᠣᠷᠳᠤᠰ ᠪᠦᠭᠡ ᠨᠢ ᠨᠢᠭᠡᠨ ᠵᠣᠢ᠌ᠯ ᠤᠨ ᠪᠦᠭᠦ ᠠᠷᠠᠤᠨ ᠤᠨ ᠪᠠᠶ᠎ᠠ ᠮᠠᠬᠠᠠᠪᠣᠤᠨ ᠶᠢᠡᠨ ᠴᠢᠭᠢᠷᠠᠭᠵᠢᠭᠤᠯᠬᠤ ᠳᠠᠮᠢᠷ ᠤᠨ ᠭᠦᠳᠡᠯᠭᠡᠭᠡᠨ ᠤ ᠬᠤᠪᠢ ᠪᠠᠷ ᠳᠦᠭᠡᠮᠡᠯᠵᠢᠵᠤ᠂ ᠰᠤᠷᠭᠠᠭᠤᠯᠢ ᠶᠢᠨ ᠭᠡᠴᠢᠶᠡᠯ ᠤᠨ ᠠᠭᠤᠯᠭ᠎ᠠ ᠳᠤ ᠪᠠᠭᠳᠠᠨ ᠣᠷᠤᠬᠤ ᠪᠣᠯᠤᠭᠰᠠᠨ ᠡᠴᠠ ᠪᠠᠶ᠎ᠠ ᠳᠠᠮᠢᠷ ᠤᠨ ᠳᠤᠰᠬᠠᠢ ᠮᠡᠷᠭᠡᠵᠢᠯ ᠤᠨ ᠰᠤᠷᠭᠠᠭᠤᠯᠢ᠂ ᠪᠣᠯᠪᠠᠰᠤᠷᠠᠯ᠂ ᠣᠷᠤᠯᠳᠤᠭᠠᠨ ᠣᠯᠠᠨ ᠣᠳᠠᠭ᠎ᠠ ᠡᠷᠭᠢᠯᠡᠭ᠍ᠳᠡᠨ ᠶᠠᠪᠣᠭᠳᠠᠵᠤ᠂ ᠣᠯᠤᠰ ᠣᠷᠤᠨ ᠳᠤ ᠪᠠᠨ ᠮᠠᠰᠢ ᠣᠯᠠᠨ ᠳᠠᠮᠢᠷᠴᠢᠨ ᠢ ᠭᠦᠮᠦᠵᠢᠭᠦᠯᠤᠨ ᠭᠠᠷᠭᠠᠵᠤ᠂ ᠳᠡᠯᠡᠭᠡᠢ ᠶᠢᠨ ᠭᠡᠪᠴᠢᠶᠡᠨ ᠳᠤ ᠴᠤ ᠮᠠᠨ ᠤ ᠣᠯᠤᠰ ᠤᠨ ᠨᠠᠷ᠎ᠠ ᠠᠯᠳᠠᠷ ᠢ ᠨᠢ ᠮᠠᠠᠳᠤᠭᠤᠯᠤᠭᠰᠠᠭᠠᠷ ᠢᠷᠠᠵᠠᠢ᠃

     ᠣᠷᠳᠤᠰ ᠪᠦᠭᠡ ᠶᠢᠨ ᠮᠠᠷᠭᠠᠰᠢ ᠨᠠᠩ ᠰᠠᠷᠠᠭᠤᠯ᠂ ᠨᠠᠩ ᠦᠷᠭᠡᠨ ᠪᠣᠯᠵᠤ᠂

     ᠣᠷᠳᠤᠰ ᠪᠦᠭᠡᠴᠢᠳ ᠤᠨ ᠮᠠᠨᠢ ᠭᠡᠢ᠌ᠮᠦᠷᠢ ᠰᠦᠯᠳᠡ ᠨᠠᠩ ᠮᠠᠠᠳᠤᠵᠤ᠂ ᠨᠠᠩ ᠣᠯᠠᠨ ᠵᠠᠯᠭᠠᠮᠵᠢᠯᠠᠭᠴᠢ ᠲᠡᠶ ᠪᠣᠯᠬᠤ ᠶᠢ ᠢᠳᠡᠭᠡᠨ ᠪᠠᠯᠭᠡᠳᠡᠵᠤ

     ᠥᠵᠡᠭ᠍ᠴᠢ ᠳᠠ ᠪᠦᠭᠦ ᠳᠡᠭᠡᠨ ᠠᠵᠠ ᠵᠢᠷᠭᠠᠨ ᠰᠠᠢ᠌ᠨ ᠰᠠᠢ᠌ᠬᠠᠨ ᠢ ᠣᠷᠢᠨ ᠭᠦᠰᠡᠵᠤ᠂ ᠡᠨᠡ ᠣᠳᠠᠭᠠᠨ ᠤ ᠳᠤᠰᠬᠠᠢ ᠳ᠋ᠤᠭᠠᠷ ᠶᠢᠡᠨ ᠥᠡᠳᠦᠷᠯᠡᠭᠦᠯᠦᠶ᠎ᠡ︕


              2011-01-19 ᠳ᠋ᠤ ᠨᠤᠤᠷᠠᠭᠯᠠᠪᠠ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ

ᠵᠤᠬᠢᠶᠠᠭᠴᠢ᠄ ᠭᠠᠯᠪᠢᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 15238
ᠴᠠᠭ᠄ 2011 ᠤᠨ ᠤ 03 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ