☆ ᠨᠠ᠊·ᠭᠡᠭᠡᠡᠰᠡᠷᠡ
ᠤᠬᠠᠭᠠᠨ ᠤ ᠪᠠᠺᠲ᠋ᠸᠷᠢ
ᠭᠦᠮᠤᠨ ᠤ ᠠᠮᠢ ᠨᠠᠰᠤ ᠪᠣᠯ ᠪᠠᠶ᠎ᠠ ᠮᠠᠬᠠᠪᠣᠤᠨ ᠭᠢᠭᠡᠳ ᠣᠶᠤᠨ ᠰᠠᠨᠠᠭ᠎ᠠ ᠬᠤᠶᠠᠷ ᠨᠡᠢ᠌ᠯᠡᠭᠡᠳ ᠪᠦᠷᠢᠯᠳᠤᠨ ᠪᠦᠳᠦᠭ᠍ᠰᠡᠨ ᠶᠤᠮ᠃ ᠭᠡᠳᠡᠯ᠎ᠡ ᠡᠩ ᠤᠨ ᠪᠠᠢ᠌ᠳᠠᠯ ᠳᠤ ᠭᠦᠮᠦᠰ ᠪᠠᠶ᠎ᠠ ᠮᠠᠬᠠᠪᠣᠤᠨ ᠤᠨ ᠠᠮᠢ ᠶᠢ ᠯᠠ ᠰᠠᠨᠠᠭᠠᠨ ᠳᠠᠭᠠᠨ ᠠᠪᠴᠤ ᠭᠦᠡᠳᠦᠳᠭᠡᠨ ᠦᠵᠡᠭᠦ᠂ ᠴᠢᠨᠠᠭᠰᠢᠯᠠᠨ ᠣᠶᠤᠨ ᠰᠠᠨᠠᠭᠠᠨ ᠤ ᠠᠮᠢ ᠶᠢ ᠣᠮᠳᠤᠭᠠᠢ᠌ᠯᠠᠬᠤ ᠮᠠᠭᠤ ᠵᠠᠩᠰᠢᠯ ᠲᠡᠶ᠃ ᠳᠠᠢ᠌ᠮᠤ ᠪᠣᠯᠬᠤᠷ ᠬᠤᠶᠠᠷ ᠭᠦᠮᠤᠨ ᠠᠭᠤᠯᠵᠠᠭᠠᠤᠨ᠄ 《ᠰᠠᠢ᠌ᠨ ᠪᠠᠢ᠌ᠨ᠎ᠠ ᠦᠦ ︖》 ᠭᠡᠵᠤ ᠮᠡᠡᠳᠦᠴᠢᠯᠡᠭᠦ ᠳᠤ ᠭᠦᠷᠳᠡᠯ᠎ᠡ 《ᠰᠠᠢ᠌ᠨ》 ᠭᠡᠳᠡᠭ᠌ ᠨᠢ ᠪᠠᠶ᠎ᠠ ᠮᠠᠬᠠᠪᠣᠤᠨ ᠤᠨ ᠠᠮᠢ ᠶᠢᠨ ᠡᠷᠡᠭᠦᠯ ᠮᠠᠠᠳᠤ ᠡᠪᠡᠳᠴᠢᠨ ᠡᠮᠭᠡᠭ᠌ ᠦᠭᠡᠶ ᠭᠡᠳᠡᠭ᠌ ᠢ ᠯᠠ ᠵᠢᠭᠠᠵᠤ ᠪᠠᠢ᠌ᠳᠠᠭ᠃ ᠬᠠᠷᠢᠨ ᠣᠬᠠᠭᠠᠨ ᠳᠤᠮᠤᠭ᠎ᠠ ᠪᠣᠶᠤ ᠣᠶᠤᠨ ᠰᠠᠨᠠᠭᠠᠨ ᠤ ᠠᠮᠢ ᠶᠢᠨ 《ᠡᠷᠡᠭᠦᠯ ᠰᠠᠢ᠌ᠨ》 ᠡᠰᠡᠭᠦ ᠶᠢ ᠪᠠᠭᠳᠠᠭᠠᠳᠠᠭ ᠦᠭᠡᠶ᠃
ᠠᠮᠢ ᠶᠢ ᠢᠩᠭᠢᠵᠤ ᠮᠠᠬᠠᠪᠣᠤᠨ ᠤᠨ ᠠᠮᠢ ᠭᠢᠭᠡᠳ ᠣᠶᠤᠨ ᠤ ᠠᠮᠢ ᠭᠡᠵᠤ ᠬᠤᠪᠢᠶᠠᠵᠤ ᠦᠵᠡᠭᠦ ᠨᠢ ᠠᠮᠢ ᠶᠢᠨ ᠣᠬᠠᠭᠠᠨ ᠤ ᠴᠢᠬᠤᠯᠠ ᠨᠢᠭᠡ ᠠᠭᠤᠯᠭ᠎ᠠ ᠪᠣᠯᠬᠤ ᠶᠤᠰᠤᠳᠠᠢ᠃ ᠮᠠᠬᠠᠪᠣᠤᠨ ᠤᠨ ᠠᠮᠢ ᠭᠡᠮᠳᠦᠵᠤ ᠡᠪᠡᠳᠴᠢᠯᠡᠭᠦ ᠡᠴᠠ ᠭᠦᠮᠦᠰ ᠲᠤᠢ᠌ᠯ ᠶᠢᠡᠷ ᠠᠶᠤᠳᠠᠭ ᠪᠦᠭᠡᠳ ᠭᠢᠴᠢᠶᠠᠵᠤ ᠭᠡᠷᠰᠡᠤᠯᠡᠳᠡᠭ᠌᠃ ᠮᠠᠬᠠᠪᠣᠤᠨ ᠤᠨ ᠠᠮᠢ ᠶᠢᠨ ᠡᠪᠡᠳᠴᠢᠨ ᠤ ᠢᠯᠠᠷᠠᠯ ᠨᠢ ᠭᠤᠤᠯᠳᠠᠭᠤ ᠡᠪᠡᠳᠴᠤ ᠬᠠᠪᠤᠳᠴᠤ᠂ ᠡᠨᠡᠯᠵᠤ ᠵᠤᠪᠠᠭᠤᠷᠢᠯᠠᠳᠠᠭ ᠪᠣᠯᠬᠤᠷ ᠭᠦᠮᠦᠰ ᠳᠠᠷᠠ ᠳᠤᠤᠷ᠎ᠠ ᠨᠢ ᠡᠮᠨᠡᠯᠭᠡ ᠡᠷᠢᠵᠤ ᠡᠮᠨᠡᠭᠦ ᠠᠷᠭ᠎ᠠ ᠭᠡᠮᠵᠢᠶ᠎ᠡ ᠠᠪᠳᠠᠭ᠃ ᠳᠡᠭᠡᠭᠡᠳ ᠴᠢᠬᠤᠯᠠ ᠲᠡᠶ ᠪᠣᠯ ᠶᠡᠭᠡ ᠭᠡᠮᠵᠢᠶᠡᠨ ᠤ ᠵᠤᠭᠤᠰ ᠮᠦᠩᠭᠦ ᠵᠠᠷᠤᠴᠠᠭᠤᠯᠵᠤ᠂ ᠦᠷᠡᠭ᠍ᠳᠡᠯ ᠰᠣᠢ᠌ᠳᠤᠯ ᠭᠠᠷᠭᠠᠵᠤ ᠮᠠᠰᠠ ᠵᠠᠰᠠᠯ ᠴᠤ ᠭᠢᠯᠭᠡᠵᠤ ᠪᠠᠢ᠌ᠭᠠᠤᠨ ᠡᠪᠡᠳᠴᠢᠨ ᠤ ᠪᠠᠺᠲ᠋ᠸᠷᠢ ᠶᠢ ᠣᠰᠠᠳᠬᠠᠵᠤ ᠬᠠᠶᠠᠳᠠᠭ᠃ ᠳᠠᠠᠳᠠ ᠴᠢᠰᠤ ᠣᠷᠤᠰᠴᠤ ᠶᠠᠰᠤ ᠬᠤᠭᠤᠷᠠᠬᠤ ᠴᠤ ᠣᠳᠠᠭ᠎ᠠ ᠭᠠᠷᠳᠠᠭ᠃ ᠭᠡᠭᠦ ᠳᠤ ᠮᠢᠡᠴᠦᠭᠦᠷᠡᠭᠦᠯᠭᠦ ᠡᠮ ᠪᠠᠢ᠌ᠳᠠᠭ ᠪᠣᠯᠬᠤᠷ ᠮᠠᠰᠠ ᠵᠠᠰᠠᠯ ᠣᠷᠤᠭᠰᠢᠳᠠᠢ ᠶᠠᠪᠣᠭᠳᠠᠵᠤ ᠪᠠᠢ᠌ᠳᠠᠭ᠃ ᠭᠡᠷᠪᠡ ᠡᠪᠡᠳᠴᠢᠨ ᠤ ᠪᠠᠺᠲ᠋ᠸᠷᠢ ᠶᠢ ᠣᠰᠠᠳᠬᠠᠬᠤ ᠪᠣᠶᠤ ᠳᠠᠷᠤᠩᠭ᠋ᠣᠢ᠌ᠯᠠᠵᠤ ᠳᠡᠢ᠌ᠯᠭᠦ ᠦᠭᠡᠶ ᠪᠣᠯ ᠮᠠᠬᠠᠪᠣᠤᠨ ᠤᠨ ᠠᠮᠢ ᠡᠴᠦᠰᠯᠡᠭᠦ ᠠᠶᠤᠯ ᠳᠤ ᠳᠤᠯᠭᠠᠷᠠᠨ᠎ᠠ᠃
ᠣᠶᠤᠨ ᠤ ᠠᠮᠢ ᠶᠢᠨ ᠡᠪᠡᠳᠴᠢᠨ ᠤ ᠢᠯᠠᠷᠠᠯ ᠨᠢ ᠡᠪᠡᠳᠴᠤ ᠬᠠᠪᠤᠳᠳᠠᠭ ᠦᠭᠡᠶ᠂ ᠴᠢᠰᠤ ᠨᠦᠵᠢ ᠣᠷᠤᠰᠬᠤ ᠴᠤ ᠦᠭᠡᠶ᠃ ᠶᠠᠰᠤ ᠰᠢᠷᠪᠣᠰᠤ ᠳᠠᠰᠤᠷᠠᠬᠤ ᠴᠤ ᠦᠭᠡᠶ᠃ ᠣᠶᠤᠨ ᠤ ᠠᠮᠢ ᠶᠢᠨ ᠡᠪᠡᠳᠴᠢᠨ ᠭᠡᠮ ᠤᠨ ᠢᠯᠠᠷᠠᠯ ᠨᠢ ᠬᠠᠷᠢᠨ 《ᠠᠯᠳᠠᠭ᠎ᠠ ᠪᠣᠷᠤᠭᠤ》 ᠭᠠᠷᠭᠠᠬᠤ ᠪᠣᠶᠤ ᠭᠠᠵᠢᠭᠤ ᠪᠣᠷᠤᠭᠤ ᠰᠡᠳᠭᠢᠭᠦ ᠳᠤ ᠪᠠᠢ᠌ᠳᠠᠭ᠃ ᠡᠨᠡ ᠡᠪᠡᠳᠴᠢᠨ ᠤ ᠢᠯᠠᠷᠠᠯ ᠊᠊᠊᠊᠊᠊᠊᠊᠊᠊᠊᠊᠊᠊᠊ 《ᠠᠯᠳᠠᠭ᠎ᠠ ᠪᠣᠷᠤᠭᠤ》 ᠨᠢ ᠰᠠᠳᠭᠢᠴᠠ ᠶᠢᠨ ᠠᠯᠳᠠᠭ᠎ᠠ᠂ ᠭᠡᠯᠡᠭᠦ ᠠᠯᠳᠠᠭ᠎ᠠ ᠭᠢᠭᠡᠳ ᠭᠢᠭᠦ ᠠᠯᠳᠠᠭ᠎ᠠ ᠭᠡᠭᠦ ᠭᠤᠷᠪᠠᠨ ᠠᠯᠬᠤᠮ ᠢ ᠥᠩᠭᠡᠷᠡᠭᠡᠨ᠎ᠡ᠃ ᠡᠢ᠌ᠮᠤ ᠡᠴᠠ 《ᠠᠯᠳᠠᠭ᠎ᠠ ᠪᠣᠷᠤᠭᠤ》 ᠳᠠᠢ᠌ᠰᠢ ᠰᠠᠳᠭᠢᠵᠤ᠂ ᠠᠯᠳᠠᠭ᠎ᠠ ᠪᠣᠷᠤᠭᠤ ᠲᠡᠶ ᠥᠭᠡ ᠶᠢ ᠭᠡᠯᠡᠭᠦ ᠪᠣᠶᠤ ᠠᠯᠳᠠᠭ᠎ᠠ ᠪᠣᠷᠤᠭᠤ ᠭᠠᠷᠭᠠᠬᠤ ᠪᠣᠯ ᠊᠊᠊᠊᠊᠊᠊᠊᠊᠊᠊᠊᠊᠊᠊ ᠣᠶᠤᠨ ᠤ ᠠᠮᠢ ᠶᠢᠨ ᠡᠪᠡᠳᠴᠢᠨ ᠤ ᠪᠠᠺᠲ᠋ᠸᠷᠢ ᠮᠦᠨ ︕
ᠭᠦᠮᠤᠨ ᠳᠦᠷᠤᠯᠭᠢᠳᠠᠨ ᠤ ᠣᠷᠳᠤ ᠬᠤᠭᠤᠴᠠᠭᠠᠨ ᠤ ᠠᠮᠢ ᠨᠠᠰᠤᠨ ᠤ ᠳᠡᠦᠭᠡᠨ ᠥᠩᠭᠡᠷᠡᠭᠡᠯᠳᠡ ᠶᠢ ᠦᠨᠳᠦᠰᠦᠯᠠᠪᠠᠯ᠂ ᠣᠳᠤᠬᠠᠨ ᠪᠣᠯᠵᠤ ᠢᠷᠠᠳᠠᠯ᠎ᠠ ᠭᠦᠮᠦᠰ ᠮᠠᠬᠠᠪᠣᠤᠨ ᠤᠨ ᠠᠮᠢ ᠶᠢ ᠣᠶᠤᠨ ᠤ ᠠᠮᠢ ᠡᠴᠠ ᠭᠦᠡᠳᠦᠳᠭᠡᠨ᠂ ᠣᠶᠤᠨ ᠤ ᠠᠮᠢ ᠶᠢᠨ ᠡᠷᠡᠭᠦᠯ ᠮᠠᠠᠳᠤ ᠶᠢ ᠭᠦᠩᠭᠡᠪᠴᠢᠯᠡᠭ᠍ᠰᠡᠭᠡᠷ ᠢᠷᠡᠭ᠍ᠰᠡᠨ ᠶᠤᠮ᠃ ᠳᠠᠢ᠌ᠮᠤ ᠡᠴᠠ᠂ ᠮᠠᠬᠠᠪᠣᠤᠨ ᠤᠨ ᠡᠪᠡᠳᠴᠢᠨ ᠢ ᠪᠠᠢ᠌ᠴᠠᠭᠠᠨ ᠳᠤᠳᠤᠯᠠᠬᠤ᠂ ᠵᠠᠰᠠᠨ ᠡᠳᠡᠭᠡᠷᠡᠭᠦᠯᠭᠦ ᠡᠮ᠂ ᠡᠮᠨᠡᠯᠭᠡ ᠶᠢᠨ ᠬᠤᠷᠢᠶ᠎ᠠ ᠭᠠᠵᠠᠷ ᠪᠦᠭᠦᠨ ᠳᠤ ᠪᠠᠢ᠌ᠳᠠᠭ ᠪᠣᠯᠪᠠᠴᠤ᠂ ᠣᠶᠤᠨ ᠤ ᠠᠮᠢ ᠶᠢᠨ ᠡᠪᠡᠳᠴᠢᠨ ᠭᠡᠮ ᠢ ᠳᠤᠳᠤᠯᠠᠨ ᠵᠠᠰᠠᠬᠤ ᠳᠤᠰᠬᠠᠢ ᠡᠮᠨᠡᠯᠭᠡ ᠶᠢᠨ ᠬᠤᠷᠢᠶ᠎ᠠ ᠴᠥᠭᠡᠨ ᠡᠴᠠ ᠴᠥᠭᠡᠨ᠃ ᠭᠦᠮᠦᠰ ᠬᠤᠷᠢᠨ ᠨᠢᠭᠡᠳᠦᠭᠡᠷ ᠵᠠᠭᠤᠨ ᠳᠤ ᠰᠠᠳᠭᠢᠴᠠ ᠶᠢᠨ ᠡᠪᠡᠳᠴᠢᠨ ᠢ ᠵᠠᠰᠠᠬᠤ ᠡᠮᠴᠢ ᠪᠣᠶᠤ ᠡᠮᠨᠡᠯᠭᠡ ᠶᠢᠨ ᠬᠤᠷᠢᠶ᠎ᠠ ᠬᠠᠯᠠᠭᠤᠨ ᠭᠦᠷᠢᠶᠡᠯᠡᠯ ᠢ ᠣᠯᠤᠨ᠎ᠠ ᠭᠡᠯᠴᠡᠳᠡᠭ᠌ ᠨᠢ ᠭᠦᠮᠤᠨ ᠳᠦᠷᠤᠯᠭᠢᠳᠠᠨ ᠨᠢᠭᠡᠨᠲᠡ ᠡᠨᠡ ᠳᠠᠯ᠎ᠠ ᠪᠠᠷ ᠠᠩᠬᠠᠷᠤᠯ ᠳᠠᠭᠠᠨ ᠠᠪᠴᠤ ᠡᠭᠢᠯᠡᠭ᠍ᠰᠡᠨ ᠢ ᠬᠠᠷᠠᠭᠤᠯᠵᠤ ᠪᠠᠢ᠌ᠭ᠎ᠠ ᠠᠵᠢ᠃
ᠮᠠᠨ ᠤ ᠡ᠊ᠨᠳᠡ ᠭᠡᠯᠡᠵᠤ ᠪᠠᠢ᠌ᠭ᠎ᠠ ᠣᠶᠤᠨ ᠤ ᠠᠮᠢ ᠪᠣᠶᠤ ᠣᠶᠤᠨ ᠤ ᠡᠷᠡᠭᠦᠯ ᠮᠠᠠᠳᠤ ᠭᠡᠳᠡᠭ᠌ ᠨᠢ ᠮᠠᠳᠠᠷᠠᠯ ᠤᠨ ᠡᠪᠡᠳᠴᠢᠨ ᠤ ᠳᠦᠷᠤᠯ ᠢ ᠵᠢᠭᠠᠵᠤ ᠪᠠᠢ᠌ᠬᠤ ᠦᠭᠡᠶ᠃ ᠮᠠᠳᠠᠷᠠᠯ ᠤᠨ ᠡᠪᠡᠳᠴᠢᠨ ᠢ ᠡᠮ ᠡᠮᠨᠡᠯᠭᠡ ᠪᠠᠷ ᠵᠠᠰᠠᠵᠤ ᠪᠠᠢ᠌ᠳᠠᠭ᠃ ᠮᠠᠨ ᠤ ᠭᠡᠯᠡᠵᠤ ᠪᠠᠢ᠌ᠭ᠎ᠠ ᠣᠶᠤᠨ ᠤ ᠡᠪᠡᠳᠴᠢᠨ ᠨᠢ ᠡᠮ ᠶᠢᠡᠷ ᠵᠠᠰᠠᠵᠤ ᠳᠡᠢ᠌ᠯᠳᠡᠭ᠌ ᠦᠭᠡᠶ 《ᠥᠭᠡᠷ ᠶᠢᠡᠷ ᠪᠢᠰᠢ ᠥᠭᠡ》 ᠪᠠᠷ᠂ 《ᠮᠡᠷᠭᠡᠨ ᠥᠭᠡ》 ᠪᠠᠷ ᠵᠠᠰᠠᠳᠠᠭ ᠡᠪᠡᠳᠴᠢᠨ ᠢ ᠭᠡᠯᠡᠵᠤ ᠪᠠᠢ᠌ᠭ᠎ᠠ ᠶᠤᠮ᠃ ᠡᠭᠦᠨ ᠢ ᠱᠠᠰᠢᠨ ᠤ ᠥᠭᠡ ᠪᠠᠷ ᠭᠡᠯᠡᠪᠠᠯ 《ᠰᠠᠢ᠌ᠨ ᠥᠭᠡᠳᠤ ᠡᠷᠳᠡᠨᠢ ᠶᠢᠨ ᠰᠠᠩ》 ᠶ᠋ᠢᠡᠷ ᠰᠠᠢ᠌ᠳᠤᠷ ᠰᠤᠷᠭᠠᠨ ᠨᠤᠮᠯᠠᠬᠤᠢ ᠶᠠᠪᠣᠳᠠᠯ ᠪᠣᠯᠬᠤ ᠶᠤᠮ᠃ ᠢᠯᠭᠠᠨ ᠰᠠᠯᠭᠠᠨ ᠭᠡᠯᠡᠪᠠᠯ ᠭᠡᠷᠡᠭ᠌ ᠳᠡᠭᠡᠷ᠎ᠡ ᠪᠠᠨ ᠮᠠᠬᠠᠪᠣᠤᠨ ᠤᠨ ᠡᠪᠡᠳᠴᠢᠨ ᠢ ᠡᠮᠴᠢ ᠪᠠ ᠡᠮᠨᠡᠯᠭᠡ ᠵᠠᠰᠠᠵᠤ᠂ ᠣᠶᠤᠨ ᠤ ᠡᠪᠡᠳᠴᠢᠨ ᠢ ᠨᠡᠢ᠌ᠭᠡᠮ ᠤᠨ ᠰᠢᠡᠵᠢᠯᠡᠭᠦ ᠣᠬᠠᠭᠠᠨ᠂ ᠢᠯᠠᠩᠭ᠋ᠤᠶ᠎ᠠ ᠤᠳᠬ᠎ᠠ ᠵᠤᠬᠢᠶᠠᠯ᠂ ᠳᠡᠦᠭᠡ᠂ ᠬᠠᠤᠯᠢ ᠴᠠᠭᠠᠵᠠ᠂ ᠰᠠᠳᠭᠢᠴᠠ ᠵᠦᠢ᠂ ᠭᠤᠸ᠎ᠠ ᠵᠦᠢ᠂ ᠨᠡᠢ᠌ᠭᠡᠮ ᠤᠨ ᠣᠬᠠᠭᠠᠨ᠁ ᠵᠡᠷᠭᠡ ᠰᠠᠯᠠᠭ᠎ᠠ ᠮᠦᠴᠢᠷ ᠤᠨ ᠭᠢᠨ ᠨᠢ ᠵᠠᠰᠠᠳᠠᠭ᠃
ᠮᠠᠬᠠᠪᠣᠤᠨ ᠤᠨ ᠠᠮᠢ ᠳᠤ ᠭᠡᠰᠡᠨ ᠣᠶᠤᠨ ᠤ ᠠᠮᠢ ᠳᠤ ᠴᠤ ᠭᠡᠰᠡᠨ ᠪᠦᠷ ᠠᠳᠠᠯᠢᠬᠠᠨ ᠡᠪᠡᠳᠴᠢᠨ ᠤ 《ᠪᠠᠺᠲ᠋ᠸᠷᠢ》 ᠪᠠᠢ᠌ᠳᠠᠭ ︕ ᠠᠳᠠᠯᠢ ᠦᠭᠡᠶ ᠨᠢ ᠭᠡᠪᠠᠯ ᠭᠦᠮᠦᠰ ᠮᠠᠬᠠᠪᠣᠤᠨ ᠤᠨ ᠠᠮᠢ ᠶᠢᠨ ᠪᠠᠺᠲ᠋ᠸᠷᠢ ᠶᠢ ᠠᠯᠠᠬᠤ ᠳᠠᠭᠠᠨ ᠲᠤᠢ᠌ᠯ ᠤᠨ ᠢᠳᠠᠪᠭᠢᠳᠠᠢ ᠪᠠᠢ᠌ᠳᠠᠭ ᠪᠣᠯᠪᠠᠴᠤ᠂ ᠣᠶᠤᠨ ᠤ ᠠᠮᠢ ᠶᠢᠨ ᠪᠠᠺᠲ᠋ᠸᠷᠢ ᠶᠢ ᠪᠣᠯ ᠠᠯᠠᠬᠤ ᠪᠢᠰᠢ ᠬᠠᠷᠢᠨ ᠠᠮᠢ ᠳᠠᠮᠠᠴᠠᠨ ᠬᠠᠮᠠᠭᠠᠯᠠᠳᠠᠭ ︕ ᠡᠨᠡ ᠦᠵᠡᠭ᠍ᠳᠡᠯ ᠨᠢ ᠮᠠᠨ ᠤ ᠭᠢᠨ ᠤ ᠡᠩ ᠤᠨ ᠭᠦᠮᠦᠰ ᠡᠴᠠ ᠡᠭᠢᠯᠡᠭᠡᠳ ᠣᠷᠠᠨ ᠵᠤᠬᠢᠶᠠᠯ ᠤᠨ ᠵᠤᠬᠢᠶᠠᠯᠴᠢ ᠰᠢᠭᠦᠮᠵᠢᠯᠡᠭ᠍ᠴᠢ᠂ ᠡᠷᠳᠡᠮᠳᠡᠨ ᠰᠤᠳᠤᠯᠭᠠᠳᠠᠨ ᠭᠦᠷᠳᠡᠯ᠎ᠡ ᠨᠠᠢ᠌ᠳᠠᠮ ᠳᠦᠭᠡᠮᠡᠯ ᠣᠷᠤᠰᠢᠵᠤ ᠪᠠᠢ᠌ᠨ᠎ᠠ ︕ ᠭᠡᠨ ᠭᠡᠷᠪᠡ ᠳᠡᠭᠦᠨ ᠤ ᠣᠶᠤᠨ ᠤ ᠪᠠᠺᠲ᠋ᠸᠷᠢ ᠊᠊᠊᠊᠊᠊᠊᠊᠊᠊᠊᠊᠊᠊᠊ 《ᠠᠯᠳᠠᠭ᠎ᠠ ᠪᠣᠷᠤᠭᠤ》 ᠶ᠋ᠢ ᠨᠢ ᠨᠢᠭᠡ ᠵᠢᠭᠠᠬᠠᠨ ᠭᠦᠡᠳᠡᠵᠤ ᠭᠡᠯᠡᠳᠡᠭ᠌ ᠲᠤ ᠭᠦᠷᠪᠠᠯ᠂ ᠭᠦᠡᠳᠤ ᠰᠢᠷᠬ᠎ᠠ ᠶᠢ ᠨᠢ ᠭᠦᠡᠳᠡᠵᠤ ᠭᠡᠵᠤ ᠮᠡᠳᠡᠭᠡᠷᠡᠢ᠃ ᠳᠠᠷᠠ ᠭᠦᠮᠤᠨ ᠮᠡᠳᠡᠷᠡᠭᠦ ᠶᠢ ᠪᠠᠢ᠌ᠳᠤᠭᠠᠢ ᠴᠢᠮ᠎ᠠ ᠲᠡᠶ ᠠᠰ ᠪᠤᠰ ᠶᠢᠡᠷ ᠭᠡᠷᠡᠭᠦᠯ ᠭᠢᠭᠦ ᠳᠤ ᠪᠠᠯᠡᠭᠡᠨ ᠡᠴᠠ ᠪᠠᠯᠡᠭᠡᠨ ︕ ᠪᠠᠰᠠ ᠦᠰ ᠬᠤᠠᠵᠢᠩ ᠪᠣᠳᠤᠨ᠎ᠠ᠂ ᠦᠷᠭᠦᠯᠵᠢᠯᠡᠨ 《ᠳᠠᠢ᠌ᠨ》 ᠭᠢᠨ᠎ᠠ ︕ ᠡᠨᠡ ᠪᠣᠯ ᠭᠦᠮᠤᠨ ᠳᠦᠷᠤᠯᠭᠢᠳᠠᠨ ᠤ ᠨᠢᠭᠡ ᠨᠠᠢ᠌ᠳᠠ ᠶᠢᠨ ᠡᠪᠡᠳᠴᠢᠨ ᠮᠦᠨ ︕ ᠪᠠᠰᠠ ᠴᠤ ᠭᠦᠮᠤᠨ ᠳᠦᠷᠤᠯᠭᠢᠳᠠᠨ ᠤ ᠠᠮᠢ ᠨᠠᠰᠤᠨ ᠤ ᠳᠡᠦᠭᠡᠨ ᠳ᠋ᠠᠭᠢ ᠳᠤᠮᠤ ᠬᠠᠷ᠎ᠠ ᠳᠤᠯᠪᠣ ᠮᠦᠨ᠃
ᠠᠰᠠᠭᠤᠳᠠᠯ ᠤᠨ ᠵᠠᠩᠭᠢᠯᠠᠭ᠎ᠠ ᠨᠢ ᠭᠡᠪᠠᠯ ᠣᠶᠤᠨ ᠤ ᠡᠪᠡᠳᠴᠢᠨ ᠢ ᠵᠠᠰᠠᠬᠤ ᠳᠤ ᠮᠢᠡᠴᠦᠭᠦᠷᠡᠭᠦᠯᠭᠦ ᠡᠮ ᠠᠯᠠᠭ᠎ᠠ᠃ ᠮᠠᠨ ᠤ ᠨᠡᠢ᠌ᠭᠡᠮ ᠳᠤ᠂ ᠮᠠᠨ ᠤ ᠴᠠᠭ ᠦᠶ᠎ᠡ ᠳᠤ᠂ ᠮᠠᠨ ᠤ ᠣᠷᠠᠨ ᠵᠤᠬᠢᠶᠠᠯ ᠤᠨ ᠡᠷᠳᠡᠮᠳᠡᠨ ᠮᠡᠷᠭᠡᠳ ᠤᠨ ᠳᠤᠮᠳᠠ ᠣᠷᠠᠨ ᠵᠤᠬᠢᠶᠠᠯ ᠤᠨ ᠬᠤᠧᠨ ᠳᠦᠸᠧ ᠠᠯᠠᠭ᠎ᠠ ︕ ᠬᠠᠷᠢᠨ ᠼᠤᠤ ᠼᠤᠤ ᠮᠠᠰᠢ ᠣᠯᠠᠨ᠃
ᠣᠶᠤᠨ ᠣᠬᠠᠭᠠᠨ ᠤ ᠪᠠᠺᠲ᠋ᠸᠷᠢ ᠨᠢᠳᠤᠨ ᠳᠤ ᠦᠵᠡᠭ᠍ᠳᠡᠳᠡᠭ᠌ ᠦᠭᠡᠶ᠃ ᠰᠠᠳᠭᠢᠴᠠ ᠳᠤ ᠮᠡᠳᠡᠷᠡᠭ᠍ᠳᠡᠳᠡᠭ᠌᠃ ᠣᠬᠠᠭᠠᠨ ᠤ ᠪᠠᠺᠲ᠋ᠸᠷᠢ ᠮᠠᠬᠠᠪᠣᠤᠨ ᠤᠨ ᠠᠮᠢ ᠶᠢ ᠠᠪᠳᠠᠭ ᠦᠭᠡᠶ᠂ ᠬᠠᠷᠢᠨ ᠰᠦᠨᠠᠰᠤᠨ ᠤ ᠠᠮᠢ ᠶᠢ ᠰᠥᠨᠦᠭᠡᠳᠡᠭ᠌ ᠠᠶᠤᠯ ᠲᠡᠶ᠃
2010.9.21.10.10
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠤᠳᠬ᠎ᠠ ᠵᠤᠬᠢᠶᠠᠯ ᠰᠤᠳᠤᠯᠬᠤ ᠭᠠᠵᠠᠷ
ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 22951
ᠴᠠᠭ᠄ 2012 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ