ᠨᠡᠪᠲᠡᠷᠡᠨ ᠤᠷᠤᠬᠤ
ᠠᠪᠠᠬᠤ ᠦᠭᠡᠶ ᠰᠠᠩᠨᠠᠯ

ᠠᠪᠠᠬᠤ ᠦᠭᠡᠶ ᠱᠠᠩᠨᠠᠯ ᠭᠡᠳᠡᠭ᠌ ᠥᠭᠡ ᠶᠢ ᠰᠤᠨᠤᠰᠪᠠᠯ ᠶᠠᠭ ᠨᠠᠳᠠ ᠳᠤ ᠱᠠᠩᠨᠠᠯ ᠦᠭ‍ᠭᠦ ᠭᠡᠳ ᠭᠦᠯᠢᠶᠡᠵᠤ ᠪᠠᠢ᠌ᠭ᠎ᠠ ᠰᠢᠭ᠂ ᠪᠢ ᠭᠦᠯᠢᠶᠡᠵᠤ ᠠᠪᠠᠬᠤ ᠦᠭᠡᠶ ᠶᠡᠭᠡ ᠯᠠ ᠶᠡᠭᠡᠮᠰᠦᠭᠯᠡᠵᠤ ᠪᠠᠢ᠌ᠬᠤ ᠴᠤ ᠰᠢᠭ ᠶᠤᠮ᠃ ᠭᠡᠪᠠᠴᠤ ᠳᠠᠢ᠌ᠮᠤ ᠪᠢᠰᠢ᠂ ᠪᠢ ᠪᠠᠰᠠ ᠣᠷᠤᠨ ᠤ ᠳᠠᠰ ᠤᠨ ᠡᠳᠦᠢ ᠳᠠᠳᠤᠢ ᠱᠠᠩᠨᠠᠯ ᠢ ᠣᠯᠵᠤ ᠥᠩᠭᠡᠷᠡᠭ᠍ᠰᠡᠨ ᠮᠦᠷᠳᠡᠭᠡᠨ ᠱᠠᠩᠨᠠᠯ ᠳᠤ ᠶᠡᠭᠡ ᠯᠠ ᠳᠤᠷᠠᠯᠠᠵᠤ ᠥᠩᠭᠡᠷᠡᠭ᠍ᠰᠡᠨ ᠰᠢᠭ᠌ ᠶᠤᠮ᠃ ᠭᠡᠪᠠᠴᠤ ᠣᠳᠤ ᠪᠣᠯ 《ᠰᠤᠯᠤᠩᠭ᠎ᠠ》᠂ 《ᠰᠠᠷᠠᠨ᠎ᠠ》 ᠱᠠᠩᠨᠠᠯ ᠴᠤ ᠪᠣᠯᠤᠭ᠂ 《ᠮᠥᠩᠭᠡ ᠳᠡᠭ᠍ᠷᠢ》 ᠱᠠᠩᠨᠠᠯ ᠴᠤ ᠪᠣᠯᠤᠭ᠂ ᠮᠤᠩᠭ᠋ᠤᠯ ᠣᠯᠤᠰ ᠤᠨ ᠶᠠᠮᠠᠷ ᠶᠠᠮᠠᠷ 《ᠡᠷᠭᠦᠮᠵᠢᠯᠡᠯᠳᠤ》 ᠴᠤ ᠪᠣᠯᠤᠭ᠂ ᠳᠤᠷᠠᠯᠠᠬᠤ ᠪᠠᠨ ᠪᠠᠢ᠌ᠵᠠᠢ᠃ ᠴᠠᠭ ᠲᠠᠭᠠᠨ ᠣᠯᠬᠤ ᠦᠭᠡᠶ ᠱᠠᠩᠨᠠᠯ ᠢ ᠣᠯᠤᠭᠠᠤᠨ ᠶᠠᠭᠤ ᠭᠢᠭᠦᠪ᠃ ᠨᠠᠩ ᠢᠯᠠᠩᠭ᠋ᠤᠶ᠎ᠠ ᠭᠦᠰᠡᠯᠡᠩ ᠢ ᠮᠠᠷᠳᠠᠭᠤᠯᠴᠢᠬᠠᠬᠤ᠂ ᠭᠦᠯ ᠢ ᠪᠣᠭᠤᠬᠤ ᠨᠠᠷ᠎ᠠ ᠳᠦᠷᠤ ᠪᠠᠷ ᠶᠠᠭᠤ ᠭᠢᠭᠦᠪ᠃

ᠱᠠᠩᠨᠠᠯ ᠭᠡᠳᠡᠭ᠌ ᠶᠠᠭᠤᠮ᠎ᠠ ᠶᠢ ᠨᠢᠭᠡ ᠪᠣᠳᠤᠪᠠᠯ ᠰᠠᠢ᠌ᠬᠠᠨ ᠶᠤᠮ᠃ ᠶᠠᠭᠤᠮ᠎ᠠ ᠮᠡᠳᠡᠳᠡᠭ᠌ ᠭᠦᠮᠤᠨ ᠳ᠋ᠤᠨᠢ ᠭᠡᠷᠡᠭ᠌ ᠴᠤ ᠦᠭᠡᠶ ᠪᠣᠯᠪᠠᠴᠤ ᠶᠠᠭᠤᠮ᠎ᠠ ᠮᠡᠳᠡᠳᠡᠭ᠌ ᠦᠭᠡᠶ ᠳ᠋ᠤᠨᠢ ᠭᠡᠷᠡᠭ᠍ᠳᠡᠢ ᠶᠤᠮ᠃ ᠥᠭᠡᠷ᠎ᠡ ᠪᠠᠷ ᠭᠡᠯᠡᠪᠠᠯ ᠶᠠᠮᠠᠷ ᠶᠠᠮᠠᠷ ᠳᠠᠷᠤᠭ᠎ᠠ ᠭᠡᠳᠡᠭ᠌ ᠢ ᠳᠠᠷᠤᠮᠯᠠᠳᠠᠭ ᠨᠠᠷ᠎ᠠ ᠶᠢᠨ ᠺᠠᠷᠲ᠋ ᠰᠢᠭ ᠶᠤᠮ᠃ ᠭᠦᠰᠡᠭᠡᠳ ᠭᠦᠷᠭᠦ ᠦᠭᠡᠶ ᠦᠨᠳᠦᠷ ᠲᠤ ᠪᠠᠢ᠌ᠪᠠᠯ ᠭᠡᠳᠦᠢ ᠴᠤ ᠰᠠᠢ᠌ᠬᠠᠨ ᠶᠤᠮ᠃ ᠭᠡᠳᠦᠢ ᠴᠤ ᠴᠠᠪᠠᠷ ᠠᠷᠢᠭᠤᠨ ᠶᠤᠮ᠃ ᠭᠡᠪᠠᠴᠤ ᠣᠯᠬᠤ ᠨᠢ ᠣᠯᠬᠤ ᠦᠭᠡᠶ ᠪᠣᠯ ᠭᠡᠳᠦᠢ ᠴᠤ ᠮᠠᠭᠤᠬᠠᠢ ᠶᠤᠮ᠂ ᠣᠯᠬᠤ ᠦᠭᠡᠶ ᠨᠢ ᠣᠯᠴᠢᠬᠠᠪᠠᠯ ᠭᠡᠳᠦᠢ ᠴᠤ ᠢᠴᠢᠮᠠᠷ ᠶᠤᠮ᠃

《ᠮᠥᠩᠭᠡ ᠳᠡᠭ᠍ᠷᠢ》 ᠢᠷᠠᠭᠤ ᠨᠠᠢ᠌ᠷᠠᠭ ᠤᠨ ᠳᠡᠮᠡᠴᠡᠭᠡᠨ ᠳᠤ ᠬᠤᠶᠠᠷ ᠣᠳᠠᠭ᠎ᠠ ᠣᠷᠤᠯᠴᠠᠵᠤ ᠥᠩᠭᠡᠷᠡᠯ᠎ᠡ᠃ ᠠᠩᠬ᠎ᠠ ᠣᠳᠠᠭ᠎ᠠ ᠳ᠋ᠤᠨᠢ ᠪᠢ ᠠᠶᠤᠮᠠᠷ ᠭᠡᠢ᠌ᠷᠭᠡᠭ᠍ᠰᠡᠨ ᠮᠦᠷᠳᠡᠭᠡᠨ ᠡᠮᠵᠡᠭ᠌ ᠪᠠᠢ᠌ᠵᠤ ᠪᠢᠯᠠ᠃ ᠪᠢ ᠶᠠᠮᠠᠷ ᠰᠢᠯᠦᠭ᠍ᠴᠢ ᠭᠡᠳᠡᠭ᠌ ᠶᠢᠡᠨ ᠮᠠᠳᠠᠨ᠎ᠡ᠃ ᠰᠢᠯᠦᠭ᠍ᠴᠢᠳ ᠴᠤ ᠮᠠᠳᠠᠵᠤ ᠮᠠᠭᠠᠤᠨ ᠦᠭᠡᠶ᠃ ᠭᠢᠨᠠᠭᠴᠢᠳ ᠬᠠᠷᠢᠨ ᠮᠡᠳᠡᠭᠦ ᠦᠭᠡᠶ ᠪᠠᠢ᠌ᠵᠤ ᠮᠠᠳᠠᠨ᠎ᠡ᠃ ᠰᠢᠯᠦᠭ᠌ ᠪᠢᠴᠢᠭᠦ ᠪᠠᠨ ᠪᠠᠢ᠌ᠴᠢᠭᠭᠰᠠᠨ᠂ 《ᠦᠨᠢᠷ ᠴᠡᠴᠡᠭ᠌》 ᠭᠡᠳᠡᠭ᠌ ᠢ ᠭᠦᠷᠳᠡᠯ᠎ᠡ ᠭᠡᠪᠯᠡᠵᠤ ᠪᠠᠢ᠌ᠨ᠎ᠠ ᠭᠡᠳᠡᠭ᠌ ᠢ ᠨᠢ ᠰᠡᠳᠭᠦᠯ ᠢ ᠨᠢ ᠭᠦᠷᠭᠡᠵᠤ ᠦᠭ‍ᠪᠠᠯ ᠥᠵᠡᠴᠢᠭᠡᠭᠦ ᠭᠢᠨᠠᠭᠴᠢ᠂ ᠡᠰᠭᠦᠯ᠎ᠡ ᠨᠢᠭᠡ ᠣᠳᠠᠭ᠎ᠠ ᠰᠢᠯᠦᠭ᠌ ᠢ ᠨᠢ ᠭᠢᠨᠠᠪᠠᠯ ᠨᠢᠭᠡ ᠨᠠᠰᠤ ᠶᠢ ᠨᠢ ᠡᠷᠭᠡᠰᠢᠶᠡᠴᠢᠭᠡᠭᠦ ᠭᠢᠨᠠᠭᠴᠢ᠂ ᠡᠮᠤᠨ᠎ᠡ ᠬᠣᠢ᠌ᠨ᠎ᠠ ᠭᠡᠴᠢᠨᠡᠭᠡᠨ ᠭᠡᠴᠢᠨᠡᠭᠡᠨ ᠬᠤᠪᠢ ᠪᠠᠷ ᠡᠭᠢᠯᠡᠭ᠍ᠰᠡᠨ ᠦᠪᠡᠷ ᠤᠨ ᠪᠠᠷᠢᠮᠵᠢᠶ᠎ᠠ ᠪᠠᠨ ᠮᠡᠳᠡᠭᠦ ᠦᠭᠡᠶ᠂ ᠥᠭᠡᠷ᠎ᠡ ᠳᠠᠰᠢ ᠭᠢᠯᠤᠮᠠᠯᠵᠢᠨ ᠪᠣᠰᠤᠳ ᠤᠨ ᠪᠠᠷᠢᠮᠵᠢᠶ᠎ᠠ ᠪᠠᠷ ᠬᠤᠪᠢ ᠣᠯᠭᠤᠬᠤ ᠭᠦᠭᠡᠷᠦᠭᠦᠢ ᠭᠢᠨᠠᠭᠴᠢᠳ ᠶᠢᠡᠷ ᠨᠢᠭᠡ ᠣᠳᠠᠭ᠎ᠠ ᠰᠢᠯᠦᠭ᠌ ᠶᠢᠡᠨ ᠰᠢᠭᠦᠯᠭᠡᠭᠦ ᠨᠢ ᠦᠪᠡᠷ ᠢ ᠪᠠᠨ ᠳᠤᠷᠤᠮᠵᠢᠯᠠᠵᠤ ᠪᠠᠢ᠌ᠭ᠎ᠠ ᠪᠢᠰᠢ ᠦᠦ︖ ᠦᠪᠡᠷ ᠢ ᠪᠠᠨ ᠵᠠᠷᠢᠮ ᠳᠠᠭᠠᠨ ᠳᠤᠷᠤᠮᠵᠢᠯᠠᠵᠤ ᠪᠣᠯᠬᠤ ᠶᠤᠮ᠃ ᠭᠡᠪᠠᠴᠤ ᠰᠢᠯᠦᠭ᠌ ᠪᠣᠯ ᠰᠠ‍‌ᠶᠢ ᠳᠦᠷᠦᠭ᠍ᠰᠡᠨ ᠭᠦᠤ ᠴᠤ ᠠᠳᠠᠯᠢ᠂ ᠡᠰᠡᠭᠦᠯ᠎ᠡ ᠊ᠭ᠍‍ᠬᠢᠷ ᠰᠭᠤᠳᠠᠭ ᠦᠭᠡᠶ ᠰᠦᠨᠠᠰᠤ ᠴᠤ ᠠᠳᠠᠯᠢ᠂ ᠪᠢᠴᠢᠭ᠍ᠰᠡᠨ ᠰᠢᠯᠦᠭ᠍ᠴᠢ ᠡᠴᠠ ᠨᠢ ᠭᠦᠷᠳᠡᠯ᠎ᠡ ᠦᠨᠡᠳᠠᠢ᠂ ᠡᠷᠭᠢᠮ ᠳᠡᠭᠡᠳᠤ ᠶᠤᠮ᠃

ᠱᠠᠩᠨᠠᠯ ᠭᠡᠳᠡᠭ᠌ ᠶᠠᠭᠤᠮ᠎ᠠ ᠵᠠᠷᠢᠮ ᠳᠠᠭᠠᠨ ᠮᠠᠯᠠᠭᠠᠢ ᠲᠡᠶ ᠠᠳᠠᠯᠢ ᠶᠤᠮ᠃ ᠭᠡᠢ᠌ᠰᠦᠭᠡᠳ ᠢᠷᠠᠪᠠᠯ ᠡᠮᠦᠰᠪᠠᠯ ᠳᠠᠭᠠᠷᠠᠯ᠎ᠠ᠃ ᠭᠡᠳᠦᠢ ᠰᠤᠷᠳᠤᠭᠤ ᠲᠡᠶ ᠶᠤᠮ᠃ ᠴᠤᠬᠤᠮ ᠳᠠᠭᠠᠨ ᠰᠢᠯᠦᠭ᠍ᠴᠢᠳ ᠪᠣᠯ ᠠᠭᠤᠯᠠᠨ ᠠᠭᠤᠢ ᠳᠤ ᠰᠠᠭᠤᠪᠠᠯ ᠳᠠᠭᠠᠷᠠᠬᠤ ᠶᠤᠮ᠃ ᠬᠠᠮᠢᠭ᠎ᠠ ᠪᠠᠢ᠌ᠭᠰᠠᠨ ᠭᠠᠯ ᠣᠯᠠᠭᠠᠨ ᠭᠠᠯᠰᠲ᠋ᠤᠺ ᠵᠡᠭᠦᠵᠤ᠂ ᠵᠡᠭᠡᠯᠢ ᠳᠡᠭᠡᠷ᠎ᠡ᠂ ᠡᠰᠭᠦᠯ᠎ᠡ ᠠᠷᠢᠭᠢᠨ ᠰᠢᠷᠡᠭᠡᠨ ᠳᠡᠭᠡᠷ᠎ᠡ ᠰᠤᠷᠳᠤᠭᠤᠯᠠᠵᠤ᠂ ᠰᠢᠯᠦᠭ᠌ ᠶᠢᠡᠨ ᠣᠶᠠᠩᠭ᠋ᠠᠯᠠᠴᠢᠬᠠᠭᠰᠠᠨ᠂ ᠰᠢᠯᠦᠭ᠍ᠴᠢ ᠭᠡᠵᠤ ᠣᠷᠭᠢᠴᠢᠬᠠᠭᠰᠠᠨ᠂ ᠰᠢᠯᠦᠭ᠌ ᠡᠴᠠ ᠪᠠᠨ ᠰᠠᠯᠴᠢᠬᠠᠭᠰᠠᠨ ᠰᠠᠭᠤᠬᠤ ᠶᠤᠮ᠃ ᠪᠢᠰᠢᠯᠭᠠᠯ ᠭᠡᠳᠡᠭ᠌ ᠪᠣᠯ ᠦᠪᠡᠷ ᠶᠢᠡᠨ ᠦᠪᠡᠷ ᠲᠡᠭᠡᠨ ᠪᠠᠭᠳᠠᠴᠢᠬᠠᠭᠰᠠᠨ᠂ ᠰᠢᠯᠦᠭ᠌ ᠲᠡᠭᠡᠨ ᠰᠢᠩᠭᠡᠴᠢᠭ᠍ᠰᠡᠨ᠂ ᠵᠢᠵᠢᠭ᠍ᠷᠡᠭ᠍ᠰᠡᠨ ᠠᠭᠤᠤ ᠶᠡᠭᠡ ᠶᠤᠮ᠃

《ᠮᠥᠩᠭᠡ ᠳᠡᠭ᠍ᠷᠢ》 ᠰᠢᠯᠦᠭ᠌ ᠤᠨ ᠣᠷᠤᠯᠳᠤᠭᠠᠨ ᠳᠤ ᠪᠢ ᠶᠡᠭᠡ ᠯᠠ ᠣᠭᠢᠯᠠᠭᠰᠠᠨ ᠶᠤᠮ᠃ ᠨᠠᠳᠠ ᠡᠴᠠ ᠭᠦᠭᠡᠷᠡᠭᠦᠢ ᠰᠢᠯᠦᠭ᠌ ᠲᠡᠶ ᠢᠷᠡᠭ᠍ᠰᠡᠨ ᠰᠢᠯᠦᠭ᠍ᠴᠢᠳ 《ᠰᠢᠯᠦᠭ᠌》 ᠶᠢᠡᠨ ᠣᠶᠠᠩᠭ᠋ᠠᠯᠠᠴᠢᠬᠠᠭᠰᠠᠨ᠂ ᠶᠡᠭᠡ ᠯᠠ ᠠᠯᠠᠭ᠎ᠠ ᠳᠠᠰᠢᠭᠤᠯᠴᠢᠬᠠᠭᠰᠠᠨ ᠳᠠᠢ᠌ᠵᠢᠨ᠎ᠠ ᠠᠯᠬᠤᠯᠠᠬᠤ ᠳᠤ᠂ ᠨᠢᠯᠪᠣᠰᠤ ᠮᠢᠨᠢ ᠪᠦᠷᠭᠦᠭᠡᠳ ᠪᠦᠷᠭᠦᠭᠡᠳ ᠪᠠᠢ᠌ᠬᠤᠯᠠᠷ ᠪᠢ ᠣᠷᠤᠯᠳᠤᠭᠠᠨ ᠤ ᠳᠠᠯᠠᠪᠠᠢ ᠶᠢᠨ ᠵᠡᠭᠦᠨ ᠡᠮᠤᠨ᠎ᠡ ᠭᠦᠮᠤᠨ ᠡᠴᠠ ᠨᠢᠭᠤᠵᠤ ᠴᠤᠷᠭᠢᠷᠠᠳᠠᠯ᠎ᠠ ᠣᠭᠢᠯᠠᠭᠰᠠᠨ ᠶᠤᠮ᠃ ᠵᠤᠯ ᠶᠢᠡᠷ ᠨᠠᠭᠠᠳᠤᠮ ᠴᠤ ᠨᠠᠷᠭᠢᠶᠠᠨ ᠲᠡᠶ ᠪᠠᠢ᠌ᠭᠰᠠᠨ ᠪᠣᠯᠬᠤᠷ ᠭᠦᠮᠤᠨ ᠥᠵᠡᠭ᠍ᠰᠡᠨ ᠴᠤ ᠦᠭᠡᠶ᠃ ᠪᠣᠴᠠᠵᠤ ᠢᠷᠡᠭᠡᠳ ᠨᠠᠢ᠌ᠵᠠ ᠨᠡᠷ ᠲᠡᠶ ᠪᠠᠨ ᠰᠢᠯᠦᠭ᠌ ᠤᠨ ᠨᠠᠭᠠᠳᠤᠮ ᠶᠢᠡᠨ ᠰᠤᠨᠢᠷᠬᠠᠵᠤ ᠰᠠᠭᠤᠭᠰᠠᠨ ᠶᠤᠮ᠃ ᠭᠡᠳᠡᠯ᠎ᠡ ᠪᠢ ᠬᠠᠮᠤᠭ ᠤᠨ ᠠᠩᠬ᠎ᠠ ᠣᠳᠠᠭ᠎ᠠ ᠮᠦᠷᠳᠡᠭᠡᠨ ᠪᠠᠷᠤᠭ ᠬᠠᠮᠤᠭ ᠤᠨ ᠰᠡᠭᠦᠯ ᠤᠨ ᠣᠳᠠᠭ᠎ᠠ ᠪᠦᠳᠦᠯ ᠥᠭᠡᠢ᠌ᠳᠡᠭ᠍ᠰᠡᠨ ᠶᠤᠮ᠃ ᠥᠭᠡᠷ᠎ᠡ ᠠᠢ᠌ᠮᠠᠭ ᠬᠤᠰᠢᠭᠤᠨ ᠤ ᠰᠢᠯᠦᠭ᠌ ᠤᠨ ᠨᠠᠢ᠌ᠵᠠ ᠨᠡᠷ ᠬᠤᠪᠢ ᠭᠦᠮᠤᠨ ᠤ ᠱᠠᠩᠨᠠᠯ ᠦᠭ‍ᠭᠦ ᠭᠡᠭᠦ ᠳ᠋ᠤᠨᠢ ᠳᠠᠳᠠᠭᠠᠯᠵᠠᠭᠰᠠᠨ ᠶᠤᠮ᠃ ᠣᠳᠤ ᠪᠣᠳᠤᠪᠠᠯ ᠳᠠᠳᠠ ᠨᠡᠷ ᠮᠢᠨᠤ ᠬᠠᠴᠠᠷ ᠢ ᠠᠯᠭᠠᠳᠠᠭᠰᠠᠨ ᠴᠤ ᠪᠠᠭᠠᠳᠠᠬᠤ ᠶᠤᠮ᠃ ᠢᠩᠭᠢᠭ᠍ᠰᠡᠨ ᠪᠣᠯ ᠳᠠᠷᠠ ᠴᠢᠨᠢ ᠶᠠᠭᠠᠭᠢᠭᠰᠠᠨ ᠴᠡᠭᠡᠵᠢᠯᠡᠭᠦᠰᠢᠳᠡᠢ 《ᠱᠠᠩᠨᠠᠯ》 ᠶᠤᠮ᠃ ᠬᠤᠵᠢᠮ ᠨᠢ ᠪᠢ ᠪᠠᠰᠠ ᠳᠠᠳᠠᠨ ᠤ ᠵᠠᠷᠢᠮ ᠵᠠᠷᠢᠮ ᠳ᠋ᠤᠨᠢ ᠨᠥᠭᠦᠴᠡᠯ ᠦᠭᠡᠶ ᠰᠡᠳᠭᠢᠯ ᠶᠢᠡᠨ ᠭᠦᠢᠴᠡᠳᠭᠡᠵᠤ ᠥᠩᠭᠡᠷᠡᠪᠡ᠃ ᠳᠡᠭᠡᠵᠤ 《ᠭᠠᠷᠤᠵᠠ》 ᠪᠠᠨ ᠭᠠᠷᠭᠠᠵᠤ᠂ ᠭᠡᠭᠡᠨ ᠰᠡᠳᠭᠢᠯ ᠤᠨ ᠳᠡᠭ᠍ᠷᠢ ᠡᠴᠠ ᠠᠭᠤᠴᠢᠯᠠᠯ ᠣᠯᠬᠤ ᠶᠢ ᠭᠦᠰᠡᠭ᠍ᠰᠡᠨ ᠶᠤᠮ᠃ ᠱᠠᠩᠨᠠᠯ ᠭᠡᠳᠡᠭ᠌ ᠶᠠᠭᠤᠮ᠎ᠠ ᠭᠦᠮᠤᠨ ᠢ ᠭᠦᠰᠡᠭᠦᠯᠳᠡᠭ᠌ ᠪᠠᠢ᠌ᠳᠠᠯ᠎ᠠ ᠶᠠᠭᠠᠭᠢᠭᠠᠤᠨ ᠮᠠᠰᠢ ᠠᠷᠪᠢᠨ ᠠᠯᠳᠠᠭ᠎ᠠ ᠭᠠᠷᠭᠠᠭᠤᠯᠳᠠᠭ ᠶᠤᠮ ᠳ᠋ᠠ᠃

ᠳᠠᠷᠠ ᠣᠳᠠᠭᠠᠨ ᠤ 《ᠮᠥᠩᠭᠡ ᠳᠡᠭ᠍ᠷᠢ》 ᠨᠠᠭᠠᠳᠤᠮ ᠨᠢ ᠨᠠᠮᠢ᠋ᠢ ᠨᠢᠭᠡ ᠣᠳᠠᠭ᠎ᠠ ᠣᠭᠢᠯᠠᠭᠤᠯᠤᠭᠰᠠᠨ ᠪᠣᠯᠪᠠᠴᠤ ᠮᠠᠰᠢ ᠶᠡᠭᠡ ᠣᠮᠤᠭᠯᠠᠩ ᠵᠤᠷᠢᠭ ᠢ ᠥᠭᠦᠭ᠍ᠰᠡᠨ ᠶᠤᠮ᠃ ᠳᠠᠷᠠ ᠶᠡᠭᠡ ᠨᠠᠭᠠᠳᠤᠮ ᠢ ᠵᠤᠬᠢᠶᠠᠨ ᠪᠠᠢ᠌ᠭᠤᠯᠤᠭᠰᠠᠨ ᠭᠦᠮᠦᠰ ᠲᠤ ᠦᠨᠢᠳᠠ ᠳᠠᠯᠠᠷᠬᠠᠬᠤ᠂ ᠬᠠᠶᠠ ᠶᠤᠰᠤᠯᠠᠬᠤ ᠣᠴᠢᠷᠳᠠᠢ᠃ 《ᠮᠥᠩᠭᠡ ᠳᠡᠭ᠍ᠷᠢ》 ᠰᠢᠯᠦᠭ᠌ ᠤᠨ ᠣᠷᠤᠯᠳᠤᠭᠠᠨ ᠡᠴᠠ ᠪᠣᠴᠠᠵᠤ ᠢᠷᠡᠭᠡᠳ ᠪᠢ ᠦᠪᠡᠷ ᠶᠢᠡᠨ ᠳᠦᠷᠪᠠᠨ ᠠᠢ᠌ᠮᠠᠭ ᠬᠤᠳᠠ ᠶᠢᠨ ᠰᠢᠯᠦᠭ᠍ᠴᠢᠳ ᠣᠷᠤᠯᠴᠠᠭᠰᠠᠨ 《ᠠᠯᠳᠠᠨ ᠣᠨᠠᠭ᠎ᠠ》 ᠰᠢᠯᠦᠭ᠌ ᠤᠨ ᠣᠷᠤᠯᠳᠤᠭᠠᠨ ᠢ ᠵᠤᠬᠢᠶᠠᠨ ᠪᠠᠢ᠌ᠭᠤᠯᠪᠠ᠃ ᠳᠠᠢ᠌ᠮᠤ ᠶᠠᠷᠰᠢᠭ ᠲᠡᠶ ᠭᠡᠵᠤ ᠪᠣᠳᠤᠵᠤ ᠣᠯᠤᠭᠰᠠᠨ ᠦᠭᠡᠶ᠃ ᠶᠤᠰᠤᠳᠠᠢ ᠪᠠᠷᠰ ᠣᠨᠤᠭᠠᠤᠨ ᠪᠠᠭᠤᠵᠤ ᠴᠢᠳᠠᠬᠤ ᠦᠭᠡᠶ ᠰᠠᠨᠠᠭᠳᠠᠯ᠎ᠠ᠃ ᠬᠤᠶᠠᠷ ᠰᠠᠷ᠎ᠠ ᠰᠢᠯᠦᠭ᠌ ᠦᠭᠡᠶ ᠳᠠᠨᠦᠵᠤ᠂ ᠬᠤᠶᠠᠷ ᠰᠦᠨᠢ ᠨᠣᠢ᠌ᠷ ᠦᠭᠡᠶ ᠬᠤᠨᠤᠵᠤ᠂ ᠬᠤᠶᠠᠷ ᠣᠳᠠᠭ᠎ᠠ ᠵᠡᠭᠦᠳᠤ ᠪᠠᠷ ᠶᠢᠡᠨ ᠮᠠᠯᠮᠠᠷᠠᠳᠠᠯ᠎ᠠ ᠣᠭᠢᠯᠠᠵᠤ ᠥᠩᠭᠡᠷᠡᠪᠡ᠃ ᠨᠢᠭᠡ ᠣᠳᠠᠭ᠎ᠠ ᠨᠢ ᠪᠣᠷᠬᠠᠨ ᠮᠢᠨᠤ ᠳᠤᠯᠤᠭᠠᠢ ᠶᠢ ᠢᠯᠪᠢᠵᠤ᠂ ᠰᠦᠮ᠎ᠡ ᠶᠢᠨ ᠳ᠋ᠠ ᠯᠠᠮ᠎ᠠ ᠪᠣᠯᠭᠠᠶ᠎ᠠ ᠭᠡᠵᠤ ᠵᠡᠭᠦᠳᠦᠯᠡᠪᠡ᠃ ᠳᠠᠷᠠ ᠵᠡᠭᠦᠳᠤ ᠪᠠᠨ ᠪᠢ ᠶᠡᠭᠡ ᠯᠠ ᠪᠠᠯᠭᠡᠰᠢᠶᠡᠵᠤ ᠪᠠᠢ᠌ᠪᠠ᠃ ᠨᠡᠭᠡᠷᠡᠨ ᠴᠤ ᠰᠠᠢ᠌ᠨ ᠵᠡᠭᠦᠳᠤ ᠪᠠᠢ᠌ᠪᠠ ᠰᠢᠤ᠃ ᠶᠠᠪᠣᠳᠠᠯ ᠪᠦᠭᠦᠨ ᠲᠤᠢ᠌ᠯ ᠤᠨ ᠣᠷᠤᠭᠰᠢᠳᠠᠢ᠂ ᠦᠪᠡᠷ ᠮᠤᠩᠭ᠋ᠤᠯ ᠤᠨ ᠳᠸᠯᠸᠢᠰ ᠬᠤᠷᠢᠶᠠᠨ ᠤ ᠭᠡᠰᠢᠭ᠍ᠳᠤ ᠠᠪᠣᠭᠠᠢ ᠳᠠᠨᠢᠬᠤ ᠴᠤ ᠦᠭᠡᠶ ᠪᠠᠢ᠌ᠭᠠᠤᠨ (ᠣᠳᠠᠰᠤ ᠪᠠᠷ ᠬᠠᠷᠢᠯᠴᠠᠪᠠ) ᠮᠦᠩᠭᠦ ᠠᠪᠬᠤ ᠦᠭᠡᠶ ᠪᠠᠷ ᠨᠠᠢ᠌ᠷᠠᠭᠤᠯᠤᠭᠴᠢ᠂ ᠰᠡᠭᠦᠳᠡᠷᠯᠡᠭ᠍ᠴᠢ ᠳᠤᠮᠢᠯᠠᠵᠤ 《ᠰᠤᠶᠤᠯ ᠣᠷᠠᠯᠢᠭ》 ᠤᠨ ᠰᠤᠪᠠᠭ ᠶᠢᠡᠷ ᠨᠡᠪᠳᠡᠷᠡᠭᠦᠯᠭᠦ ᠶᠢ ᠵᠦᠪᠰᠢᠶᠠᠷᠠᠪᠠ᠃ ᠰᠤᠶᠤᠯᠳᠤ ᠪᠠᠭᠠᠷᠢᠨ ᠤ ᠰᠤᠶᠤᠷᠬᠠᠯᠳᠤ ᠳᠠᠷᠤᠭ᠎ᠠ ᠨᠡᠷ ᠴᠤ ᠭᠡᠭᠡᠨ ᠮᠠᠯᠮᠠᠢ ᠪᠠᠨ ᠨᠡᠭᠡᠭᠡᠵᠤ ᠭᠡᠯᠳᠦᠷᠢᠭᠦ ᠵᠠᠮ ᠢ ᠳᠤᠸᠠᠯᠠᠭᠤᠯᠪᠠ᠃ ᠪᠢ ᠱᠠᠩᠨᠠᠯ ᠣᠯᠳᠠᠭ ᠦᠭᠡᠶ ᠬᠡᠦᠬᠡᠳ ᠤᠬᠢᠯᠡᠳᠠᠭ ᠡᠴᠠ ᠪᠠᠨ ᠱᠠᠩᠨᠠᠯ ᠣᠯᠭᠤᠵᠤ ᠪᠠᠷᠢ ᠳᠤᠭᠳᠠᠭᠰᠠᠨ ᠠᠷᠪᠠᠨ ᠨᠢ᠋ᠮᠠᠳᠤ ᠰᠢᠭ ᠪᠠᠶᠠᠷᠯᠠᠪᠠ᠃ ᠨᠢᠭᠡ ᠪᠣᠳᠤᠪᠠᠯ ᠪᠢ ᠶᠠᠭᠠᠭᠢᠭᠰᠠᠨ ᠠᠵᠠᠳᠠᠢ ᠭᠦᠮᠤᠨ ᠪᠣᠢ᠃ ᠶᠡᠭᠡ ᠪᠢᠴᠢᠭ᠌ ᠤᠨ ᠭᠦᠮᠤᠨ ᠢᠠᠵᠠᠨᠨᠠᠰᠢ ᠱᠠᠩᠨᠠᠯ ᠣᠯᠵᠤ ᠪᠠᠢ᠌ᠭᠰᠠᠨ ᠴᠤ ᠦᠭᠡᠶ᠂ ᠭᠦᠯᠭᠡᠨ ᠶᠡᠭᠡ ᠨᠠᠢ᠌ᠷᠠᠭᠴᠢ ᠳ᠋·ᠷᠠᠪᠵᠠᠢ ᠡᠭᠡ ᠪᠢᠴᠢᠭ᠌ ᠤᠨ ᠬᠠᠷᠠᠮᠵᠢ ᠶᠢᠨ ᠮᠦᠩᠭᠦ ᠭᠦᠷᠳᠡᠭ᠍ᠰᠡᠨ ᠴᠤ ᠦᠭᠡᠶ᠂ ᠷᠢᠠᠴᠢᠨ ᠤ ᠴᠣᠢ᠌ᠨᠤᠮ ᠰᠢᠯᠦᠭ᠌ ᠶᠢᠡᠨ ᠳᠠᠢ᠌ᠵᠠᠨ᠎ᠠ ᠣᠶᠠᠩᠭ᠋ᠠᠯᠠᠵᠤ ᠴᠢᠳᠠᠯ ᠦᠭᠡᠶ ᠵᠠᠩᠳᠤᠷᠠᠭᠳᠠᠳᠠᠭ᠃ ᠨᠢᠭᠡ ᠨᠤᠫᠧᠯ ᠤᠨ ᠱᠠᠩᠨᠠᠯᠳᠠᠨ ᠱᠠᠩᠨᠠᠯ ᠣᠯᠬᠤ ᠪᠠᠨ ᠰᠤᠨᠤᠰᠤᠭᠰᠠᠨ ᠤ ᠳᠠᠷᠠᠭ᠎ᠠ ᠰᠤᠷᠪᠣᠯᠵᠢᠯᠠᠭᠴᠢᠳ ᠡᠴᠠ ᠳᠤᠳᠠᠭᠠᠵᠤ ᠭᠦᠳᠡᠭᠡ ᠭᠡᠷ ᠲᠡᠭᠡᠨ ᠬᠠᠷᠢᠭᠠᠤᠨ ᠭᠦᠡᠵᠢᠯᠡ ᠪᠠᠷ ᠳᠤᠯᠤᠭᠠᠢ ᠪᠠᠨ ᠣᠷᠢᠶᠠᠨ ᠰᠠᠢ᠌ᠨ ᠭᠡᠭ᠍ᠴᠢ ᠣᠠᠳᠠᠵᠤ ᠠᠮᠠᠷᠠᠯ᠎ᠠ ᠭᠡᠳᠡᠭ᠌᠃ ᠪᠢ ᠶᠠᠭᠤ ᠪᠣᠯᠴᠢᠬᠠᠭᠠᠤᠨ ᠵᠠᠪᠠᠯ ᠱᠠᠩᠨᠠᠯ ᠣᠯᠳᠠᠭ ᠪᠣᠢ︖

ᠳᠦᠷᠦᠭᠦᠭᠡᠨ ᠨᠠᠢ᠌ᠷᠠᠭ ᠤᠨ ᠨᠠᠢ᠌ᠵᠠ ᠣᠳᠠᠰᠤ ᠢᠷᠡᠭᠦᠯᠵᠤ ᠨ·ᠦᠯᠵᠡᠢ᠌ᠪᠠᠳᠤ ᠪᠠᠭᠰᠢ ᠢᠷᠠᠯ᠎ᠠ᠃ ᠬᠠᠮᠳᠤ ᠪᠠᠷ ᠶᠢᠡᠨ ᠨᠢᠭᠡ ᠰᠠᠭᠤᠵᠠᠭᠠᠬᠤ ᠦᠭᠡᠶ ᠦᠦ︖ ᠭᠡᠯ᠎ᠡ᠃ ᠪᠤᠯᠤᠯᠭᠦᠢ ᠶᠠᠭᠠᠭᠢᠬᠤᠪ᠃ ᠡᠩ ᠤᠨ ᠨᠢᠭᠡ ᠨᠠᠢ᠌ᠷᠠᠭᠤᠯᠤᠭᠴᠢ ᠢᠷᠡᠭ᠍ᠰᠡᠨ ᠴᠤ᠂ ᠬᠠᠮᠢᠭ᠎ᠠ ᠶᠠᠮᠠᠷ ᠭᠠᠵᠠᠷ ᠤᠨ ᠰᠢᠯᠦᠭ᠍ᠴᠢᠳ ᠲᠡᠶ ᠴᠤ ᠨᠢᠭᠡ ᠭᠡᠷ ᠤᠨ ᠮᠠᠳᠤ ᠪᠠᠭᠳᠠᠯᠴᠠᠵᠤ᠂ ᠳᠡᠭᠡᠪᠦᠷ ᠶᠢᠡᠨ ᠡᠷᠭᠦᠵᠤ ᠠᠪᠣᠮᠠᠷ ᠭᠦᠭᠡᠷᠦᠯᠳᠦᠳᠡᠭ᠌ ᠰᠢᠤ ᠳ᠋ᠠ ᠪᠢᠳᠠ᠃ ᠰᠢᠯᠦᠭ᠌ ᠵᠤᠬᠢᠶᠠᠯ ᠭᠡᠵᠤ ᠣᠩᠭᠢᠷᠠᠳᠠᠭ ᠰᠢᠳᠠ᠃ ᠠᠷᠤ ᠭᠡᠷ ᠲᠡᠭᠡᠨ ᠪᠣᠴᠠᠭᠰᠠᠨ ᠪᠣᠯᠪᠠᠤ︖ ᠬᠠᠷᠢᠴᠠᠵᠤ ᠳᠡᠢ᠌ᠯᠳᠡᠭ᠌ ᠦᠭᠡᠶ᠃ ᠭᠡᠪᠠᠴᠤ ᠳᠠᠷᠠᠭ᠎ᠠ ᠨᠢ ᠬᠤᠭᠤᠯᠠᠨ ᠭᠡᠷ ᠲᠤ ᠪᠠᠢ᠌ᠬᠤ ᠳ᠋ᠤᠨᠢ ᠣᠯᠵᠠᠯᠠᠵᠤ ᠠᠪᠴᠤ ᠪᠢᠯᠠ᠃ ᠳᠡᠭᠡᠭᠡᠳ ᠪᠢ 《ᠠᠪᠬᠤ ᠦᠭᠡᠶ ᠱᠩᠨᠠᠯ》 ᠡᠨᠡᠭᠦ ᠵᠤᠬᠢᠶᠠᠯ ᠤᠨ ᠶᠢᠡᠨ ᠪᠢᠴᠢᠭᠡᠳ ᠪᠠᠢ᠌ᠭᠰᠠᠨ ᠣᠷᠠᠩᠬᠠᠢ ᠰᠠᠷᠠᠩᠬᠠᠢ ᠡᠭᠡ ᠨᠤᠤᠷᠠᠭ ᠤᠨ ᠶᠢᠡᠨ ᠭᠤᠷᠪᠠᠨ ᠬᠠᠭᠤᠳᠠᠰᠤ ᠶᠢ ᠣᠩᠰᠢᠭᠠᠤᠨ ᠦᠭ‍ᠭᠦ ᠳᠤ ᠭᠢᠴᠢᠶᠡᠩᠭᠦᠢ ᠪᠣᠯᠭᠤᠮᠵᠢᠳᠠᠢ ᠦᠯᠵᠡᠢ᠌ᠪᠠᠳᠤ ᠠᠬ᠎ᠠ ᠮᠢᠨᠢ 《ᠰᠠᠨᠠᠭᠠᠷᠪᠣᠤ ᠡ᠂ ᠡᠷᠡᠮᠡᠯᠵᠡᠯ ᠲᠡᠶ ᠪᠠᠢ᠂ ᠣᠯᠵᠤ ᠪᠠᠰᠠ ᠪᠣᠯᠤᠨ᠎ᠠ ᠰᠢᠤ》 ᠭᠡᠵᠤ ᠪᠠᠢ᠌ᠯ᠎ᠠ᠃ ᠡᠨᠡ ᠳᠤᠮᠤ ᠵᠤᠷᠢᠭᠵᠢᠭᠤᠯᠤᠯ ᠳᠤ ᠨᠢ ᠬᠠᠷᠢᠨ ᠡᠮᠵᠡᠭᠯᠡᠴᠢᠭᠡᠯ᠎ᠡ᠃ ᠱᠠᠩᠨᠠᠯ ᠭᠡᠳ ᠪᠠᠢ᠌ᠪᠠᠯ ᠵᠤᠬᠢᠶᠠᠯᠴᠢ ᠠᠬ᠎ᠠ ᠨᠡᠷ ᠶᠢᠡᠨ ᠭᠦᠷᠳᠡᠯ᠎ᠡ ᠠᠶᠤᠯᠭᠠᠬᠤ ᠶᠤᠮ ᠪᠠᠢ᠌ᠨ᠎ᠠ᠃ ᠥᠭᠦᠯᠳᠡᠭᠡᠳ ᠪᠠᠢ᠌ᠪᠠᠯ ᠨᠠᠢ᠌ᠵᠠ ᠨᠥᠭᠦᠤᠨ ᠲᠡᠶ ᠪᠠᠨ ᠭᠦᠷᠳᠡᠯ᠎ᠡ ᠮᠠᠭᠤᠳᠠᠯᠴᠢᠬᠠᠬᠤ ᠨᠢ ᠪᠠᠢ᠌ᠨ᠎ᠠ᠂ ᠨᠠᠩ ᠰᠢᠭᠦᠭ᠍ᠴᠢ ᠭᠢᠨᠠᠭᠴᠢᠳ ᠢ ᠪᠣᠯ ᠳᠤᠳᠠᠭᠠᠯᠠᠭᠠᠬᠤ ᠶᠤᠮ ᠪᠠᠢ᠌ᠨ᠎ᠠ᠃ ᠬᠠᠰᠢᠯᠠ ᠣᠬᠠᠭᠠᠯᠢᠭ ᠨᠠᠢ᠌ᠷᠠᠭᠴᠢ ᠵᠤᠬᠢᠶᠠᠯᠴᠢᠳ ᠮᠠᠨᠢ ᠠᠪᠣᠭᠰᠠᠨ ᠳᠡᠭᠡᠷ᠎ᠡ ᠡ᠃ ᠪᠣᠷᠬᠠᠨ ᠳᠡᠭ᠍ᠷᠢ ᠨᠠᠮᠢ᠋ᠢ ᠰᠢᠯᠦᠭ᠌ ᠤᠨ ᠠᠪᠢᠶᠠᠰ ᠲᠡᠶ ᠳᠦᠷᠦᠭᠦᠯᠦᠭᠰᠡᠨ ᠪᠠᠢ᠌ᠳᠠᠯ᠎ᠠ ᠶᠠᠭᠠᠭᠢᠭᠠᠤᠨ ᠡᠮᠵᠢᠭ᠌ ᠢ ᠨᠢ ᠲᠦᠯᠭᠢᠭᠦᠤ ᠦᠭ‍ᠭᠦᠭ᠍ᠰᠡᠨ ᠪᠣᠢ︖ ᠳᠡᠭ᠍ᠷᠢ ᠮᠠᠳᠤ ᠠᠭᠤᠵᠢᠮ ᠪᠠᠭᠳᠠᠭᠠᠮᠵᠢ ᠡᠴᠠ ᠨᠢ ᠢᠯᠡᠭᠦᠤ ᠣᠯᠭᠤᠭᠰᠠᠨ ᠪᠣᠯ︖ ᠡᠨᠡ ᠥᠭᠡ ᠶᠢ ᠪᠣᠳᠤᠵᠤ ᠣᠯᠬᠤ ᠲᠡᠶ ᠵᠡᠷᠭᠡ ᠮᠢᠨᠤ ᠳᠠᠨᠢᠳᠠᠭ ᠣᠷᠠᠯᠢᠭ ᠤᠨ ᠠᠪᠣᠷᠭᠤ ᠨᠤᠭᠤᠳ ᠮᠠᠨᠢ ᠰᠠᠨᠠᠭᠳᠠᠯ᠎ᠠ᠃ ᠬᠠ᠊·ᠳ᠋ᠠᠮᠪᠢᠵᠠᠯᠰᠠᠨ᠂ ᠠ᠊·ᠣᠤᠠᠽᠠᠷ᠂ ᠨ·ᠰᠠᠢ᠌ᠰᠢᠶᠠᠯᠳᠤ᠂ ᠭᠡᠷᠡᠯᠴᠤᠭᠳᠤ᠂ ᠠᠶᠤᠩᠭ᠎ᠠ᠂ ᠠᠷᠳᠠᠢ᠂ ᠯᠢᠭ᠍ᠳᠡᠨ ᠠ᠊·ᠪᠠᠶᠠᠷ ᠶᠠᠮᠠᠷ ᠮᠤᠠᠳᠠᠭ ᠶᠤᠮ ᠪᠣᠢ︖ ᠭᠠᠵᠠᠷ ᠭᠦᠳᠡᠯᠵᠤ ᠪᠠᠢ᠌ᠳᠠᠯ᠎ᠠ ᠭᠠᠷᠤᠭᠠᠤᠨ ᠭᠦᠶ‍ᠦᠭᠦ ᠦᠭᠡᠶ ᠭᠡᠮᠡᠷ ᠭᠦᠯ ᠠᠯᠳᠠᠬᠤ ᠦᠭᠡᠶ ᠪᠠᠢ᠌ᠷᠢᠯᠠᠬᠤᠨ᠂ ᠶ‍ᠢᠷᠳᠢᠠᠴᠤ ᠶᠢ ᠭᠦᠢᠴᠡᠳ ᠮᠡᠳᠡᠭ᠍ᠰᠡᠨ ᠶᠤᠮ ᠰᠢᠭ᠂ ᠭᠦᠮᠤᠨ ᠢ ᠬᠠᠢ᠌ᠷᠠᠯᠠᠬᠤ ᠡᠨᠡᠷᠢᠩᠭᠦᠢ ᠳᠤᠳᠤᠷ ᠲᠡᠶ᠂ ᠵᠢᠰᠢᠶ᠎ᠠ ᠠᠪᠣᠮᠠᠷ᠂ ᠠᠳᠢᠰ ᠭᠦᠷᠳᠡᠮᠡᠷ 《ᠪᠣᠷᠬᠠᠤᠨ》 ᠶᠤᠮ᠃ ᠣᠳᠤ ᠪᠢ ᠦᠪᠡᠷ ᠢ ᠪᠠᠨ ᠳᠠᠨᠢᠯ᠎ᠠ᠂ ᠨᠠᠳᠠ ᠳᠤ ᠶᠠᠮᠠᠷ ᠨᠢᠭᠡ ᠶᠠᠭᠤᠮ᠎ᠠ ᠳᠤᠳᠠᠵᠤ ᠪᠠᠢ᠌ᠨ᠎ᠠ᠂ ᠭᠤᠮᠤᠳᠠᠯᠯᠠᠵᠤ 《ᠠᠪᠬᠤ ᠦᠭᠡᠶ ᠱᠠᠩᠨᠠᠯ》 ᠭᠡᠭᠦ ᠶᠤᠮ ᠪᠢᠰᠢ᠂ ᠶ‍ᠢᠷᠳᠢᠠᠴᠤ ᠳᠤ ᠱᠠᠩᠨᠠᠯ ᠪᠠᠢ᠌ᠨ᠎ᠠ ᠭᠡᠳᠡᠭ᠌ ᠢ ᠮᠡᠳᠡᠭᠦ ᠴᠤ ᠦᠭᠡᠶ ᠰᠢᠯᠦᠭ᠌ ᠳᠡᠭᠡᠷ᠎ᠡ ᠪᠠᠨ ᠵᠤᠪᠠᠵᠤ ᠪᠠᠶᠠᠷᠯᠠᠵᠤ ᠠᠮᠢᠳᠤᠷᠠᠬᠤ ᠣᠴᠢᠷᠳᠠᠢ ᠡ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6219
ᠴᠠᠭ᠄ 2010 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ