☆ ᠯᠢ ᠳᠢᠶᠠᠨ ᠰᠢ
ᠡᠶᠡᠷᠡᠭᠦᠨ ᠬᠠᠢ᠌ᠷ᠎ᠠ
ᠮᠤᠩᠭ᠋ᠤᠯ ᠠᠮᠢᠳᠤᠷᠠᠯ ᠤᠨ ᠠᠭᠤᠯᠭ᠎ᠠ ᠲᠡᠶ ᠳᠤᠰᠤᠨ ᠵᠢᠷᠤᠭ ᠢ ᠰᠤᠨᠢᠷᠬᠠᠭᠠᠤᠨ᠃
ᠨᠠᠷᠠᠨ ᠮᠠᠳᠤᠭᠠ ᠥᠭᠡᠢ
ᠭᠡᠷᠡᠯ ᠶᠢᠡᠷ ᠶᠢᠡᠨ ᠭᠡᠭᠡᠪᠴᠢ ᠭᠢᠵᠤ
ᠥᠷᠯᠦᠭᠡ ᠶᠢᠨ ᠳᠤᠯᠤᠩ ᠶᠢᠡᠨ ᠰᠢᠵᠢᠮᠯᠡᠭᠦᠯᠦᠭ᠍ᠰᠡᠨ᠂
ᠣᠪᠣᠯᠵᠠᠬᠤ ᠰᠡᠳᠭᠢᠯ ᠤᠨ ᠭᠢᠨ
ᠣᠯᠠᠭᠠᠨ ᠥᠩᠭᠡ ᠶᠢ
ᠠᠭᠤᠯᠠ ᠴᠤᠤᠷᠢᠶᠠᠳᠤᠭᠤᠯᠤᠨ
ᠳᠠᠯ᠎ᠠ ᠬᠠᠯᠢᠶᠠᠷᠠᠭᠤᠯᠤᠨ
ᠣᠰᠤ ᠳᠤᠨᠤᠷᠠᠭᠤᠯᠤᠨ
ᠬᠤᠷᠤ᠎ᠠ ᠶᠢ ᠣᠶᠠᠷᠠᠭᠤᠯᠤᠭᠰᠠᠨ᠃
ᠵᠢᠭᠠᠬᠠᠨ ᠰᠢᠪᠠᠤᠬᠠᠢ
ᠠᠮᠳᠠᠳᠤ ᠵᠡᠭᠦᠳᠤᠨ ᠡᠴᠡ ᠪᠠᠨ ᠮᠦᠰᠢᠶᠠᠨ ᠰᠠᠷᠢᠵᠤ
ᠳᠡᠭ᠍ᠷᠢ ᠶᠢᠨ ᠬᠠᠶᠠᠭ᠎ᠠ ᠶᠢ ᠠᠵᠢᠶᠠᠷᠠᠬᠤ ᠳᠠᠭᠠᠨ
ᠳᠤᠷᠮᠤᠭᠤᠷ ᠨᠢᠳᠤᠨ ᠳ᠋ᠤᠨᠢ
ᠣᠯᠠᠯᠵᠠᠬᠤ ᠣᠴᠢ ᠰᠡᠭᠦᠳᠡᠩᠨᠡᠵᠤ
ᠱᠤᠪᠣᠭᠤᠷᠬᠠᠨ ᠬᠤᠩᠰᠢᠶᠠᠷ ᠲᠤᠨᠢ
ᠣᠶᠠᠬᠠᠨ ᠡᠭᠡᠰᠢᠭ᠌ ᠵᠡᠷᠭᠡᠯᠭᠡᠯᠡᠨᠡ᠃
ᠮᠤᠳᠤᠨ ᠨᠠᠪᠴᠢᠰ ᠣᠯᠠᠭᠠᠨ ᠪᠠᠩᠵᠠᠯ ᠡᠮᠦᠰᠤᠨ
ᠬᠠᠮᠳᠤ ᠶᠢᠨ ᠪᠦᠵᠢᠭ᠌ ᠶᠢᠡᠨ ᠭᠦᠪᠦᠯᠵᠡᠭᠦᠯᠵᠤ
ᠠᠶᠠᠰ ᠤᠨ ᠰᠠᠯᠭᠢ ᠣᠯᠠᠭᠠᠨ ᠭᠦᠰᠡᠯ ᠶᠢᠡᠨ
ᠠᠶᠠᠷᠠᠭᠤᠨ ᠣᠷᠤᠰᠬᠠᠯ ᠶᠢᠡᠷ ᠢᠯᠪᠢᠯᠵᠡᠭᠦᠯᠵᠤ
ᠰᠢᠭᠦᠳᠡᠷᠢ ᠶᠢᠨ ᠮᠥᠭᠦᠯᠢᠭ᠌ ᠣᠯᠠᠭᠠᠨ ᠥᠩᠭᠡ ᠪᠠᠷ ᠠᠳᠢᠰᠯᠠᠵᠤ
ᠡᠪᠠᠰᠤᠨ ᠤ ᠥᠵᠦᠭᠦᠷ ᠲᠤ ᠭᠢᠯᠠᠷᠠᠨᠠ᠃
ᠬᠠᠢ᠌ᠷ᠎ᠠ ᠪᠠᠷ ᠪᠢᠯᠬᠠᠷᠠᠭᠰᠠᠨ ᠡᠩ ᠶᠢᠷᠳᠢᠠᠴᠤ
ᠠᠳᠤᠭᠤᠴᠢᠨ ᠤ ᠣᠷᠭ᠎ᠠ ᠳᠤ ᠭᠤᠭᠴᠤᠭᠠᠯᠠᠭᠳᠠᠨ
ᠬᠠᠢ᠌ᠷ᠎ᠠ ᠪᠠᠷ ᠢᠳᠡᠮᠯᠡᠭ᠍ᠰᠡᠨ ᠭᠦᠰᠡᠯ
ᠭᠡᠦᠭᠡᠡᠴᠦᠳ ᠤᠨ ᠬᠠᠴᠠᠷ ᠲᠤ ᠪᠣᠳᠤᠭᠯᠠᠭᠳᠠᠭᠠᠤᠨ
ᠬᠠᠢ᠌ᠷ᠎ᠠ ᠪᠠᠷ ᠡᠮᠵᠢᠶᠡᠷᠯᠡᠭ᠍ᠰᠡᠨ ᠵᠠᠭᠢᠶ᠎ᠠ
ᠢᠰᠡᠭᠡᠢ ᠭᠡᠷ ᠤᠨ ᠬᠠᠨ᠎ᠠ ᠳᠤ ᠣᠭᠤᠰᠤᠷᠯᠠᠭᠠᠤᠨ
ᠬᠠᠢ᠌ᠷ᠎ᠠ ᠪᠠᠷ ᠳᠡᠯᠡᠷᠡᠭ᠍ᠰᠡᠨ ᠣᠷᠢᠶ᠎ᠠ
ᠪᠠᠭᠠᠴᠤᠳ ᠤᠨ ᠳᠠᠭᠤᠨ ᠳᠤ ᠭᠦᠪᠦᠷᠡᠭ᠍ᠰᠡᠨ᠃
ᠬᠤᠨᠢᠨ ᠰᠥᠷᠦᠭ᠌ ᠳᠤᠰᠤᠨ ᠵᠢᠷᠤᠭ ᠤᠨ
ᠬᠤᠯᠢᠴᠠ ᠦᠭᠡᠶ ᠴᠠᠭᠠᠬᠠᠨ ᠰᠡᠢ᠌ᠷᠡᠭᠦᠯᠦᠯ
ᠠᠭᠳᠠ ᠶᠢᠨ ᠳᠤᠭᠤᠷᠠᠢ ᠳᠤ
ᠴᠡᠴᠡᠭ᠌ ᠤᠨ ᠪᠣᠳᠠᠷᠠᠭ᠎ᠠ
ᠥᠩᠭᠡ ᠢᠯᠭᠠᠷᠠᠮ᠎ᠠ ᠪᠣᠳᠤᠮᠯᠠᠯ
ᠠᠶᠳᠠᠢ᠌ᠬᠠᠨ ᠠᠮᠢᠳᠤᠷᠠᠯ
ᠡᠶᠡᠷᠡᠭᠦᠨ ᠬᠠᠢ᠌ᠷ᠎ᠠ
ᠥᠷᠯᠦᠭᠡ ᠶᠢᠨ ᠨᠠᠷᠠᠨ ᠤ
ᠲᠦᠮᠡᠨ ᠵᠤᠷᠪᠣᠰ ᠰᠠᠴᠤᠷᠠᠭ ᠡᠴᠡ
ᠦᠨᠢᠳᠠ ᠴᠢᠪᠬᠠᠳᠠᠭᠳᠠᠭᠰᠠᠨ ᠳᠠᠭᠤᠯᠠᠯ᠃
ᠵᠠᠯᠠᠢ᠌ᠳ ᠬᠤᠰᠢᠭᠤᠨ ᠤ ᠢᠠᠳᠠᠷ ᠳᠠᠭᠢ ᠵᠢᠷᠭᠤᠳᠤᠭᠠᠷ ᠳᠤᠮᠳᠠᠳᠤ ᠰᠤᠷᠭᠠᠭᠤᠯᠢ
ᠯᠢ ᠳᠢᠶᠠᠨ ᠰᠢ (ᠲ᠋ᠡᠭ᠍ᠷᠢᠡᠪᠠᠶᠡᠷ)
ᠵᠤᠬᠢᠶᠠᠭᠴᠢ᠄ ᠯᠢ ᠳᠢᠶᠠᠨ ᠰᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ