☆ ᠰᠢᠶᠧ ᠴᠢᠩ ᠱᠠᠨ
ᠴᠡᠭᠡᠵᠢᠯᠡᠵᠤ ᠶᠠᠪᠣᠨ᠎ᠠ ᠰᠢᠤ ᠭᠦᠤ ᠮᠢᠨᠢ
ᠨᠠᠭᠤᠷ ᠪᠦᠷᠢᠳᠤ ᠪᠠᠷ ᠶᠢᠡᠨ ᠨᠠᠭᠠᠳᠬᠤ ᠳᠤ ᠪᠠᠨ ᠭᠦᠤ ᠮᠢᠨᠢ
ᠨᠤᠭᠤᠰᠤ ᠭᠠᠯᠠᠭᠤ ᠶᠢ ᠪᠠᠨ ᠰᠤᠴᠢᠭᠠᠳᠠᠭ ᠦᠭᠡᠶ ᠶᠤᠮ ᠰᠢᠤ
ᠨᠤᠭᠤᠰᠤ ᠭᠠᠯᠠᠭᠤ ᠪᠠᠨ ᠠᠯᠳᠠᠪᠠᠯ ᠨᠠᠭᠤᠷ ᠴᠢᠨᠢ
ᠨᠢᠭᠤᠷ ᠦᠷᠴᠢ᠌ᠵᠤ ᠦᠨᠦᠴᠢᠷᠠᠨ᠎ᠠ ᠭᠡᠳᠡᠭ᠌ ᠢ
ᠴᠡᠭᠡᠵᠢᠯᠡᠵᠤ ᠶᠠᠪᠣᠨ᠎ᠠ ᠰᠢᠤ ᠭᠦᠤ ᠮᠢᠨᠢ
ᠳᠠᠯ᠎ᠠ ᠳᠠᠠᠵᠢ ᠪᠠᠷ ᠶᠢᠡᠨ ᠳᠤᠭᠯᠠᠬᠤ ᠳᠤ ᠪᠠᠨ ᠭᠦᠤ ᠮᠢᠨᠢ
ᠴᠡᠴᠡᠭ᠌ ᠡᠪᠠᠰᠤ ᠪᠠᠨ ᠳᠠᠰᠤᠳᠠᠬᠤ ᠦᠭᠡᠶ ᠶᠤᠮ ᠰᠢᠤ
ᠴᠡᠴᠡᠭ᠌ ᠡᠪᠠᠰᠤ ᠪᠠᠷ ᠬᠤᠪᠬᠠᠢ᠌ᠷᠠᠭᠰᠠᠨ ᠳᠠᠯ᠎ᠠ ᠴᠢᠨᠢ
ᠴᠢᠷᠠᠢ ᠮᠠᠭᠤᠳᠠᠵᠤ ᠥᠳᠡᠯᠦᠳᠡᠭ᠌ ᠭᠡᠳᠡᠭ᠌ ᠢ
ᠴᠡᠭᠡᠵᠢᠯᠡᠵᠤ ᠶᠠᠪᠣᠨ᠎ᠠ ᠰᠢᠤ ᠭᠦᠤ ᠮᠢᠨᠢ
ᠠᠭᠤᠯᠠ ᠬᠠᠳᠠ ᠪᠠᠷ ᠶᠢᠡᠨ ᠠᠪᠠᠷᠢᠬᠤ ᠳᠤ ᠪᠠᠨ ᠭᠦᠤ ᠮᠢᠨᠢ
ᠴᠢᠯᠠᠭᠤ ᠶᠢ ᠨᠢ ᠭᠦᠳᠡᠯᠭᠡᠵᠤ ᠪᠣᠯᠳᠠᠭ ᠦᠭᠡᠶ ᠶᠢ ᠮᠠᠳᠠᠵᠤ ᠠᠪᠬᠤ ᠶᠤᠮ ᠰᠢᠤ
ᠴᠤᠬᠤᠮ ᠳᠤ ᠪᠠᠨ ᠴᠢᠯᠠᠭᠤ ᠪᠣᠯ ᠠᠭᠤᠯᠠᠨ ᠤ ᠪᠠᠨ ᠰᠦᠨᠠᠰᠤ ᠨᠢ ᠶᠤᠮ ᠡ
ᠰᠦᠨᠠᠰᠤ ᠨᠢ ᠵᠠᠢ᠌ᠯᠠᠭᠰᠠᠨ ᠠᠭᠤᠯᠠ ᠰᠥᠷᠯᠢᠭ᠌ ᠳᠦᠷᠢ ᠪᠠᠨ ᠠᠯᠳᠠᠬᠤ ᠶᠢ
ᠴᠡᠭᠡᠵᠢᠯᠡᠵᠤ ᠶᠠᠪᠣᠨ᠎ᠠ ᠰᠢᠤ ᠭᠦᠤ ᠮᠢᠨᠢ
ᠬᠤᠯᠠ ᠶᠠᠪᠣᠵᠤ ᠶᠡᠭᠡ ᠶᠢ ᠦᠵᠡᠨ ᠨᠢᠳᠤ ᠨᠡᠭᠡᠭᠡᠨ᠎ᠡ ᠰᠢᠤ ᠭᠦᠤ ᠮᠢᠨᠢ
ᠬᠤᠶᠠᠷ ᠭᠦᠯ ᠳᠡᠭᠡᠷ᠎ᠡ ᠪᠠᠨ ᠵᠤᠭᠰᠤᠵᠤ ᠪᠣᠰᠤᠭ᠎ᠠ ᠶᠠᠪᠣᠬᠤ ᠶᠤᠮ ᠰᠢᠤ
ᠬᠤᠷᠸ᠎ᠠ ᠳᠤ ᠭᠠᠭᠴᠠ ᠨᠤᠳᠤᠭ ᠡᠴᠡ ᠪᠠᠨ ᠬᠤᠯᠠᠳᠠᠬᠤ ᠳᠤᠳᠤᠮ
ᠭᠦᠢ ᠶᠢ ᠴᠢᠨᠢ ᠳᠠᠷᠤᠭᠰᠠᠨ ᠭᠦᠭᠡ ᠴᠢᠯᠠᠭᠤ ᠡ᠊ᠨᠳᠡ ᠪᠠᠢ᠌ᠬᠤ ᠶᠢ
ᠴᠡᠭᠡᠵᠢᠯᠡᠵᠤ ᠶᠠᠪᠣᠨ᠎ᠠ ᠰᠢᠤ ᠭᠦᠤ ᠮᠢᠨᠢ
ᠡᠩ ᠦᠭᠡᠶ ᠥᠷᠭᠡᠨ ᠳᠤᠷᠭ᠎ᠠ ᠰᠢᠤᠬᠠᠨ ᠬᠤᠷᠸ᠎ᠠ ᠶᠢᠨ ᠵᠠᠢ ᠳᠤ
ᠡᠴᠢᠭᠡ ᠶᠢ ᠴᠢᠨᠢ ᠥᠰᠭᠡᠭ᠍ᠰᠡᠨ ᠡᠨᠡ ᠭᠡᠰᠡᠭ᠍ᠭᠡᠨ ᠠᠯᠳᠠᠨ ᠥᠯᠦᠭᠡᠢ ᠪᠠᠨ
ᠡᠭᠡ ᠶᠢᠨ ᠰᠦ᠋ ᠶᠢᠨ ᠦᠨᠦᠷᠳᠠᠢ ᠪᠠᠳᠮᠠᠯᠠᠭᠰᠠᠨ ᠴᠡᠴᠡᠭ᠌ ᠶᠢᠡᠷ ᠬᠠᠳᠬᠤᠮᠠᠯᠯᠠᠵᠤ
ᠡᠷᠭᠡ ᠴᠢᠯᠦᠭᠡᠨ ᠤ ᠰᠦ᠋ ᠪᠠᠷ ᠮᠢᠯᠢᠶᠠᠵᠤ ᠶᠠᠪᠣᠬᠤ ᠪᠠᠨ
ᠴᠡᠭᠡᠵᠢᠯᠡᠵᠤ ᠶᠠᠪᠣᠨ᠎ᠠ ᠰᠢᠤ ᠭᠦᠤ ᠮᠢᠨᠢ
ᠵᠤᠬᠢᠶᠠᠭᠴᠢ᠄ ᠰᠢᠶᠧ ᠴᠢᠩ ᠱᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2920
ᠴᠠᠭ᠄ 2009 ᠤᠨ ᠤ 06 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ