☆ ᠤᠯᠠᠮᠰᠠᠢᠨ
ᠣᠷᠠᠨ ᠵᠣᠬᠢᠶᠡᠯ ᠤᠨ ᠬᠢᠨ ᠤ ᠨᠢᠭᠡ ᠡᠳᠥᠷ
ᠸᠢ᠍ᠴᠡᠲ ᠲᠡᠭᠡᠷᠠ᠂ ᠬᠣᠰᠢ᠍ᠭᠣᠨ ᠤ ᠣᠳᠬᠠ ᠣᠷᠠᠯᠢ᠍ᠭ ᠵᠣᠬᠢᠶᠠᠨ ᠨᠠᠢ᠌ᠷᠠᠭᠣᠯᠬᠣ ᠬᠡᠷ ᠤᠨ ᠲᠣᠷᠣᠨᠠ ᠪᠠᠭᠰᠢ ᠶᠢᠨ ᠢᠷᠡᠬᠦᠯᠦᠭ᠍ᠰᠡᠨ 《ᠪᠣᠯᠪᠠᠰᠣᠷᠡᠯ ᠤᠨ ᠠᠩᠬᠢ》 ᠡᠷᠬᠢᠯᠡᠬᠦ ᠪᠡᠷ ᠪᠠᠢ᠌ᠭᠠ ᠬᠠᠯᠠᠭᠣᠨ ᠴᠢ᠍ᠮᠡᠬᠡ ᠶᠢ ᠲᠣᠰᠣᠭᠠᠳ᠂ ᠰᠡᠳᠬᠢᠯ ᠲᠣᠭᠳ᠋ᠣᠯᠣᠨ ᠪᠠᠶᠠᠷᠯᠠᠭᠰᠡᠨ ᠬᠡᠳ᠋ᠡᠭ᠌ ᠢ ᠴᠣᠬᠣᠮ ᠡ᠊ᠨᠳ᠋ᠡ ᠶᠠᠭᠠᠬᠢᠵᠦ ᠢᠯᠡᠳᠬᠡᠬᠦ ᠪᠠᠨ ᠣᠯᠵᠦ ᠶᠠᠳ᠋ᠠᠨᠠ᠃ ᠲᠡᠭᠡᠭᠡᠳ ᠬᠡᠳ᠋ᠣᠨ ᠣᠷᠡᠨ ᠵᠣᠬᠢᠶᠡᠯ ᠤᠨ ᠪᠠᠬᠠᠳ᠋ᠡᠳ ᠲᠣ ᠪᠠᠨ ᠴᠢ᠍ᠮᠡᠬᠡ ᠪᠢᠴᠢ᠍ᠵᠦ 《ᠬᠠᠯᠠᠭᠣᠨ ᠴᠢ᠍ᠮᠡᠬᠡ》 ᠶᠢ ᠣᠯᠣᠭᠰᠡᠨ ᠤᠤ ᠬᠡᠪᠡᠯ᠂ ᠲᠡᠳ᠋ᠡ ᠨᠡᠷ 《ᠴᠢ᠍ᠮᠡᠬᠡ ᠶᠢ ᠣᠯᠣᠭᠰᠡᠨ᠂ ᠠᠰ ᠤᠨ ᠱᠣᠭᠣᠮ ᠶᠢᠡᠷ ᠨᠡᠷᠠ ᠮᠡᠳ᠋ᠡᠬᠦᠯᠵᠡᠢ᠃ ᠲᠡᠷᠡ ᠡᠳ᠋ᠣᠷ ᠪᠠᠶᠠᠷᠳ᠋ᠡᠢ ᠠᠭᠣᠯᠵᠠᠶᠠ ᠳ᠋ᠠ》 ᠭᠡᠬᠦ ᠶᠤᠮ᠃ ᠣᠷᠡᠨ ᠵᠣᠬᠢᠶᠡᠯ ᠤᠨ ᠨᠠᠢ᠌ᠵᠠ ᠤᠳ ᠲᠡᠢ ᠪᠠᠨ ᠠᠭᠣᠯᠵᠠᠬᠣ ᠨᠢ ᠨᠠᠳ᠋ᠠᠳ᠋ᠣ ᠡᠬᠡᠬᠡ ᠯᠡ ᠲᠣᠳ᠋ᠣᠨᠣ ᠦᠢ᠍ᠷᠠ ᠰᠠᠳ᠋ᠣᠨ ᠲᠡᠢ ᠪᠠᠨ ᠵᠣᠯᠭᠠᠬᠣ ᠮᠡᠳ᠋ᠣ᠂ ᠬᠠᠷᠢ ᠳ᠋ᠥ ᠮᠣᠷᠳ᠋ᠠᠭᠰᠡᠨ ᠪᠦᠰᠡᠬᠦᠢ ᠲᠦ᠋ᠷᠬᠦᠮ ᠳ᠋ᠥ ᠪᠠᠨ ᠵᠣᠴᠢ᠍ᠯᠠᠬᠣ ᠮᠡᠳ᠋ᠣ ᠡᠬᠡᠯᠢ᠍ᠳ᠋ᠡᠢ ᠰᠠᠨᠠᠭᠳ᠋ᠠᠨᠠ᠃
ᠡᠪᠣᠯ ᠬᠦᠢ᠍ᠳ᠋ᠡᠷᠡᠬᠦ ᠲᠣᠰᠣᠮ ᠶᠢᠡᠨ᠂ ᠡᠳ᠋ᠣᠷ ᠬᠣᠨᠣᠭ ᠦᠩᠭᠡᠷᠡᠬᠦ ᠨᠢ ᠶᠣᠰᠣᠳ᠋ᠠᠢ ᠬᠣᠷᠳ᠋ᠣᠨ ᠶᠤᠮ ᠳ᠋ᠠ᠃ ᠰᠡᠳᠬᠢᠯ ᠲᠣᠳ᠋ᠣᠷᠡᠬᠢ ᠪᠠᠶᠠᠰᠬᠣᠯᠠᠩ ᠶᠢᠡᠨ ᠲᠠᠷᠣᠵᠦ ᠶᠡᠳ᠋ᠡᠨ᠂ ᠭᠠᠷᠠᠭ ᠤᠨ ᠰᠡᠬᠦᠯᠴᠢ ᠶᠢᠨ 《ᠪᠣᠯᠪᠠᠰᠣᠷᠡᠯ ᠤᠨ ᠠᠩᠭᠢ》 ᠬᠦᠷᠴᠦ ᠢᠷᠡᠬᠦ ᠶᠢ ᠲᠡᠪᠭᠡᠴᠡᠨ ᠬᠦᠯᠢ᠍ᠶᠡᠨᠠ᠃ ᠡᠬᠦᠨ ᠢ ᠵᠠᠷᠢ᠍ᠮ ᠬᠦᠮᠦᠨ ᠶᠡᠷᠣᠨᠢ ᠦᠢ᠍ᠯᠠᠭᠠᠬᠣ ᠦᠬᠡᠢ ᠶᠤᠮ᠃ ᠬᠡᠳ᠋ᠡᠯᠠ ᠪᠢ ᠲᠡᠳ᠋ᠡᠨ ᠳ᠋ᠥ ᠦᠢ᠍ᠯᠠᠭᠠᠭᠤᠯᠬᠣ ᠶᠢ ᠬᠦᠰᠡᠬᠦ ᠦᠭᠡᠶ᠃ ᠪᠠᠭᠠ ᠰᠣᠷᠭᠠᠭᠣᠯᠢ ᠶᠢᠨ ᠨᠢ᠍ᠬᠡᠳ᠋ᠣᠬᠡᠷ ᠣᠨ ᠳ᠋ᠥ᠂ ᠠᠩᠬᠢ ᠶᠢᠨ ᠡᠷᠬᠢᠯᠡᠭ᠍ᠴᠢ ᠪᠠᠭᠰᠢ ᠡᠴᠡ ᠪᠢᠳ᠋ᠡᠨ ᠳ᠋ᠥ 《ᠶᠠᠮᠠᠷ ᠬᠦᠰᠡᠯᠠᠩ ᠲᠡᠢ ᠪᠣᠢ》 ᠬᠡᠵᠦ ᠨᠢ᠍ᠬᠡ ᠨᠢ᠍ᠬᠡ ᠪᠡᠷ ᠬᠡᠯᠡᠬᠦᠯᠦᠭ᠍ᠰᠡᠨ ᠶᠤᠮ᠃ ᠲᠡᠷᠡ ᠦᠶᠡᠰ᠂ ᠪᠢ ᠮᠢ᠍ᠨᠣ ᠬᠦᠰᠡᠯᠠᠩ ᠦᠷᠦᠬᠡᠯ ᠡᠴᠡ ᠣᠨᠳ᠋ᠣᠣ ᠪᠠᠢ᠌ᠵᠦ᠂ 《ᠬᠣᠵᠢ᠍ᠮ ᠦᠬᠡᠯᠡᠢ ᠪᠣᠯᠪᠡᠯ ᠪᠢ ᠰᠢ᠍ᠯᠦᠭ᠍ᠴᠢ ᠪᠣᠯᠣᠨᠠ》 ᠬᠡᠵᠦ ᠬᠠᠷᠢ᠍ᠭᠣᠯᠣᠭᠰᠡᠨ ᠶᠢᠡᠨ ᠮᠠᠷᠳ᠋ᠠᠭᠠ ᠦᠭᠡᠶ᠃ ᠨᠢ᠍ᠯᠬᠠ ᠪᠠᠭᠠ ᠶᠢᠨ ᠴᠡᠬᠡᠵᠢ᠍ᠨ ᠳ᠋ᠥ ᠪᠠᠨ 《ᠰᠢ᠍ᠯᠦᠭ᠍ᠴᠢ》 ᠬᠡᠳ᠋ᠡᠭ᠌ ᠨᠢ ᠨᠣᠮ ᠵᠣᠬᠢᠶᠡᠯ ᠲᠡᠭᠡᠷᠠ ᠨᠡᠷᠠ ᠪᠠᠨ ᠪᠢᠴᠢ᠍ᠬᠡᠳ ᠪᠠᠢ᠌ᠳ᠋ᠠᠭ ᠶᠢᠡᠷ ᠶᠢᠡᠨ ᠲᠡᠢ᠌ᠮᠣ ᠯᠡ ᠰᠠᠢ᠌ᠬᠠᠨ ᠰᠠᠨᠠᠭᠳ᠋ᠠᠭᠠᠳ ᠪᠠᠢ᠌ᠭᠰᠠᠨ ᠴᠦ ᠶᠣᠮ ᠤᠤ᠂ ᠡᠰᠡᠬᠦᠯᠠ ᠠᠯᠣᠰ ᠬᠡᠳ᠋ᠣ ᠶᠢᠨ ᠪᠣᠳ᠋ᠣᠯ ᠦᠬᠡᠢ ᠲᠦ᠋ᠬᠦᠬᠡ ᠲᠣᠮᠣᠭᠠ ᠦᠬᠡᠢ ᠪᠠᠢ᠌ᠭᠰᠠᠨ ᠡᠴᠡ ᠴᠦ ᠪᠣᠯᠪᠡ ᠤᠤ ᠳ᠋ᠠ᠂ ᠬᠦᠬᠡᠷᠦᠬᠦᠢ ᠪᠠᠭᠠ ᠨᠠᠰᠣ ᠮᠢ᠍ᠨᠢ᠃ ᠲᠡᠭᠡᠭᠡᠳ ᠯᠡ᠂ ᠡᠨᠡᠬᠦ ᠬᠦᠰᠡᠯᠡᠩ ᠤᠨ ᠲᠦ᠋ᠯᠦᠬᠡ ᠪᠠᠭᠠ ᠡᠴᠡ ᠪᠠᠨ ᠶᠠᠭᠣᠮᠠ ᠪᠢᠴᠢ᠍ᠬᠡᠳ ᠯᠡ ᠪᠠᠢ᠌ᠭᠠᠳ ᠣᠳ᠋ᠣ ᠴᠢ᠍ᠨᠢ ᠬᠣᠰᠢ᠍ᠭᠣᠨ ᠤ ᠪᠠᠨ ᠪᠣᠯᠪᠠᠰᠣᠷᠡᠯ ᠤᠨ ᠠᠩᠬᠢ ᠶᠢᠨ ᠡᠩᠨᠡᠬᠡᠨ ᠳ᠋ᠥ ᠣᠷᠣᠬᠣ ᠪᠣᠯᠴᠢ᠍ᠬᠠᠭᠰᠡᠨ ᠨᠢ ᠪᠠᠰᠠ ᠨᠢ᠍ᠬᠡ ᠵᠠᠪᠰᠢ᠍ᠶᠡᠨ ᠬᠡᠵᠦ ᠮᠡᠳ᠋ᠡ᠃
ᠬᠦᠰᠡᠬᠦ ᠡᠴᠡ ᠣᠨᠳ᠋ᠣᠣ ᠰᠠᠢ᠌ᠬᠠᠨ ᠶᠠᠭᠣᠮᠠ ᠦᠭᠡᠶ᠃ ᠪᠣᠯᠪᠠᠰᠣᠷᠡᠯ ᠳ᠋ᠥ ᠣᠷᠣᠯᠴᠠᠨᠠ ᠬᠡᠵᠦ ᠪᠢ ᠦᠴᠦᠬᠡᠳ᠋ᠣᠷ ᠣᠷᠣᠢ ᠨᠢ ᠦᠰᠦ ᠬᠡᠵᠢ᠍ᠬᠡ ᠪᠡᠨ ᠶᠠᠩᠵᠣᠯᠠᠵᠦ ᠣᠬᠢᠶᠠᠭᠠᠳ᠂ ᠬᠣᠪᠴᠠᠰᠣ ᠬᠣᠨᠠᠷ ᠶᠢᠡᠨ ᠪᠡᠯᠡᠳᠬᠡᠭᠡᠳ᠂ ᠶᠠᠭ ᠯᠠ 《ᠡᠷᠬᠢᠮᠰᠦᠭ᠌ ᠵᠣᠴᠢ᠍ᠳ ᠤᠨ ᠪᠣᠯᠪᠠᠰᠣᠷᠡᠯ》 ᠳ᠋ᠤ ᠣᠷᠣᠯᠴᠠᠬᠣ ᠬᠡᠮᠡᠷ ᠡ᠃ ᠮᠠᠷᠭᠠᠰᠢ ᠶᠢ᠍ᠰᠣᠨ ᠴᠠᠭ ᠡᠴᠡ ᠡᠮᠣᠨᠠ ᠵᠠᠪᠳ᠋ᠣᠶᠠ ᠬᠡᠵᠦ ᠪᠣᠳ᠋ᠣᠵᠦ ᠪᠠᠢ᠌ᠭᠰᠠᠨ ᠴᠦ᠂ ᠠᠩᠭᠠ ᠵᠣᠯᠵᠠᠭᠠ ᠪᠠᠨ ᠬᠡᠵᠦ ᠠᠷᠭᠠᠳ᠋ᠠᠭᠰᠠᠭᠠᠷ ᠯᠡ ᠪᠠᠢ᠌ᠵᠦ᠂ ᠳᠦᠩᠭᠡᠵᠦ ᠯᠡ 8 ᠴᠠᠭ 50 ᠮᠢ᠍ᠨᠦ᠋ᠲ ᠲᠣ ᠡᠭᠦᠳᠡ ᠪᠠᠨ ᠭᠠᠷᠴᠦ᠂ ᠲᠦ᠋ᠷᠢ᠍ᠶᠡᠰᠣᠨ ᠮᠠᠰᠢ᠍ᠨ ᠳ᠋ᠥ ᠰᠠᠭᠣᠯᠠ᠃ ᠲᠡᠷᠬᠡᠨ ᠲᠣᠳ᠋ᠣᠷᠠ᠂ ᠶᠠᠮᠠᠷ ᠲᠠᠮᠠᠬᠢᠨ ᠴᠢ᠍ᠳᠬᠦᠷ ᠤᠳ ᠨᠢ ᠰᠠᠭᠣᠵᠤ ᠦᠩᠭᠡᠷᠡᠭᠰᠡᠨ ᠢ ᠪᠣᠣ ᠮᠡᠳ᠋ᠡ᠂ ᠲᠣᠯᠣᠭᠠᠢ ᠡᠷᠬᠢᠮᠡᠷ ᠯᠡ ᠲᠣᠷᠠ ᠪᠣᠯᠬᠢᠨᠠ᠃ ᠦᠬᠡᠢ᠂ ᠶᠠᠷᠣᠨᠢ ᠲᠦ᠋ᠷᠢ᠍ᠶᠠᠰᠣᠨ ᠮᠠᠰᠢ᠍ᠨ ᠶᠤᠮ ᠴᠢ᠍ᠨᠢ ᠶᠠᠮᠡᠷ ᠬᠦᠮᠦᠨ ᠰᠠᠭᠣᠬᠣ ᠦᠬᠡᠢ ᠪᠣᠢ ᠳᠠ ᠬᠡᠵᠦ ᠵᠦᠪᠲᠡᠭᠡᠨ᠂ ᠲᠡᠷᠬᠡᠨ ᠴᠣᠩᠬᠣ ᠪᠡᠷ ᠭᠠᠳ᠋ᠠᠭᠰᠢ ᠬᠠᠷᠡᠨ ᠬᠣᠷᠳ᠋ᠣᠨ ᠬᠦᠷᠬᠦ ᠶᠢ ᠶᠠᠭᠠᠷᠡᠯᠠ᠃
ᠡᠮᠣᠨᠡᠬᠡᠨ ᠨᠢ᠍ᠬᠡᠨ ᠣᠷᠡᠨ ᠵᠣᠬᠢᠶᠠᠯ ᠤᠨ ᠨᠠᠢ᠌ᠵᠠ ᠨᠠᠳ᠋ᠠᠳ᠋ᠣ 《ᠪᠢᠴᠢ᠍ᠬᠠᠨ ᠲᠡᠬᠦᠦᠬᠡ ᠮᠢ᠍ᠨᠢ᠂ ᠣᠷᠡᠨ ᠵᠣᠬᠢᠶᠡᠯ ᠦᠨᠡᠨ ᠳ᠋ᠥ ᠪᠠᠨ ᠴᠢ᠍ᠮᠠ ᠳ᠋ᠥ ᠶᠠᠭᠣ ᠴᠦ ᠠᠪᠴᠢ᠍ᠷᠡᠵᠦ ᠲᠡᠢ᠌ᠯᠬᠦ ᠦᠭᠡᠶ᠃ ᠲᠡᠭᠡᠬᠦ ᠪᠡᠷ ᠶᠢᠡᠨ ᠢᠯᠡᠬᠦᠦ ᠬᠡᠣᠬᠡᠳ ᠲᠦ᠋ᠷᠣ ᠡ᠂ ᠦᠨᠳ᠋ᠣᠰᠦᠳ᠋ᠡᠨ ᠤ ᠪᠠᠨ ᠲᠦ᠋ᠯᠦᠬᠡ ᠬᠣᠶᠠᠷ ᠭᠣᠷᠪᠡᠨ ᠬᠡᠣᠬᠡᠳ ᠠᠪ !》 ᠬᠡᠵᠦ ᠰᠠᠨᠠᠭᠣᠯᠵᠦ ᠪᠠᠢ᠌ᠭᠰᠠᠨ ᠢ ᠰᠠᠨᠠᠭᠠᠨ ᠳ᠋ᠥ ᠣᠷᠣᠵᠠᠢ᠃
ᠪᠢ ᠰᠢ᠍ᠯᠦᠭ᠍ᠴᠢ ᠵᠣᠬᠢᠶᠠᠯᠴᠢ ᠪᠢᠰᠢ᠂ ᠵᠢᠷ ᠤᠨ ᠯᠠ ᠨᠢ᠍ᠬᠡᠨ ᠮᠣᠩᠭ᠋ᠣᠯ ᠪᠦᠰᠡᠬᠦᠢ᠂ ᠬᠡᠬᠦ ᠮᠦ᠋ᠷᠳ᠋ᠡᠬᠡᠨ ᠰᠠᠶᠢ᠍ᠬᠠᠨ ᠦᠷᠠ ᠵᠣᠯᠵᠠᠭᠠ ᠲᠡᠢ ᠪᠣᠯᠣᠭᠰᠡᠨ ᠡᠵᠢ ᠬᠦᠮᠦᠨ ᠪᠠᠢ᠌ᠭᠠ᠃ ᠬᠠᠷᠢ᠍ᠨ ᠮᠢ᠍ᠨᠤ ᠠᠮᠢ᠍ᠳ᠋ᠣᠷᠡᠯ ᠶᠠᠷᠣᠨᠢ ᠣᠷᠡᠨ ᠵᠣᠬᠢᠶᠡᠯ ᠡᠴᠡ ᠰᠠᠯᠵᠦ ᠦᠵᠡᠬᠡ ᠦᠭᠡᠶ ᠡ᠃ ᠵᠠᠯᠠᠭᠣ ᠬᠦᠮᠦᠨ ᠤ ᠠᠮᠢ᠍ᠳ᠋ᠣᠷᠡᠯ ᠤᠨ ᠲᠠᠷᠣᠭᠠᠰᠣ ᠣᠯᠡᠨ᠂ ᠨᠡᠢ᠌ᠬᠡᠮ ᠡᠷᠢ᠍ᠶᠡᠨ ᠪᠣᠳ᠋ᠣᠯᠢ᠍ᠶᠡᠨ ᠲᠡᠢ ᠬᠡᠳ᠋ᠡᠭ᠌ ᠢ ᠵᠣᠬᠢᠶᠠᠯᠴᠢ ᠬᠦᠮᠦᠨ ᠤ ᠨᠢ᠍ᠳ᠋ᠣ ᠪᠡᠷ ᠠᠵᠢ᠍ᠭᠯᠠᠬᠣ ᠲᠣᠷᠡᠳ᠋ᠡᠢ᠃ ᠨᠠᠳ᠋ᠠᠳ᠋ᠣ᠂ ᠬᠦᠮᠦᠨ ᠡᠴᠡ ᠢᠯᠡᠬᠦᠦ ᠮᠡᠳ᠋ᠡᠮᠡᠬᠡᠢᠷᠡᠨ᠂ ᠬᠡᠨ ᠳ᠋ᠥ ᠴᠦ ᠪᠠᠭᠣᠵᠦ ᠦᠬᠡᠢ ᠬᠡᠵᠦ ᠣᠮᠣᠷᠬᠠᠭᠯᠡᠨ ᠠᠭᠠᠰᠢ᠍ᠯᠠᠵᠦ ᠪᠠᠢ᠌ᠭᠠ ᠨᠢ᠍ᠬᠡᠨ ᠢ ᠦᠵᠡᠬᠡᠳ᠂ 《ᠬᠡᠢ ᠲᠡᠮᠡᠢ》 ᠬᠡᠮᠡᠨ ᠦᠯᠦ ᠲᠣᠭᠣᠬᠣ ᠠᠷᠡᠰᠢ᠍ᠨ ᠲᠡᠢ᠃ ᠨᠠᠳ᠋ᠠᠳ᠋ᠣ᠂ ᠨᠢ᠍ᠬᠡ ᠶᠠᠭᠣᠮᠠ ᠶᠢᠨ ᠬᠣᠢ᠌ᠨᠠ ᠡᠴᠡ ᠭᠣᠶᠤᠴᠢ ᠦᠭᠡᠶ ᠵᠢᠳᠬᠦᠬᠡᠳ᠂ ᠠᠰᠢ᠍ᠭ ᠲᠣᠰᠠ ᠶᠢᠨ ᠲᠦ᠋ᠯᠦᠬᠡ ᠬᠠᠵᠠᠭᠣᠳ᠋ᠠᠬᠢ ᠪᠠᠨ ᠲᠦ᠋ᠯᠬᠢᠬᠦ ᠦᠭᠡᠶ ᠬᠦᠮᠦᠰ ᠢ ᠪᠢᠰᠢ᠍ᠷᠡᠳ᠋ᠡᠭ᠌ ᠦᠪᠡᠷ ᠤᠨ ᠦᠵᠡᠯᠳ᠋ᠡ ᠲᠡᠢ᠃ ᠨᠠᠳ᠋ᠠᠳ᠋ᠣ᠂ ᠬᠠᠪᠣᠷ ᠤᠨ ᠵᠦ᠋ᠬᠡᠯᠡᠨ ᠬᠣᠷᠠ ᠳ᠋ᠥ ᠨᠢ᠍ᠯᠬᠠ ᠨᠣᠭᠣᠭᠠ ᠮᠡᠳ᠋ᠣ ᠣᠶᠠᠷᠠᠭᠣᠨ᠂ ᠵᠣᠨ ᠤ ᠲᠡᠯᠠ ᠨᠣᠳ᠋ᠣᠭ ᠮᠡᠳ᠋ᠣ ᠠᠭᠣᠵᠢ᠍ᠮ ᠲᠡᠨᠢᠬᠦᠨ᠂ ᠨᠠᠮᠣᠷ ᠤᠨ ᠲᠡᠷᠬᠡᠯ ᠰᠠᠷᠡᠨ ᠮᠡᠳ᠋ᠣ ᠨᠠᠮᠣᠭᠣᠬᠠᠨ᠂ ᠡᠪᠣᠯ ᠤᠨ ᠴᠠᠰᠣ ᠮᠡᠳ᠋ᠣ ᠠᠷᠢ᠍ᠭᠣᠨ ᠴᠠᠢ᠌ᠯᠭᠠᠨ ᠰᠠᠨᠠᠭᠠ ᠪᠠᠢ᠌ᠳ᠋ᠠᠭ᠃
ᠣᠯᠠᠭᠠᠨ ᠳ᠋ᠧᠩ ᠢ ᠬᠦᠯᠢ᠍ᠶᠡᠬᠦ ᠲᠠᠰᠢ᠍ᠷᠡᠮ ᠳ᠋ᠥ᠂ ᠭᠠᠷ ᠣᠳ᠋ᠠᠰᠣ ᠪᠠᠨ ᠨᠡᠭᠡᠭᠡᠵᠦ᠂ 《ᠬᠦᠢ᠂ ᠪᠣᠯᠪᠠᠰᠣᠷᠡᠯ ᠤᠨ ᠬᠣᠷᠡᠯ ᠡᠬᠢᠯᠡᠴᠢ᠍ᠬᠡᠭ᠍ᠰᠡᠨ ᠤᠤ ?》 ᠬᠡᠵᠦ ᠣᠷᠡᠨ ᠵᠣᠬᠢᠶᠡᠯ ᠤᠨ ᠨᠠᠢ᠌ᠵᠠ ᠡᠴᠡ ᠪᠠᠨ ᠠᠰᠠᠭᠣᠪᠡᠯ᠂ 《ᠴᠢ ᠢᠷᠡᠬᠡ ᠦᠭᠡᠢ ᠤᠤ ? ᠪᠤᠰᠢᠭᠤᠯᠠᠭᠠᠴᠢ᠃ ᠣᠳ᠋ᠠᠯ ᠦᠭᠡᠶ ᠡᠬᠢᠯᠡᠬᠦ ᠬᠡᠵᠦ ᠪᠠᠢ᠌ᠨᠠ᠃》 ᠬᠡᠵᠦ ᠴᠠᠭᠠᠳ᠋ᠣᠬᠢ ᠠᠬᠠ ᠶᠠᠭᠠᠷᠠᠭᠣᠯᠣᠨᠠ᠃
ᠲᠦ᠋ᠷᠢ᠍ᠶᠠᠰᠣᠨ ᠮᠠᠰᠢ᠍ᠨ ᠡᠴᠡ ᠪᠠᠭᠣᠬᠣ ᠳ᠋ᠥ᠂ ᠮᠢ᠍ᠨᠤ ᠲᠠᠨᠢᠯᠴᠠᠭᠣᠯᠭᠠ ᠪᠠᠷ ᠢᠷᠡᠭ᠍ᠰᠡᠨ ᠬᠦᠬᠡ ᠭᠣᠸᠠᠢ ᠴᠦ ᠶᠠᠭ ᠰᠠᠶᠢ᠍ᠬᠠᠨ ᠲᠡᠷᠬᠡᠨ ᠡᠴᠡ ᠪᠠᠨ ᠪᠠᠭᠣᠵᠦ ᠢᠷᠡᠬᠦ ᠲᠡᠢ ᠨᠢ ᠠᠰ ᠲᠠᠭᠠᠷᠠᠯᠳ᠋ᠣᠯᠠ᠃ ᠲᠠᠷᠡ ᠬᠦᠮᠦᠨ ᠶᠡᠬᠡ ᠯᠡ ᠬᠡᠷᠰᠡᠦ ᠮᠠᠶᠢ᠍ᠭ ᠲᠡᠢ᠂ ᠨᠠᠮᠠᠢ᠍ᠢ ᠬᠠᠷᠠᠭᠠᠳ ᠯᠡ ᠵᠣᠮᠠᠰᠬᠢᠨ ᠨᠢ᠍ᠬᠡ ᠢᠨᠢᠶᠡᠴᠢ᠍ᠬᠡᠬᠡᠳ ᠲᠠᠨᠢᠬᠣ ᠦᠭᠡᠶ ᠬᠡᠮᠡᠷ ᠣᠪᠯᠡᠴᠢ᠍ᠬᠠᠯᠠ᠃ ᠪᠢᠳ᠋ᠡ ᠬᠣᠶᠠᠭᠣᠯᠠ ᠨᠢ᠍ᠬᠡ ᠰᠠᠭᠣᠭᠠᠯᠢ ᠲᠣᠭᠣᠷᠢ᠍ᠭ ᠲᠣ ᠰᠠᠭᠣᠳ᠋ᠠᠭ᠃ ᠪᠢ ᠲᠣᠷᠣᠨᠠ ᠪᠠᠭᠰᠢ ᠡᠴᠡ ᠭᠣᠶᠣᠵᠦ ᠪᠠᠢ᠌ᠭᠠᠳ ᠲᠡᠬᠦᠨ ᠢ ᠦᠨᠣ ᠪᠣᠯᠪᠠᠰᠣᠷᠡᠯ ᠳ᠋ᠥ ᠣᠷᠣᠯᠴᠠᠭᠣᠯᠣᠭᠰᠡᠨ ᠶᠤᠮ᠃ ᠪᠣᠯᠪᠠᠰᠣᠷᠡᠯ ᠳ᠋ᠥ ᠣᠷᠣᠯᠴᠠᠬᠣ ᠭᠡᠵᠦ ᠪᠠᠢ᠌ᠭᠠᠳ ᠨᠠᠮᠠᠢ᠍ᠢ ᠲᠠᠭᠣᠳ᠋ᠠᠨ ᠬᠠᠮᠲᠤ ᠢᠷᠡᠬᠦ ᠦᠭᠡᠢ ᠶᠠᠮᠠᠷ ᠰᠣᠨᠢᠨ ᠬᠦᠮᠦᠨ ᠪᠣᠢ ᠬᠡᠵᠦ ᠲᠡᠬᠦᠨ ᠳᠦ ᠲᠣᠳ᠋ᠣᠷᠠ ᠪᠡᠨ ᠭᠣᠮᠤᠳᠠᠭᠰᠡᠨ ᠴᠦ᠂ 《ᠨᠠᠳ᠋ᠠᠳ᠋ᠣ ᠰᠢ᠍ᠭ ᠰᠠᠢ᠌ᠬᠠᠨ ᠪᠢᠴᠢ᠍ᠬᠠᠨ ᠪᠡᠷᠢ ᠶᠢ ᠲᠡᠷᠬᠡᠨ ᠳ᠋ᠥ ᠪᠠᠨ ᠲᠡᠭᠡᠭᠡᠵᠦ ᠶᠠᠪᠣᠨᠠ》 ᠬᠡᠭ᠍ᠴᠢ ᠨᠢ ᠲᠡᠬᠦᠨ ᠳ᠋ᠥ ᠠᠷᠠᠢ ᠬᠠᠯᠠ ᠲᠡᠢ ᠰᠠᠨᠠᠭᠳ᠋ᠠᠬᠣ ᠮᠠᠭᠠᠳ ᠬᠡᠵᠦ ᠪᠣᠳ᠋ᠣᠭᠠᠳ ᠢᠨᠢᠶᠡᠳ᠋ᠣ ᠬᠦᠷᠴᠠᠢ᠃
ᠬᠣᠷᠡᠯ ᠤᠨ ᠬᠡᠷ ᠤᠨ ᠵᠦ᠋ᠭ᠌ ᠣᠷᠣᠬᠣ ᠬᠡᠬᠦᠯᠡᠷ᠂ ᠠᠰᠠᠷ ᠤᠨ ᠬᠣᠩᠬᠢᠯ ᠶᠢᠡᠷ ᠣᠯᠡᠨ ᠬᠦᠮᠦᠰ ᠭᠠᠷᠴᠦ ᠢᠷᠡᠬᠦ ᠨᠢ ᠬᠠᠷᠠᠭᠳ᠋ᠠᠨᠠ᠃ ᠬᠣᠷᠳ᠋ᠣᠨ ᠣᠷᠣ ᠡᠵᠡᠯᠡᠬᠦ ᠬᠡᠵᠦ ᠲᠣᠳ᠋ᠣᠭᠰᠢ ᠲᠦ᠋ᠷᠢ᠍ᠬᠦ ᠳ᠋ᠥ᠂ ᠶᠠᠪᠣᠬᠣ ᠲᠣᠳ᠋ᠣᠮ ᠶᠢᠡᠨ ᠭᠠᠷᠴᠦ ᠢᠷᠡᠬᠦ ᠬᠦᠮᠦᠰ ᠣᠯᠡᠰᠢ᠍ᠷᠡᠭᠠᠳ ᠯᠡ ᠪᠠᠢ᠌ᠯᠠ᠃ ᠲᠠᠨᠢᠬᠣ᠂ ᠲᠠᠨᠢᠬᠣ ᠦᠭᠡᠶ ᠨᠢ᠍ᠬᠡ ᠨᠢ᠍ᠬᠡ ᠪᠡᠷ ᠨᠢ ᠮᠡᠨᠳ᠋ᠣᠴᠢ᠍ᠯᠡᠭ᠍ᠰᠡᠭᠡᠷ ᠪᠠᠢ᠌ᠵᠦ᠂ ᠠᠷᠠᠢ ᠬᠡᠵᠦ ᠲᠣᠳ᠋ᠣᠭᠰᠢ ᠬᠣᠷᠡᠯ ᠤᠨ ᠦᠷᠦᠬᠡᠨ ᠳ᠋ᠥ ᠣᠷᠣᠪᠡᠯ᠂ ᠨᠠᠳ᠋ᠠᠳ᠋ᠣ ᠰᠠᠭᠣᠬᠣ ᠭᠠᠵᠡᠷ ᠦᠭᠡᠶ ᠪᠣᠯᠣᠭᠰᠠᠨ ᠨᠢ ᠮᠡᠳ᠋ᠡᠬᠡᠵᠢ᠃ ᠪᠠᠢ᠌ᠭᠣᠯᠭᠠ ᠶᠢᠨ ᠰᠢ᠍ᠶᠣᠣ ᠸᠠᠩ᠂ ᠰᠢ᠍ᠶᠣᠣ ᠯᠧᠢ ᠬᠣᠶᠠᠷ ᠬᠢᠳ᠋ᠡᠳ ᠰᠣᠷᠪᠣᠯᠵᠢ᠍ᠯᠠᠭᠴᠢ ᠲᠡᠢ᠌ᠰᠡᠨ ᠲᠡᠭᠡᠷᠡᠬᠢ ᠪᠢᠴᠢ᠍ᠭ᠌ ᠮᠠᠲ᠋ᠧᠷᠢ᠍ᠶᠡᠯ ᠢ ᠰᠡᠬᠦᠳ᠋ᠡᠷᠯᠡᠬᠡᠳ᠂ ᠨᠢ᠍ᠬᠡ ᠶᠠᠭᠣᠮᠠ ᠪᠣᠯᠭᠠᠬᠣ ᠰᠠᠨᠠᠭᠠ ᠲᠡᠢ᠃ ᠮᠣᠩᠭ᠋ᠣᠯ ᠦᠰᠦᠭ᠌ ᠲᠠᠨᠢᠬᠤ ᠦᠭᠡᠶ ᠲᠡᠳ᠋ᠡ ᠬᠣᠶᠠᠷ ᠲᠤ ᠠᠪᠴᠦ ᠬᠡᠯᠡᠪᠡᠯ᠂ ᠡᠨᠡ ᠨᠢ ᠮᠠᠰᠢ ᠬᠦᠴᠢ᠍ᠷ ᠰᠣᠷᠪᠣᠯᠵᠢ᠍ᠯᠠᠭᠠ ᠬᠡᠵᠦ ᠮᠡᠳ᠋ᠡ᠃ ᠪᠢ ᠴᠦ ᠲᠡᠷᠡ ᠰᠢ᠍ᠨᠠ ᠢᠷᠡᠭ᠍ᠰᠡᠨ ᠬᠣᠶᠠᠷ ᠢ ᠲᠡᠳ᠋ᠣᠢ ᠰᠠᠢ᠌ᠨ ᠲᠡᠨᠢᠬᠣ ᠦᠭᠡᠶ᠂ ᠬᠡᠪᠡᠴᠦ ᠰᠠᠢ᠌ᠨ ᠲᠣᠷᠠ ᠡᠴᠡ ᠪᠠᠨ ᠲᠡᠳ᠋ᠡᠨ ᠳ᠋ᠥ᠂ ᠬᠣᠷᠡᠯ ᠤᠨ ᠲᠣᠬᠠᠢ ᠲᠦ᠋ᠬᠦᠮ ᠲᠠᠨᠢᠯᠴᠠᠭᠣᠯᠵᠦ ᠦᠭ᠍ᠬᠦᠯᠠ᠃ ᠣᠴᠢ᠍ᠷ ᠨᠢ ᠦᠷᠣᠬᠡᠯ ᠤᠨ ᠭᠠᠴᠢ᠍ᠭᠳ᠋ᠠᠵᠦ ᠪᠠᠢ᠌ᠭᠠ ᠦᠶᠡᠰ᠂ ᠲᠣᠰᠠ ᠬᠢᠬᠦ ᠪᠣᠯ ᠬᠦᠮᠦᠨ ᠪᠣᠯᠣᠭᠰᠠᠳ ᠤᠨ ᠪᠣᠯᠪᠠᠰᠣᠨ ᠮᠣᠷᠡᠯ ᠪᠠᠢ᠌ᠬᠣ ᠣᠴᠢ᠍ᠷᠳ᠋ᠡᠢ᠃
ᠭᠠᠳ᠋ᠡᠨᠠ ᠬᠠᠮᠳ᠋ᠣ ᠶᠢᠨ ᠰᠡᠬᠦᠳ᠋ᠡᠷ ᠲᠠᠳ᠋ᠠᠵᠦ ᠪᠠᠷᠠᠭᠠᠳ᠂ ᠪᠣᠯᠪᠠᠰᠣᠷᠡᠯ ᠤᠨ ᠬᠣᠷᠡᠯ ᠶᠢᠡᠨ ᠡᠬᠢᠯᠡᠬᠦᠯᠣᠯᠠ᠃ ᠪᠢ ᠰᠠᠭᠣᠬᠣ ᠭᠠᠵᠡᠷ ᠣᠯᠳ᠋ᠠᠭᠰᠠ ᠦᠬᠡᠢ ᠵᠣᠭᠰᠣᠵᠦ ᠪᠠᠢ᠌ᠬᠣ ᠳ᠋ᠥ᠂ ᠨᠦ᠋ᠬᠦᠬᠡ ᠬᠦᠬᠡ ᠭᠣᠸᠠᠢ ᠬᠠᠷᠢ᠍ᠨ ᠨᠢ᠍ᠬᠡ ᠣᠷᠣ ᠡᠵᠡᠯᠡᠬᠡᠳ ᠰᠠᠭᠣᠵᠦ ᠪᠠᠢ᠌ᠯᠠ᠃ 《ᠦᠪᠡᠷ ᠤᠨ ᠰᠠᠨᠳ᠋ᠠᠯᠢ ᠪᠠᠨ ᠠᠪᠠᠴᠢ᠍ᠭᠰᠡᠨ ᠴᠦ ᠪᠣᠯᠣᠨᠠ》 ᠬᠡᠵᠦ ᠬᠦᠬᠡᠷᠦᠬᠦᠢ᠌ᠯᠡᠯᠳ᠋ᠡᠢ ᠭᠣᠶᠣᠵᠦ ᠪᠠᠢ᠌ᠭᠰᠠᠨ ᠢ ᠨᠢ ᠪᠣᠳ᠋ᠣᠵᠦ ᠣᠯᠣᠭᠠᠳ᠂ 《ᠴᠢ ᠶᠠᠭᠣᠨ ᠳ᠋ᠥ ᠦᠪᠡᠷ ᠤᠨ ᠰᠠᠨᠳ᠋ᠠᠯᠢ ᠪᠠᠨ ᠠᠪᠴᠢ᠍ᠷᠠᠭᠰᠡᠨ ᠦᠭᠡᠶ ᠶᠤᠮ ᠪᠣᠢ》 ᠬᠡᠵᠦ ᠲᠡᠬᠦᠨ ᠢ ᠰᠡᠮᠡᠬᠡᠷ ᠱᠣᠭᠯᠠᠵᠦ ᠭᠠᠷᠣᠭᠰᠡᠨ ᠳ᠋ᠥ᠂ ᠬᠦᠬᠡ ᠭᠣᠸᠠᠢ ᠬᠠᠵᠠᠭᠣᠳ᠋ᠠᠬᠢ ᠬᠦᠮᠦᠨ ᠡᠴᠡ ᠪᠠᠨ ᠢᠴᠢ᠍ᠭ᠍ᠰᠡᠨ ᠮᠠᠭᠠᠳ ᠦᠭᠡᠶ᠂ ᠶᠠᠭᠣ ᠴᠦ ᠬᠡᠯᠡᠵᠦ ᠴᠢ᠍ᠳ᠋ᠠᠭᠰᠡᠨ ᠦᠭᠡᠶ᠃
ᠵᠠ᠂ ᠣᠳ᠋ᠣ ᠭᠠᠷ ᠰᠠᠷᠪᠠᠢ᠌ᠨ ᠵᠣᠭᠰᠣᠬᠣ ᠯᠡ ᠬᠡᠷᠡᠭ᠌ ᠪᠣᠯᠵᠠᠢ ᠬᠡᠵᠦ ᠪᠣᠳ᠋ᠣᠬᠣ ᠳ᠋ᠥ᠂ ᠲᠣᠷᠣᠨᠠ ᠪᠠᠭᠰᠢ ᠠᠯᠢ ᠬᠡᠳ᠋ᠣᠢ᠌ᠨ ᠨᠠᠳ᠋ᠠᠳ᠋ᠣ ᠨᠢ᠍ᠬᠡ ᠰᠠᠨᠳ᠋ᠠᠯᠢ ᠣᠯᠵᠦ ᠠᠪᠴᠢ᠍ᠷᠠᠨ ᠳ᠋ᠡᠮᠪᠡ ᠭᠣᠸᠠᠢ ᠶᠢᠨ ᠬᠠᠵᠠᠭᠣ ᠳ᠋ᠥ ᠲᠡᠯᠪᠢᠭᠠᠳ᠂ 《ᠭᠣᠯᠣᠣ᠂ ᠡ᠊ᠨᠳ᠋ᠡ ᠰᠠᠭᠣ!》 ᠬᠡᠵᠦ ᠣᠷᠣ ᠭᠠᠷᠭᠠᠵᠦ ᠦᠭ᠍ᠬᠦᠯᠠ᠃ ᠦᠨᠣ ᠳ᠋ᠡᠮᠪᠡ ᠭᠣᠸᠠᠢ ᠶᠢ ᠪᠢ ᠰᠠᠢ᠌ᠨ ᠲᠠᠨᠢᠳ᠋ᠠᠭ᠃ ᠡᠨᠡ ᠬᠦᠮᠦᠨ ᠠᠴᠢ᠍ᠯᠡᠯ ᠵᠢᠷᠣᠮ ᠢ ᠮᠡᠳ᠋ᠡᠬᠦ ᠦᠭᠡᠶ ᠠᠪᠣ ᠡᠵᠢ ᠪᠠᠨ ᠬᠡᠷ ᠡᠴᠡ ᠬᠦᠬᠡᠬᠡᠵᠦ ᠭᠠᠷᠭᠠᠭᠰᠡᠨ ᠮᠦ᠋ᠷᠳ᠋ᠡᠬᠡᠨ ᠡᠩ ᠤᠨ ᠴᠠᠭ ᠲᠠᠭᠠᠨ ᠬᠣᠳ᠋ᠡᠯ ᠬᠡᠯᠡᠬᠡᠳ ᠵᠣᠭᠣᠰ ᠢ ᠮᠡᠬᠡᠯᠡᠳ᠋ᠡᠭ᠌ ᠬᠡᠵᠦ ᠣᠯᠡᠨᠳ᠋ᠡ ᠰᠣᠨᠣᠰᠴᠦ ᠦᠩᠭᠡᠷᠡᠭᠰᠡᠨ᠃ ᠳ᠋ᠠᠮᠪᠠ ᠨᠠᠮᠠᠢ᠍ᠢ ᠬᠠᠷᠠᠭᠠᠳ 《ᠬᠣᠳ᠋ᠡᠯ》 ᠮᠦ᠋ᠰᠢ᠍ᠶᠡᠴᠢ᠍ᠬᠡᠬᠦ ᠶᠤᠮ᠃ 《ᠡᠢ᠌ᠮᠣ ᠬᠦᠮᠦᠨ ᠤ ᠬᠠᠵᠠᠭᠣ ᠳ᠋ᠥ ᠰᠠᠭᠣᠭᠠᠳ᠂ ᠮᠠᠭᠣ ᠶᠠᠭᠣᠮᠠ ᠨᠠᠭᠠᠯᠳ᠋ᠣᠨᠠ!》 ᠬᠡᠵᠦ ᠲᠣᠳ᠋ᠣᠷᠠ ᠪᠠᠨ ᠪᠣᠳ᠋ᠣᠭᠠᠳ ᠨᠢ᠍ᠬᠡ ᠲᠠᠨᠢᠬᠤ ᠦᠭᠡᠶ ᠡᠬᠡᠴᠢ ᠶᠢᠨ ᠰᠠᠨᠳ᠋ᠠᠯᠢ ᠲᠡᠭᠡᠷᠠ ᠣᠴᠢ᠍ᠵᠦ ᠰᠢ᠍ᠬᠠᠯᠳ᠋ᠣᠨ ᠰᠠᠭᠣᠯᠠ᠃ ᠬᠠᠭᠠᠰ ᠰᠠᠨᠳ᠋ᠠᠯᠢ ᠲᠡᠭᠡᠷᠠ ᠰᠠᠭᠣᠬᠣ ᠬᠡᠵᠦ ᠪᠠᠰᠠ ᠶᠡᠬᠡ ᠬᠠᠯᠠ ᠲᠡᠢ ᠦᠢ᠍ᠯᠡ ᠬᠡᠵᠦ ᠮᠡᠳ᠋ᠡ᠃ 《ᠪᠣᠯᠬᠣ ᠦᠭᠡᠶ ᠪᠣᠯ ᠶᠠᠪᠣᠴᠢ᠍ᠬᠠᠶᠠ!》 ᠬᠡᠵᠦ ᠪᠣᠳ᠋ᠣᠵᠦ ᠪᠠᠢ᠌ᠳ᠋ᠡᠯᠠ᠂ ᠲᠣᠷᠣᠨᠠ ᠪᠠᠭᠰᠢ ᠨᠠᠳ᠋ᠠ ᠪᠡᠷ ᠬᠣᠷᠡᠯ ᠤᠨ ᠲᠣᠬᠠᠢ ᠰᠡᠬᠦᠳ᠋ᠡᠷ ᠲᠠᠳ᠋ᠠᠭᠣᠯᠬᠣ ᠬᠡᠵᠦ ᠰᠡᠬᠦᠳ᠋ᠡᠷᠯᠡᠬᠦ ᠮᠠᠰᠢ᠍ᠨ ᠶᠢᠡᠷ ᠭᠠᠷᠳ᠋ᠠᠭᠣᠯᠣᠯᠠ᠃ ᠬᠣᠶᠠᠷ ᠰᠢ᠍ᠷᠡᠬᠡᠨ ᠤ ᠨᠠᠷᠢ᠍ᠬᠠᠨ ᠵᠠᠭᠠᠭ ᠲᠣᠮᠳ᠋ᠠᠭᠣᠷ᠂ ᠦᠨᠳ᠋ᠣᠷ ᠦᠰᠦᠬᠡᠢ ᠲᠡᠢ ᠭᠣᠳ᠋ᠣᠯ ᠶᠢᠡᠷ ᠬᠦᠩᠭᠡᠨ ᠬᠦᠩᠭᠡᠨ ᠬᠢᠴᠢ᠍ᠶᠡᠨ ᠠᠯᠬᠣᠵᠦ᠂ ᠣᠷᠡᠨ ᠵᠣᠬᠢᠶᠠᠯ ᠤᠨ ᠠᠬᠠᠰ ᠵᠠᠬᠠᠰ ᠨᠠᠢ᠌ᠵᠠ ᠨᠡᠷ ᠲᠣ ᠪᠠᠨ ᠬᠠᠮᠣᠭ ᠤᠨ ᠰᠠᠢ᠌ᠬᠠᠨ ᠨᠢ᠍ᠬᠡ ᠬᠣᠷᠣᠮ ᠢ ᠦᠯᠡᠳ᠋ᠡᠬᠡᠬᠦ ᠬᠡᠵᠦ᠂ ᠵᠣᠭᠰᠣᠴᠠ ᠪᠠᠨ ᠰᠠᠢ᠌ᠨ ᠰᠣᠩᠭ᠋ᠣᠵᠦ ᠰᠠᠬᠦᠳ᠋ᠡᠷᠯᠡᠬᠦ ᠶᠢ ᠬᠢᠴᠢ᠍ᠶᠡᠪᠡ᠃
ᠲᠡᠢ᠌ᠰᠡᠨ ᠲᠡᠭᠡᠷᠠ᠂ ᠣᠳ᠋ᠣᠷᠢ᠍ᠳ᠋ᠣᠯᠭᠠ ᠪᠠᠭᠰᠢ ᠨᠡᠷ ᠬᠦᠨᠴᠠ ᠲᠡᠢ ᠶᠠᠷᠢ᠍ᠶᠠ ᠪᠠᠨ ᠲᠡᠯᠪᠢᠨ ᠦᠷᠬᠦᠯᠵᠢ᠍ᠯᠡᠭ᠍ᠰᠡᠬᠡᠷ ᠪᠠᠢ᠌ᠨᠠ᠃ ᠲᠡᠢ᠌ᠰᠡᠨ ᠲᠣᠣᠷᠠ᠂ ᠨᠠᠳ᠋ᠠᠳ᠋ᠣ 《ᠪᠢᠴᠢ᠍ᠬᠡᠳ ᠯᠡ ᠪᠠᠢ᠌ᠭᠠᠷᠡᠢ᠂ ᠬᠡᠣᠬᠡᠨ》 ᠬᠡᠵᠦ ᠣᠷᠮᠠ ᠬᠠᠢ᠌ᠷᠡᠯᠡᠳ᠋ᠠᠭ ᠡᠪᠣᠭᠡᠨ ᠪᠠᠭᠰᠢ ᠪᠣᠢ᠂ ᠣᠷᠡᠨ ᠵᠣᠬᠢᠶᠠᠯ ᠤᠨ ᠵᠢᠯᠣᠭᠣ ᠶᠢ ᠴᠢ᠍ᠩᠭ᠋ᠠᠯᠠᠭᠰᠡᠨ ᠠᠩᠬᠠ ᠲᠣᠮᠳ᠋ᠠᠳ᠋ᠣ ᠲᠡᠭᠡᠳ᠋ᠣ ᠲᠣᠮᠳ᠋ᠠᠳ᠋ᠣ ᠶᠢᠨ ᠮᠣᠩᠭ᠋ᠣᠯ ᠬᠡᠯᠡᠨ ᠤ ᠪᠠᠭᠰᠢ ᠴᠦ ᠪᠣᠢ᠂ 《ᠮᠠᠨ ᠤ ᠵᠣᠬᠢᠶᠠᠯ ᠪᠢᠴᠢ᠍ᠳ᠋ᠡᠭ᠌ ᠣᠯᠣᠰ ᠤᠳ ᠴᠢ᠍ᠨᠢ ᠲᠡᠢ᠌ᠮᠣ ᠬᠣᠣᠷᠡᠨ ᠮᠠᠭᠣ ᠪᠣᠳ᠋ᠣᠯ ᠦᠬᠡᠢ ᠰᠢ᠍ᠣ》 ᠬᠡᠵᠦ ᠮᠢ᠍ᠨᠤ ᠪᠠᠶᠠᠰᠣᠯ ᠢ ᠲᠠᠭᠠᠭᠠᠳ ᠪᠠᠶᠠᠷᠯᠠᠳ᠋ᠠᠭ᠂ ᠮᠢ᠍ᠨᠣ ᠪᠦᠳ᠋ᠦᠷᠢ᠍ᠯ ᠵᠣᠪᠠᠨᠢᠯ ᠳ᠋ᠥ ᠢᠳ᠋ᠡᠬᠡᠯ ᠵᠣᠷᠢ᠍ᠭ ᠶᠢᠡᠷ ᠲᠡᠳᠬᠦᠳ᠋ᠡᠭ᠌ ᠣᠷᠡᠨ ᠵᠣᠬᠢᠶᠠᠯ ᠤᠨ ᠨᠠᠢ᠌ᠵᠠ ᠤᠳ ᠴᠦ ᠪᠣᠢ᠃ ᠡ᠊ᠨᠳ᠋ᠡ ᠪᠠᠰᠠ ᠳ᠋ᠠᠮᠪᠠ ᠮᠡᠳ᠋ᠣ ᠶᠢᠨ ᠬᠣᠳ᠋ᠡᠯᠴᠢ᠂ ᠬᠦᠬᠡ ᠭᠣᠸᠠᠢ ᠮᠡᠳ᠋ᠣ ᠶᠢᠨ 《ᠣᠪᠠᠯᠠᠭᠴᠢ》 ᠴᠦ ᠪᠣᠢ᠃
ᠬᠢᠴᠢ᠍ᠶᠡᠯ ᠲᠡᠢ᠌ᠯᠪᠣᠷᠢ᠍ᠯᠠᠬᠣ ᠪᠠᠭᠰᠢ ᠨᠡᠷ ᠡᠴᠡ ᠦᠵᠡᠯ ᠰᠠᠨᠠᠭᠠ᠂ ᠦᠬᠦᠯᠡᠯᠬᠡ ᠨᠠᠢ᠌ᠷᠠᠭᠣᠯᠣᠯ᠂ ᠢᠷᠠᠭᠣ ᠨᠠᠢ᠌ᠷᠠᠭ ᠵᠡᠷᠬᠡ ᠲᠡᠯᠠ ᠪᠡᠷ ᠵᠣᠬᠢᠶᠠᠭᠴᠢ᠍ᠳ ᠲᠣ ᠪᠠᠨ ᠲᠡᠢ᠌ᠯᠣᠮᠵᠢ ᠬᠢᠪᠡ᠃ ᠲᠡᠳ᠋ᠡ ᠨᠡᠷ ᠤᠨ ᠬᠦᠳ᠋ᠡᠯᠮᠣᠷᠢ ᠳ᠋ᠥ ᠲᠠᠯᠠᠷᠬᠠᠬᠣ ᠶᠣᠰᠣᠳ᠋ᠠᠢ᠃ ᠦᠨᠡᠨ ᠳ᠋ᠥ ᠪᠠᠨ ᠪᠢᠳ᠋ᠡᠨ ᠳ᠋ᠥ 《ᠣᠶᠣᠨ ᠰᠠᠨᠠᠭᠠᠨ ᠤ ᠬᠦᠨᠠᠰᠣ》 ᠬᠦᠷᠬᠡᠵᠦ ᠢᠷᠡᠬᠦᠯᠦᠭ᠍ᠰᠡᠨ ᠡᠯᠴᠢ ᠬᠡᠵᠦ ᠪᠢ ᠪᠠᠬᠠᠷᠬᠠᠨ ᠰᠣᠨᠣᠰᠣᠯᠠ᠃ ᠵᠣᠬᠢᠶᠠᠯ ᠢ ᠬᠡᠷᠬᠢᠨ ᠪᠢᠴᠢ᠍ᠬᠦ ᠲᠣᠬᠠᠢ᠂ ᠣᠣᠯ ᠤᠨ ᠨᠢ᠍ᠬᠡᠨ ᠡᠪᠣᠭᠡᠨ ᠪᠠᠭᠰᠢ 《ᠵᠣᠬᠢᠶᠠᠯ ᠢ ᠣᠬᠢᠯᠡᠳ᠋ᠡᠯᠠ ᠪᠠᠨ ᠪᠢᠴᠢ!》 ᠬᠡᠵᠦ ᠵᠢᠭᠠᠵᠦ ᠪᠠᠢ᠌ᠭᠰᠠᠨ ᠶᠤᠮᠰᠠᠨ᠃ ᠣᠳ᠋ᠣ ᠮᠠᠨ ᠤ ᠬᠣᠰᠢ᠍ᠭᠣᠨ ᠤ ᠵᠣᠬᠢᠶᠠᠯᠴᠢ᠍ᠳ ᠤᠨ ᠡᠩᠨᠡᠬᠡ ᠣᠯᠠᠮ ᠦᠷᠬᠡᠵᠢ᠍ᠵᠦ᠂ ᠬᠣᠪᠢ ᠬᠦᠮᠦᠨ ᠤ ᠣᠷᠡᠨ ᠵᠣᠬᠢᠶᠠᠨ ᠤᠨ ᠨᠣᠮ ᠲᠡᠬᠦᠪᠣᠷᠢ 90 ᠭᠠᠷᠣᠢ ᠬᠣᠪᠢ ᠬᠡᠪᠯᠡᠭ᠍ᠳ᠋ᠡᠵᠦ ᠪᠣᠢ᠂ ᠨᠡᠩ ᠢᠯᠠᠩᠭ᠋ᠣᠶᠠ ᠣᠷᠴᠢ᠍ᠮᠬᠠᠨ ᠸᠢ᠍ᠴᠠᠲ ᠶᠢᠨ ᠲᠡᠪᠴᠠᠩ ᠲᠡᠭᠡᠷᠠ ᠮᠠᠯᠴᠢ᠍ᠨ ᠰᠢ᠍ᠯᠦᠭ᠍ᠴᠢ᠍ᠳ ᠤᠨ ᠲᠣᠭᠠ ᠶᠠᠪᠣᠬᠣ ᠲᠣᠳ᠋ᠣᠮ ᠨᠡᠮᠡᠭ᠍ᠳ᠋ᠡᠵᠦ᠂ ᠵᠢᠷᠣᠭ ᠦᠵᠡᠵᠦ ᠰᠢ᠍ᠯᠦᠭ᠌ ᠪᠢᠴᠢ᠍ᠬᠦ᠂ ᠢᠵᠢ᠍ᠯ ᠭᠠᠷᠴᠠᠭ ᠲᠡᠢ ᠰᠢ᠍ᠯᠦᠭ᠌ ᠵᠡᠷᠬᠡ ᠬᠡᠯᠪᠡᠷᠢ ᠪᠡᠷ ᠲᠡᠳ᠋ᠡᠨᠡᠷ ᠤᠨ ᠵᠣᠬᠢᠶᠠᠨ ᠪᠢᠴᠢ᠍ᠬᠦ ᠢᠳ᠋ᠡᠪᠬᠢᠵᠢ᠍ᠯ ᠢ ᠶᠡᠬᠡᠪᠡᠷ ᠲᠡᠢ᠌ᠴᠢ᠍ᠯᠠᠭᠰᠡᠨ ᠪᠠᠢ᠌ᠨᠠ᠃ ᠡᠬᠦᠨ ᠳ᠋ᠥ᠂ ᠵᠠᠯᠠᠭᠣ ᠨᠢ᠍ᠬᠡ ᠦᠶᠠ ᠶᠢᠨ ᠣᠷᠡᠨ ᠵᠣᠬᠢᠶᠠᠯ ᠤᠨ ᠲᠣᠷᠠ ᠪᠠᠬᠠᠳ᠋ᠡᠳ ᠢ ᠪᠠᠰᠠ ᠣᠮᠳ᠋ᠠᠭᠠᠢ᠌ᠯᠡᠵᠦ ᠪᠣᠯᠬᠣ ᠦᠭᠡᠶ᠃ ᠨᠠᠰᠣ ᠪᠡᠷ ᠬᠠᠮᠣᠭ ᠪᠠᠭᠠ ᠣᠳ᠋ᠣᠨᠠ ᠲᠡᠬᠦᠦᠬᠡ ᠮᠢ᠍ᠨᠢ᠂ ᠪᠣᠯᠪᠠᠰᠣᠷᠡᠯ ᠳᠤ ᠣᠷᠣᠯᠴᠠᠬᠣ ᠭᠡᠵᠦ ᠲᠣᠰᠬᠠᠢ᠌ᠯᠡᠨ ᠪᠠᠶᠠᠷᠳ᠋ᠣᠬᠣᠰᠢ᠍ᠭᠣ ᠨᠣᠳ᠋ᠣᠭ ᠡᠴᠡ ᠢᠷᠡᠭ᠍ᠰᠡᠨ ᠢ ᠪᠢ ᠮᠡᠳ᠋ᠡᠨᠠ᠃ 《ᠡᠬᠡᠴᠢ ᠡ᠂ ᠪᠣᠯᠪᠠᠰᠣᠷᠡᠯ ᠤᠨ ᠡᠳ᠋ᠣᠷ ᠲᠣ ᠬᠣᠶᠠᠭᠣᠯᠠ ᠪᠠᠨ ᠠᠭᠣᠯᠵᠠᠶᠠ》 ᠬᠡᠵᠦ ᠪᠣᠯᠵᠣᠭᠰᠡᠨ ᠴᠦ᠂ ᠬᠣᠶᠠᠭᠣᠯᠠ ᠪᠠᠨ ᠴᠣᠭ ᠰᠠᠭᠣᠵᠦ ᠠᠭᠣᠵᠢ᠍ᠷᠡᠳ᠋ᠡᠯᠠ ᠪᠠᠨ ᠶᠠᠷᠢ᠍ᠯᠴᠠᠵᠦ ᠲᠡᠢ᠌ᠯᠥᠬᠡ ᠦᠭᠡᠶ᠃ ᠲᠡᠬᠦᠨ ᠤ ᠰᠢ᠍ᠯᠦᠭ᠌ ᠪᠦᠳ᠋ᠦᠬᠡᠯ ᠦᠳ ᠴᠦ ᠰᠣᠨᠢᠨ ᠰᠡᠳᠬᠦᠯ ᠲᠡᠭᠡᠷᠠ ᠨᠠᠢ᠌ᠳ᠋ᠡᠯᠡᠭ᠍ᠳ᠋ᠡᠵᠦ ᠪᠠᠢ᠌ᠭᠠ ᠮᠦ᠋ᠷᠳ᠋ᠡᠬᠡᠨ ᠪᠠᠰᠠ ᠣᠷᠣᠨ ᠤ ᠲᠣᠳ᠋ᠣᠷᠡᠬᠢ ᠵᠠᠷᠢ᠍ᠮ ᠣᠷᠣᠯᠳ᠋ᠣᠭᠠᠨ ᠳ᠋ᠥ ᠱᠠᠩᠨᠠᠯ ᠬᠦᠬᠢᠬᠦᠯᠣᠯ ᠭᠠᠷᠳ᠋ᠠᠭᠰᠡᠨ ᠣᠳ᠋ᠠᠭᠠ ᠲᠡᠢ᠃ ᠡᠨᠡ ᠴᠢ᠍ᠨᠢ ᠮᠦ᠋ᠨᠴᠥ ᠪᠢᠴᠢ᠍ᠬᠠᠨ ᠬᠡᠣᠬᠡᠨ ᠤ ᠣᠷᠡᠨ ᠵᠣᠬᠢᠶᠡᠯ ᠤᠨ ᠲᠦ᠋ᠯᠦᠬᠡ ᠬᠡᠰᠡᠨ ᠦᠴᠦᠬᠡᠨ ᠬᠣᠪᠢ ᠨᠡᠮᠡᠷᠢ ᠪᠠᠢ᠌ᠵᠦ ᠲᠠᠭᠠᠷᠡᠨᠠ᠃ ᠪᠢᠳ᠋ᠡ ᠵᠦ᠋ᠪᠬᠡᠨ ᠭᠠᠷ ᠤᠨ ᠠᠶᠠ ᠪᠡᠷ ᠲᠣᠯᠣᠭᠠᠢ ᠰᠡᠬᠦᠯ ᠬᠣᠯᠪᠣᠭᠠᠳ ᠪᠢᠴᠢ᠍ᠬᠡᠳ ᠯᠡ ᠪᠣᠯᠬᠣ ᠦᠭᠡᠶ᠃ ᠨᠢ᠍ᠬᠡ ᠬᠣᠶᠠᠷ ᠪᠠᠳ᠋ᠠᠭ ᠪᠢᠴᠢ᠍ᠬᠡᠳ ᠯᠡ ᠲᠠᠷᠣᠢ 《ᠠᠯᠳ᠋ᠠᠷᠳ᠋ᠣ ᠰᠢ᠍ᠯᠦᠭ᠍ᠴᠢ ᠵᠣᠬᠢᠶᠠᠯᠴᠢ》 ᠬᠡᠵᠦ ᠪᠡᠶᠠ ᠪᠡᠨ ᠦᠨᠳ᠋ᠣᠷ ᠦᠨᠡᠯᠡᠵᠦ ᠪᠣᠯᠬᠣ ᠦᠭᠡᠶ᠃ ᠲᠡᠢ᠌ᠮᠣ ᠡ᠂ ᠣᠷᠡᠨ ᠵᠣᠬᠢᠶᠠᠯ ᠢ ᠪᠠᠷᠣᠭ ᠤᠨ ᠬᠦᠮᠦᠨ ᠪᠢᠴᠢ᠍ᠬᠡᠳ ᠴᠢ᠍ᠳ᠋ᠠᠳ᠋ᠠᠭ ᠴᠦ ᠪᠢᠰᠢ᠂ ᠬᠡᠬᠦ ᠮᠦ᠋ᠷᠳ᠋ᠡᠬᠡᠨ ᠪᠢᠴᠢ᠍ᠭ᠍ᠰᠡᠨ ᠪᠣᠯᠭᠠᠨ 《ᠣᠷᠡᠨ ᠵᠣᠬᠢᠶᠠᠯ》 ᠶᠢᠡᠨ ᠰᠢ᠍ᠭ᠌ ᠰᠠᠢ᠌ᠬᠠᠨ ᠪᠠᠢ᠌ᠭᠠ ᠴᠦ ᠪᠢᠰᠢ᠃
ᠡᠨᠡ ᠦᠶᠠᠰ᠂ ᠠᠷᠣ ᠬᠡᠷ ᠡᠴᠡ ᠣᠳ᠋ᠠᠰᠣ ᠢᠷᠡᠬᠦᠯᠣᠨ᠂ ᠠᠩᠭᠠ ᠦᠯᠣᠰᠣᠬᠡᠳ ᠣᠬᠢᠯᠡᠵᠦ ᠪᠠᠢ᠌ᠨᠠ ᠬᠡᠵᠦ 《ᠵᠠᠷᠯᠢ᠍ᠭ ᠤᠨ ᠪᠢᠴᠢ᠍ᠭ᠌》 ᠪᠠᠭᠣᠯᠭᠠᠵᠦ ᠪᠠᠢ᠌ᠪᠠ᠃ ᠲᠣᠷᠣᠨᠠ ᠪᠠᠭᠰᠢ ᠡᠴᠡ ᠴᠢᠯᠦᠭᠡ ᠬᠡᠯᠡᠬᠡᠳ ᠭᠠᠷᠴᠦ ᠢᠷᠡᠬᠦ ᠳ᠋ᠥ᠂ ᠭᠠᠳ᠋ᠠᠨᠠ ᠶᠣᠰᠣᠳ᠋ᠠᠢ ᠰᠡᠳᠬᠢᠯ ᠳ᠋ᠥ ᠠᠶᠠᠳ᠋ᠠᠢ᠌ᠬᠠᠨ ᠲᠣᠪ ᠲᠣᠯᠠᠭᠠᠬᠠᠨ ᠪᠠᠢᠯᠠ᠃ ᠶᠠᠭᠠᠷᠡᠨ ᠭᠠᠷ ᠣᠳ᠋ᠠᠰᠣ ᠪᠠᠨ ᠲᠡᠯᠬᠡᠨ᠂ ᠬᠡᠷ ᠲᠣ ᠪᠠᠨ ᠣᠳ᠋ᠠᠰᠣᠳ᠋ᠡᠪᠡᠯ᠂ 《ᠠᠩᠭᠠ ᠣᠨᠳ᠋ᠠᠴᠢ᠍ᠬᠠᠯᠠ᠂ ᠶᠠᠭᠠᠷᠠᠬᠣ ᠬᠡᠷᠡᠭ᠌ ᠦᠭᠡᠶ》 ᠬᠡᠬᠦ ᠶᠤᠮ᠃ ᠬᠠᠷᠢ᠍ᠨ ᠪᠢ ᠲᠡᠬᠢᠵᠦ ᠣᠷᠣᠵᠦ ᠰᠣᠨᠣᠰᠬᠣ ᠰᠡᠳᠬᠢᠯ ᠦᠭᠡᠶ ᠪᠣᠯᠴᠢ᠍ᠬᠠᠯᠠ᠃ ᠲᠡᠢ᠌ᠮᠣ ᠪᠣᠯ ᠪᠢ ᠨᠠᠢ᠌ᠳ᠋ᠠ ᠶᠢᠨ ᠮᠠᠰᠢ᠍ᠨ ᠲᠡᠷᠬᠡᠨ ᠳ᠋ᠥ ᠰᠠᠭᠣᠭᠠᠳ ᠶᠠᠪᠣᠴᠢ᠍ᠬᠠᠶᠠ ᠳ᠋ᠠ ᠬᠡᠵᠦ᠂ ᠠᠷᠠᠳ ᠤᠨ ᠡᠮᠨᠡᠯᠬᠡ ᠶᠢᠨ ᠪᠠᠷᠠᠭᠣᠨᠠ ᠲᠡᠷᠬᠡ ᠬᠦᠯᠢ᠍ᠶᠡᠵᠦ ᠵᠣᠭᠰᠣᠪᠠ᠃
ᠠᠷᠠᠳ ᠤᠨ ᠡᠮᠨᠡᠯᠬᠡ ᠶᠢᠨ ᠬᠣᠷᠢ᠍ᠶᠠ ᠶᠢᠨ ᠭᠣᠣᠯ ᠡᠬᠦᠳ᠋ᠡᠨ ᠤ ᠵᠡᠬᠦᠨ ᠪᠠᠷᠠᠭᠣᠨ ᠲᠡᠯᠠ ᠳ᠋ᠥ ᠪᠦᠷ ᠨᠠᠢ᠌ᠳ᠋ᠠ ᠶᠢᠨ ᠮᠠᠰᠢ᠍ᠨ ᠲᠡᠷᠬᠡᠨ ᠤ ᠵᠣᠭᠰᠣᠭᠠᠯ ᠲᠡᠢ ᠪᠠᠢ᠌ᠳ᠋ᠠᠭ᠃ ᠪᠠᠷᠠᠭᠣᠨ ᠲᠡᠯᠠ ᠶᠢᠨ ᠵᠣᠭᠰᠣᠭᠠᠯ ᠨᠢ ᠣᠯᠠᠭᠠᠨ ᠨᠣᠭᠣᠭᠠᠨ ᠳ᠋ᠧᠩ ᠲᠡᠢ ᠦᠢ᠍ᠷᠬᠠᠨ ᠪᠠᠢ᠌ᠳ᠋ᠠᠭ᠃ ᠭᠠᠷᠠᠭ ᠤᠨ ᠰᠡᠬᠦᠯᠴᠢ ᠶᠢᠨ ᠡᠨᠡ ᠡᠳ᠋ᠣᠷ᠂ ᠦᠨᠡᠬᠡᠷ ᠣᠷᠡᠨ ᠵᠣᠬᠢᠶᠠᠯ ᠤᠨ ᠬᠢᠨ ᠤ ᠬᠡᠮᠡᠷ ᠰᠠᠢ᠌ᠬᠠᠨ ᠡᠳ᠋ᠣᠷ ᠪᠣᠯᠵᠦ᠂ ᠠᠮᠢ᠍ᠰᠬᠣᠯᠯᠠᠬᠣ ᠳ᠋ᠥ ᠲᠠᠭᠠᠯᠠᠮᠵᠢᠳ᠋ᠠᠢ᠃ ᠵᠠᠮ ᠶᠢᠡᠷ ᠲᠡᠷᠬᠡ ᠣᠨᠣᠭᠠ ᠨᠠᠭᠠᠰᠢ ᠴᠠᠭᠠᠰᠢ ᠰᠦ᠋ᠯᠵᠢ᠍ᠯᠳ᠋ᠣᠨ᠂ ᠪᠢᠯᠵᠣᠣᠬᠠᠢ ᠶᠢᠨ ᠡᠬᠦᠷ ᠤᠨ ᠬᠢᠷᠢ ᠪᠢᠴᠢ᠍ᠬᠠᠨ ᠪᠠᠯᠭᠠᠰᠣᠨ ᠤ ᠡᠪᠣᠯ ᠤᠨ ᠡᠳ᠋ᠣᠷ ᠲᠡᠩᠳ᠋ᠡᠬᠦᠦ ᠬᠦᠬᠡᠷᠦᠬᠦᠢ᠌ᠯᠡᠯᠳ᠋ᠡᠢ ᠰᠠᠨᠠᠭᠳ᠋ᠠᠯᠠ᠃ ᠵᠡᠬᠦᠨ ᠡᠴᠡ ᠨᠠᠢ᠌ᠳ᠋ᠠ ᠶᠢᠨ ᠮᠠᠰᠢ᠍ᠨ ᠤ ᠪᠠᠷᠠ ᠰᠦ᠋ᠮᠡᠢ᠌ᠨ ᠠᠢ᠌ᠰᠣᠢ᠃ ᠪᠢ ᠶᠠᠭ ᠨᠠᠭᠠᠴᠦ ᠠᠪᠣ ᠪᠠᠨ ᠬᠦᠯᠢ᠍ᠶᠡᠵᠦ ᠪᠠᠢ᠌ᠭᠠ ᠰᠢ᠍ᠭ᠂ ᠲᠡᠷᠡ ᠨᠣᠭᠣᠭᠠᠨ ᠦᠩᠭᠡ ᠲᠡᠢ ᠨᠠᠢ᠌ᠳ᠋ᠠ ᠶᠢᠨ ᠮᠠᠰᠢ᠍ᠨ ᠢ ᠬᠦᠰᠡᠨ ᠪᠠᠷᠡᠯᠡᠨᠠ᠃ ᠪᠢ ᠬᠦᠯᠢ᠍ᠶᠡᠭ᠍ᠰᠡᠭᠡᠷ᠂ ᠲᠡᠷᠬᠡ ᠨᠠᠭᠠᠰᠢ᠍ᠭᠯᠠᠰᠠᠭᠠᠷ ᠁
《ᠲᠦ᠋ᠷᠢ᠍ᠶᠠᠰᠣᠨ ᠮᠠᠰᠢ᠍ᠨ ᠳ᠋ᠥ ᠰᠠᠭᠣᠪᠡᠯ ᠵᠢᠷᠭᠣᠭᠠᠨ ᠲᠦ᠋ᠬᠦᠷᠢ᠍ᠭ᠌᠂ ᠨᠠᠢ᠌ᠳ᠋ᠠ ᠶᠢᠨ ᠮᠠᠰᠢ᠍ᠨ ᠳ᠋ᠥ ᠰᠠᠭᠣᠪᠡᠯ ᠵᠦ᠋ᠪᠬᠡᠨ ᠨᠢ᠍ᠬᠡᠯᠡ ᠲᠦ᠋ᠬᠦᠷᠢ᠍ᠭ᠌ ᠬᠡᠷᠡᠭ᠍ᠰᠡᠨᠠ᠃》 ᠬᠡᠵᠦ ᠴᠦ᠋ᠩᠬᠦ ᠡᠴᠡ ᠪᠠᠨ ᠨᠢ᠍ᠬᠡ ᠲᠦ᠋ᠬᠦᠷᠢ᠍ᠭ᠌ ᠶᠢᠡᠨ ᠭᠠᠷᠭᠠᠵᠦ ᠪᠡᠯᠡᠳᠬᠡᠵᠦ ᠪᠠᠢ᠌ᠳ᠋ᠡᠯᠠ᠂ ᠨᠠᠢ᠌ᠳ᠋ᠠ ᠶᠢᠨ ᠮᠠᠰᠢ᠍ᠨ ᠲᠡᠷᠬᠡ ᠠᠷᠠᠳ ᠤᠨ ᠡᠮᠨᠡᠯᠬᠡ ᠶᠢᠨ ᠬᠣᠷᠢ᠍ᠶᠡᠨ ᠤ ᠵᠡᠬᠦᠨᠳ᠋ᠡᠢ ᠵᠣᠭᠰᠣᠴᠢ᠍ᠬᠠᠯᠠ᠃ ᠣᠳ᠋ᠣ ᠨᠠᠭᠠᠰᠢ ᠪᠠᠨ ᠢᠷᠡᠬᠦ ᠨᠢ ᠬᠡᠵᠦ ᠪᠣᠳ᠋ᠣᠵᠦ ᠪᠠᠢ᠌ᠳ᠋ᠡᠯᠠ᠂ ᠦᠨᠣ ᠲᠡᠷᠬᠡ ᠵᠠᠮ ᠶᠢᠡᠨ ᠰᠣᠯᠢ᠍ᠴᠢ᠍ᠬᠠᠭᠠᠳ ᠬᠣᠷᠳ᠋ᠣᠴᠠ ᠪᠠᠨ ᠨᠠᠮᠠᠯᠠ᠃ ᠪᠢ ᠭᠠᠷ ᠲᠠᠯᠯᠠᠬᠣ ᠳ᠋ᠥ᠂ ᠲᠡᠷᠡ ᠵᠢᠯᠣᠭᠣᠴᠢ ᠨᠢ ᠴᠠᠭᠠᠳ᠋ᠠᠢ 《ᠣᠯᠠᠭᠠᠨ ᠨᠣᠭᠣᠭᠠᠨ ᠳ᠋ᠧᠩ》 ᠊ᠢ ᠵᠢᠭᠠᠭᠠᠳ᠂ ᠨᠣᠭᠣᠭᠠᠨ ᠳ᠋ᠧᠩ ᠢ ᠵᠠᠪᠳ᠋ᠣᠨ ᠨᠠᠮᠠᠢ᠍ᠢ ᠲᠡᠭᠡᠭᠡᠬᠦ ᠦᠭᠡᠶ ᠪᠡᠷ ᠰᠣᠮᠣᠳ᠋ᠣᠨ ᠶᠠᠪᠣᠴᠢ᠍ᠬᠠᠯᠠ᠃ ᠠᠭᠱᠠᠨ ᠵᠠᠭᠣᠷᠠ ᠮᠢ᠍ᠨᠤ 《ᠨᠠᠭᠠᠴᠦ ᠠᠪᠣ》 ᠪᠠᠨ ᠬᠡᠰᠡᠨ ᠬᠦᠰᠡᠯ ᠪᠦᠷ ᠬᠦᠬᠡᠰᠣ ᠪᠣᠯᠣᠨ ᠵᠠᠮᠬᠠᠷᠡᠯᠠ᠃
ᠬᠦᠮᠦᠨ ᠬᠡᠳ᠋ᠡᠭ᠌ ᠠᠮᠢ᠍ᠳ᠋ᠡᠨ ᠰᠣᠨᠢ᠍ᠨ ᠶᠤᠮ᠃ ᠵᠠᠷᠢ᠍ᠮ ᠳᠠᠭᠠᠨ ᠬᠡᠯᠡᠬᠦ ᠪᠠᠨ ᠬᠡᠯᠡᠵᠦ ᠴᠢ᠍ᠳ᠋ᠠᠬᠣ ᠦᠭᠡᠶ᠂ ᠵᠠᠷᠢ᠍ᠮ ᠳᠠᠭᠠᠨ ᠣᠨᠳ᠋ᠠᠬᠣ ᠪᠠᠨ ᠣᠨᠳ᠋ᠠᠵᠦ ᠣᠷᠣᠬᠣ ᠦᠭᠡᠶ ᠪᠠᠢ᠌ᠳ᠋ᠠᠭ᠃ ᠦᠨᠣ ᠠᠷᠪᠡᠨ ᠲᠣᠯᠣᠳ᠋ᠣᠭᠠᠷ ᠨᠠᠢ᠌ᠳ᠋ᠠ ᠶᠢᠨ ᠮᠠᠰᠢ᠍ᠨ ᠲᠡᠷᠬᠡ ᠶᠢᠨ ᠵᠢᠯᠣᠭᠣᠴᠢ ᠶᠢᠨ ᠲᠣᠬᠠᠢ ᠣᠯᠣᠰ ᠤᠳ ᠪᠠᠰᠠ 《ᠲᠡᠷᠬᠡ ᠵᠢᠯᠣᠭᠣᠳᠬᠣ ᠨᠢ ᠳ᠋ᠣᠭ ᠳ᠋ᠠᠭ ᠭᠡᠳ ᠁》᠂ 《ᠵᠣᠭᠰᠣᠬᠣ ᠭᠠᠵᠡᠷ ᠵᠣᠭᠰᠣᠭᠰᠡᠨ ᠦᠭᠡᠶ ᠁》 ᠬᠡᠳ ᠦᠢ᠍ᠮᠠᠯᠳ᠋ᠣᠵᠦ ᠪᠠᠢ᠌ᠭᠰᠠᠨ᠂ ᠰᠢ᠍ᠭᠣᠳ ᠨᠠᠢ᠌ᠳ᠋ᠠ ᠶᠢᠨ ᠮᠠᠰᠢ᠍ᠨ ᠲᠡᠷᠬᠡᠨ ᠤ ᠭᠠᠵᠡᠷ ᠣᠳ᠋ᠠᠰᠣᠳ᠋ᠡᠵᠦ ᠪᠠᠢ᠌ᠳ᠋ᠡᠯ ᠢ ᠲᠣᠰᠬᠠᠪᠡᠯ᠂ ᠲᠡᠬᠦᠨ ᠢ ᠠᠵᠢ᠍ᠯ ᠡᠴᠡ ᠨᠢ ᠪᠠᠭᠣᠯᠭᠠᠨᠠ ᠬᠡᠵᠦ ᠠᠮᠠᠯᠠᠵᠤ ᠯᠡ ᠪᠠᠢ᠌ᠭᠰᠠᠨ ᠳ᠋ᠠ᠃ ᠶᠠᠭᠣ ᠶᠢ ᠴᠦ ᠬᠣᠶᠠᠳ᠋ᠡᠮᠡᠯ ᠲᠡᠯᠠ ᠪᠡᠷ ᠦᠵᠡᠬᠦ ᠴᠢ᠍ᠬᠣᠯᠡᠳ᠋ᠡᠢ᠃ ᠪᠢ ᠵᠠᠮ ᠲᠠᠭᠠᠣ ᠶᠢᠨ ᠨᠣᠮ ᠤᠨ ᠲᠡᠯᠬᠡᠬᠦᠷ ᠵᠦ᠋ᠭ᠌ ᠴᠢᠭ᠍ᠯᠡᠯᠠ᠃ ᠬᠠᠰᠢ᠍ᠯᠡ ᠢᠯᠡᠬᠦᠦ ᠨᠣᠮ ᠣᠩᠰᠢ᠍ᠵᠦ ᠦᠪᠡᠷ ᠤᠨ ᠦᠵᠡᠯ ᠰᠠᠨᠠᠭᠠ ᠬᠡᠪ ᠪᠣᠯᠪᠠᠰᠣᠷᠡᠯ᠂ ᠵᠣᠬᠢᠶᠠᠨ ᠪᠦᠳ᠋ᠦᠬᠡᠬᠦ ᠬᠢᠷᠢ ᠲᠦ᠋ᠪᠰᠢ᠍ᠨ ᠶᠢᠡᠨ ᠲᠡᠭᠡᠭ᠍ᠰᠢ᠍ᠯᠡᠬᠦᠯᠬᠦ ᠨᠢ ᠵᠣᠢ᠌ᠳ᠋ᠡᠢ᠃ ᠪᠢ ᠬᠡᠳ᠋ᠣᠨ ᠨᠣᠮ ᠰᠣᠩᠭ᠋ᠣᠵᠦ ᠠᠪᠣᠭᠠᠳ᠂ ᠮᠦ᠋ᠨᠴᠦ ᠲᠦ᠋ᠷᠢ᠍ᠶᠡᠰᠣᠨ ᠮᠠᠰᠢ᠍ᠨ ᠳ᠋ᠥ ᠰᠠᠭᠣᠭᠠᠳ ᠭᠡᠷ ᠲᠦ ᠪᠠᠨ ᠢᠷᠡᠬᠡᠳ᠂ ᠲᠡᠮᠳ᠋ᠡᠭᠯᠡᠯ ᠶᠢᠡᠨ ᠲᠡᠯᠬᠡᠵᠦ 《ᠪᠢ ᠲᠡᠬᠢᠵᠦ ᠪᠣᠯᠪᠠᠰᠣᠷᠡᠯ ᠤᠨ ᠠᠩᠬᠢ ᠳ᠋ᠥ ᠣᠷᠣᠯᠴᠠᠬᠣ ᠦᠭᠡᠶ!》 ᠬᠡᠵᠦ ᠪᠢᠴᠢ᠍ᠵᠦ ᠪᠢᠴᠢ᠍ᠭᠡᠳ ᠣᠷᠡᠵᠦ᠂ ᠬᠣᠭ ᠤᠨ ᠰᠡᠪᠡ ᠳ᠋ᠥ ᠰᠢ᠍ᠳ᠋ᠡᠵᠦ ᠣᠷᠣᠭᠣᠯᠪᠡ᠃
2019᠂11᠂20
ᠵᠤᠬᠢᠶᠠᠭᠴᠢ᠄ ᠤᠯᠠᠮᠰᠠᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄
ᠨᠠᠢᠷᠠᠭᠤᠯᠤᠯᠳᠠᠷᠤᠮ᠄ 40865
ᠴᠠᠭ᠄ 2019 ᠤᠨ ᠤ 11 ᠰᠠᠷᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ