ᠨᠡᠪᠲᠡᠷᠡᠨ ᠤᠷᠤᠬᠤ
ᠨᠥᠮᠵᠦᠭ᠌ ᠬᠠᠢ᠌ᠷ᠎ᠠ ᠶᠢᠨ ᠡᠮᠵᠡᠭᠯᠡᠯ

ᠰᠠᠢ᠌ᠬᠠᠨ ᠴᠢ ᠮᠢᠨᠢ ᠰᠡᠳᠭᠢᠯ ᠤᠨ ᠴᠢᠮᠡᠭ᠌  

ᠰᠠᠨᠠᠭ᠎ᠠ ᠪᠣᠳᠤᠯᠭ᠎ᠠ ᠡᠴᠡ ᠭᠠᠷᠳᠠᠭ ᠦᠭᠡᠶ᠂   

ᠭᠤᠶᠤᠬᠠᠨ ᠴᠢ ᠮᠢᠨᠢ ᠵᠢᠷᠦᠭᠡᠨ ᠤ ᠴᠢᠮᠡᠭ᠌  

ᠭᠣᠢ᠌ᠪᠢᠰᠢ ᠦᠭᠡᠶ ᠬᠠᠢ᠌ᠷ᠎ᠠ ᠶᠢᠨ ᠱᠠᠩᠳᠠᠭᠤᠷᠠᠯ᠃   

ᠡᠳᠦᠷ ᠤᠨ ᠪᠣᠳᠤᠯ ᠳᠤ ᠳᠠᠩᠳᠠ ᠡᠷᠭᠢᠴᠡᠭᠦᠯᠦᠭ᠍ᠳᠡᠵᠤ  

ᠰᠦᠨᠢ ᠶᠢᠨ ᠵᠡᠭᠦᠳᠤᠨ ᠳᠤ ᠪᠠᠢ᠌ᠩᠭ᠋ᠤ ᠬᠤᠨᠤᠭᠰᠢᠨ᠎ᠠ᠂   

ᠡᠨᠡ ᠬᠤᠷᠸ᠎ᠠ ᠶᠢᠨ ᠭᠣᠢ᠌ᠪᠠᠷᠬᠠᠨ ᠭᠡᠦᠭᠡᠨ  

ᠰᠦᠨᠤᠰᠢ ᠦᠭᠡᠶ ᠬᠠᠢ᠌ᠷ᠎ᠠ ᠶᠢᠨ ᠪᠦᠷᠢᠯᠸ᠎ᠡ᠃   

ᠬᠠᠢ᠌ᠷᠠᠯᠠᠵᠤ ᠰᠠᠨᠠᠭᠰᠠᠨ ᠴᠢᠮ᠎ᠠ ᠶᠢ ᠪᠠᠨ ᠬᠠᠷᠠᠮᠨᠠᠵᠤ  

ᠬᠠᠷᠢ ᠭᠦᠮᠤᠨ ᠡᠴᠡ ᠰᠡᠷᠭᠡᠢ᠌ᠯᠡᠳᠡᠭ᠌ ᠪᠠᠢ᠌ᠯ᠎ᠠ᠂   

ᠬᠠᠢ᠌ᠷᠠᠯᠠᠳᠠᠭ ᠭᠦᠮᠤᠨ ᠲᠡᠶ ᠪᠣᠯᠤᠭᠰᠠᠨ ᠢ ᠴᠢᠨᠢ ᠮᠡᠳᠡᠭᠡ ᠥᠭᠡᠢ  

ᠬᠠᠪᠳᠠᠭᠠᠢ ᠴᠡᠭᠡᠵᠢᠨ ᠳᠡᠭᠡᠨ ᠥᠮᠴᠢᠷᠭᠡᠵᠤ ᠶᠠᠪᠣᠭᠰᠠᠨ ᠪᠠᠢ᠌ᠯ᠎ᠠ᠃   

ᠰᠡᠳᠭᠢᠯ ᠤᠨ ᠨᠢᠭᠤᠴᠠ ᠪᠠᠨ ᠠᠭᠤᠳᠠᠯᠤᠨ ᠳᠡᠯᠭᠡᠵᠤ  

ᠰᠠᠢ᠌ᠬᠠᠨ ᠴᠢᠮ᠎ᠠ ᠲᠡᠶ ᠬᠠᠨᠢᠰᠠᠬᠤ ᠶᠢ ᠭᠦᠰᠡᠭᠦ ᠳ᠋ᠤ  

ᠰᠠᠷᠠ ᠰᠢᠭ ᠮᠦᠰᠢᠶᠠᠳᠤ ᠴᠢᠷᠠᠢ ᠳᠠᠭᠠᠨ ᠪᠢᠯᠬᠠᠭᠤᠯᠵᠤ  

ᠬᠤᠵᠢᠳᠠᠭᠰᠠᠨ ᠬᠠᠢ᠌ᠷ᠎ᠠ ᠳᠤ ᠴᠢᠨᠢ ᠳᠠᠯᠠᠷᠬᠠᠨ᠎ᠠ ᠭᠡᠯ᠎ᠡ︕   

ᠳᠤᠤᠯᠢᠮ᠎ᠠ ᠬᠤᠷᠸ᠎ᠠ ᠳᠤ ᠴᠢᠮ᠎ᠠ ᠶᠢ ᠳᠤᠭᠤᠭᠰᠠᠨ ᠮᠢᠨᠢ ᠪᠣᠷᠤᠭᠤ ᠥᠭᠡᠢ  

ᠳᠤᠭᠤᠵᠤ ᠳᠤᠷᠠᠯᠠᠭᠰᠠᠨ ᠮᠢᠨᠢ ᠴᠡᠪᠠᠷ ᠦᠨᠡᠠᠴᠢ ᠶᠤᠮᠰᠠᠨ᠂   

ᠳᠤᠭᠤᠰᠤᠳᠤ ᠶ‍ᠢᠷᠳᠢᠠᠴᠤ ᠳᠤ ᠬᠤᠪᠢ ᠵᠠᠶᠠᠭ᠎ᠠ ᠪᠠᠨ ᠬᠤᠯᠪᠣᠵᠤ  

ᠳᠤᠭᠤᠨᠤᠳᠤ ᠭᠡᠷ ᠶᠢᠡᠨ ᠬᠠᠮᠳᠤ ᠪᠣᠰᠬᠠᠬᠤ ᠳᠠᠪᠢᠯᠠᠩ ᠦᠭᠡᠶ ᠪᠠᠢ᠌ᠵᠠᠢ᠃   

ᠳᠤᠳᠤᠭᠠᠳᠤ ᠰᠡᠳᠭᠢᠯ ᠤᠨ ᠮᠢᠨᠢ ᠰᠢᠷᠬᠠᠭᠯᠠᠯ  

ᠨᠥᠮᠵᠦᠭ᠌ ᠬᠠᠢ᠌ᠷ᠎ᠠ ᠶᠢᠨ ᠮᠢᠨᠢ ᠡᠮᠵᠡᠭᠯᠡᠯ᠂   

ᠨᠥᠭᠦᠴᠡᠵᠤ ᠠᠮᠢᠳᠤᠷᠠᠬᠤ ᠠᠵᠠ ᠦᠭᠡᠶ ᠴᠤ  

ᠨᠥᠭᠦᠷ ᠤᠨ ᠬᠤᠪᠢ ᠡᠴᠡ ᠵᠢᠷᠭᠠᠯ ᠢ ᠴᠢᠨᠢ ᠵᠦᠩᠨᠠᠶ᠎ᠠ︕   

ᠬᠠᠢ᠌ᠷᠠᠯᠠᠬᠤ ᠶᠢᠨ ᠡᠷᠭᠡᠨ ᠳ᠋ᠤ  

ᠬᠠᠨᠢᠰᠠᠭᠰᠠᠨ ᠶᠢᠡᠨ ᠪᠠᠢ᠌ᠵᠤ ᠮᠠᠷᠳᠠᠶ᠎ᠠ᠂   

ᠰᠠᠨᠠᠬᠤ ᠶᠢᠨ ᠳᠤᠭᠠᠯᠠᠭᠠᠨ ᠳ᠋ᠤ  

ᠰᠠᠨᠠᠭᠠᠯᠵᠠᠬᠤ ᠪᠠᠨ ᠪᠠᠢ᠌ᠵᠤ ᠮᠠᠷᠳᠠᠶ᠎ᠠ︕   

ᠰᠢᠨᠠᠯᠤᠭᠰᠠᠨ ᠬᠠᠢ᠌ᠷ᠎ᠠ ᠪᠠᠨ ᠮᠠᠨᠠᠵᠤ  

ᠰᠠᠢ᠌ᠨ ᠶᠠᠪᠣᠬᠤ ᠶᠢᠨ ᠵᠦᠩᠨᠠᠯ ᠳᠡᠪᠰᠢᠭᠦᠯᠦᠶ᠎ᠡ᠂   

ᠡᠮᠵᠡᠭᠯᠡᠭ᠍ᠰᠡᠨ ᠳᠤᠷᠠᠯᠠᠯ ᠶᠢᠡᠨ ᠨᠠᠠᠳᠢᠩᠨᠠᠵᠤ  

ᠠᠵᠠ ᠭᠡᠢ᠌ᠮᠦᠷᠢ ᠶᠢᠨ ᠪᠠᠯᠭᠡᠳᠡᠯ ᠡᠷᠭᠦᠶ᠎ᠡ︕   

ᠰᠠᠠᠰᠠᠷ ᠬᠤᠷᠸ᠎ᠠ ᠶᠢᠨ ᠰᠠᠢ᠌ᠬᠠᠨ ᠭᠡᠦᠭᠡᠨ ᠴᠢ ᠮᠢᠨᠢ  

ᠰᠠᠷᠠᠯᠠᠩ ᠴᠡᠴᠡᠭ᠌ ᠰᠢᠭ ᠥᠩᠭᠡ ᠲᠡᠶ ᠶᠠᠪᠣᠭᠠᠷᠠᠢ᠂   

ᠬᠠᠷᠢᠯᠠᠵᠤ ᠰᠠᠭᠤᠭᠰᠠᠨ ᠭᠦᠮᠤᠨ ᠲᠡᠶ ᠪᠠᠨ  

ᠬᠠᠢ᠌ᠷ᠎ᠠ ᠵᠢᠷᠭᠠᠯ ᠶᠢᠡᠷ ᠪᠢᠯᠬᠠᠵᠤ ᠶᠠᠪᠣᠭᠠᠷᠠᠢ︕   

  


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2656
ᠴᠠᠭ᠄ 2011 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ