ᠨᠡᠪᠲᠡᠷᠡᠨ ᠤᠷᠤᠬᠤ
ᠦᠵᠦᠮᠦᠴᠢᠨ ᠪᠡᠢ᠌ᠯᠡ ᠶᠢᠨ ᠭᠠᠪᠵᠤ ᠯᠠᠮᠠ

ᠣᠷᠴᠢᠮ ᠳᠤ ᠪᠢ ᠭᠦᠭᠡᠬᠤᠳᠡ ᠶᠢᠨ ᠶᠡᠭᠡ ᠰᠤᠷᠭᠠᠭᠤᠯᠢ ᠶᠢᠨ ᠵᠠᠮ ᠳ᠋ᠠᠭᠢ ᠮᠤᠩᠭ᠋ᠤᠯ ᠰᠤᠶᠤᠯ ᠳᠡᠦᠭᠡ ᠨᠤᠮ ᠤᠨ ᠳᠡᠯᠭᠡᠭᠦᠷ ᠶᠢᠡᠷ ᠣᠴᠢᠬᠤ ᠳᠠᠭᠠᠨ《ᠦᠵᠦᠮᠤᠴᠢᠨ ᠪᠠᠢ᠌ᠯᠠ ᠶᠢᠨ ᠭᠠᠪᠵᠤ ᠯᠠᠮᠠ》ᠭᠡᠭᠦ ᠨᠤᠮ ᠢ ᠣᠯᠵᠤ ᠬᠠᠷᠠᠵᠤ ᠬᠤᠳᠠᠯᠳᠤᠨ ᠠᠪᠴᠢᠷᠠᠭᠠᠤᠨ ᠣᠯᠵᠠᠷᠬᠠᠨ ᠣᠩᠰᠢᠵᠤ ᠰᠠᠭᠤᠯ᠎ᠠ᠃

ᠦᠵᠦᠮᠤᠴᠢᠨ ᠪᠠᠢ᠌ᠯᠠ ᠶᠢᠨ ᠭᠠᠪᠵᠤ ᠯᠠᠮᠠ ᠭᠡᠵᠤ ᠣᠤᠯ ᠤᠨ ᠰᠢᠯᠢ ᠶᠢᠨ ᠭᠤᠤᠯ ᠤᠨ ᠴᠢᠭᠤᠯᠭᠠᠨ ᠤ ᠦᠵᠦᠮᠤᠴᠢᠨ ᠵᠡᠭᠦᠨ ᠬᠤᠰᠢᠭᠤᠨ ᠤ ᠬᠤᠰᠢᠭᠤᠨ ᠵᠢᠷᠭᠤᠭᠠᠨ ᠭᠡᠢ᠌ᠤᠨ ᠤᠨ ᠨᠢᠭᠡ ᠨᠢ ᠪᠣᠯᠬᠤ ᠯᠠᠮᠠ ᠶᠢᠨ ᠰᠦᠮ᠎ᠡ ( ᠪᠠᠰᠠ ᠭᠠᠪᠵᠤ ᠯᠠᠮᠠ ᠶᠢᠨ ᠰᠦᠮ᠎ᠡ ᠴᠤ ᠭᠡᠳᠡᠭ᠌ ) ᠶᠢᠨ ᠰᠢᠷᠡᠭᠡᠨ ᠯᠠᠮᠠ ( ᠪᠣᠶᠤ ᠡᠵᠡᠨ ᠯᠠᠮᠠ) ᠶᠢ ᠭᠡᠯᠡᠳᠡᠭ᠌᠃ ᠡᠨᠡ ᠰᠦᠮ᠎ᠡ ᠨᠢ 1750 ᠣᠨ ᠳᠤ ᠪᠠᠢ᠌ᠭᠤᠯᠤᠭᠳᠠᠵᠤ᠂ ᠠᠭᠸᠠᠩᠳᠤᠪᠳᠤᠨ ( 1706 ᠊᠊᠊᠊᠊᠊᠊᠊᠊᠊᠊᠊᠊᠊᠊᠊᠊ 1788 ) ᠂ ᠠᠭᠸᠠᠩᠳᠠᠷᠤᠭ (1832  ᠊᠊᠊᠊᠊᠊᠊᠊᠊᠊᠊᠊᠊᠊᠊᠊᠊  1904 ) ᠂ ᠯᠤᠪᠰᠠᠩᠳᠠᠠᠵᠢᠠᠵᠠᠮᠰᠤ ( 1905 ᠊᠊᠊᠊᠊᠊᠊᠊᠊᠊᠊᠊᠊᠊᠊᠊᠊ 1980 ) ᠭᠡᠮᠡᠭᠦ ᠭᠤᠷᠪᠠᠨ ᠬᠤᠪᠢᠯᠭᠠᠨ ᠯᠠᠮᠠ ᠰᠢᠷᠡᠭᠡᠨ ᠯᠠᠮᠠ ᠰᠠᠭᠤᠵᠤ ᠥᠩᠭᠡᠷᠡᠵᠡᠢ᠃ ᠳᠤᠰ ᠨᠤᠮ ᠳᠤ ᠭᠤᠷᠪᠠᠳᠠᠭᠢ ᠰᠢᠷᠡᠭᠡᠨ ᠯᠠᠮᠠ ᠯᠤᠪᠰᠠᠩᠳᠠᠠᠵᠢᠠᠵᠠᠮᠰᠤ ( ᠪᠠᠭ᠎ᠠ ᠶᠢᠨ ᠨᠠᠷ᠎ᠠ ᠨᠢ ᠰᠡᠪᠠᠭ᠍ᠵᠡᠪ ) ᠶᠢᠨ ᠥᠯᠢᠭᠡᠷ ᠳᠡᠦᠭᠡᠳᠤ ᠨᠢᠭᠡᠨ ᠨᠠᠰᠤᠨ ᠤ ᠣᠢ᠌ᠯᠠ ᠶᠠᠪᠣᠳᠠᠯ ᠂ ᠣᠴᠠᠷᠠᠯ ᠲᠤᠬᠢᠶᠠᠯᠳᠤᠯ ᠢ ᠳᠤᠭᠠᠴᠢᠨ ᠪᠢᠴᠢᠵᠠᠢ᠃

ᠦᠵᠦᠮᠤᠴᠢᠨ ᠪᠠᠢ᠌ᠯᠠ ᠶᠢᠨ ᠭᠠᠪᠵᠤ ᠯᠠᠮᠠ ᠯᠤᠪᠰᠠᠩᠳᠠᠠᠵᠢᠠᠵᠠᠮᠰᠤ ( ᠪᠠᠭ᠎ᠠ ᠶᠢᠨ ᠨᠠᠷ᠎ᠠ ᠨᠢ ᠰᠡᠪᠠᠭ᠍ᠵᠡᠪ ) ᠊᠊᠊᠊᠊᠊᠊᠊᠊᠊᠊᠊᠊᠊᠊᠊᠊ ᠰᠢᠯᠢ ᠶᠢᠨ ᠭᠤᠤᠯ ᠴᠢᠭᠤᠯᠭᠠᠨ ᠤ ᠦᠵᠦᠮᠤᠴᠢᠨ ᠵᠡᠭᠦᠨ ᠬᠤᠰᠢᠭᠤᠨ ᠤ ᠵᠠᠭᠢᠷᠤᠭᠴᠢ ᠯᠤᠪᠰᠠᠩᠳᠤᠩᠷᠤᠪ ᠤᠨ ᠵᠦᠷᠮᠠᠤᠠᠳᠤᠪᠳᠤᠨ ᠤ ᠬᠤᠶᠠᠳᠤᠭᠠᠷ ᠭᠦᠪᠠᠭᠦᠨ᠃ 1905 ᠣᠨ ᠤ ᠪᠢᠯᠢᠭ᠌ ᠤᠨ ᠣᠯᠠᠷᠢᠯ ᠤᠨ ᠵᠢᠷᠭᠤᠳᠤᠭᠠᠷ ᠰᠠᠷ᠎ᠠ ᠶᠢᠨ ᠬᠤᠷᠢᠨ ᠬᠤᠶᠠᠷ ᠤᠨ ᠡᠳᠦᠷ᠂ ᠣᠳᠤᠭᠢ ᠰᠢᠯᠢ ᠶᠢᠨ ᠭᠤᠤᠯ ᠠᠢ᠌ᠮᠠᠭ ᠤᠨ ᠵᠡᠭᠦᠨ ᠦᠵᠦᠮᠤᠴᠢᠨ ᠬᠤᠰᠢᠭᠤᠨ ᠤ ᠭᠦᠷᠢᠶᠡᠳᠦᠨᠡᠭᠤᠷ ᠰᠤᠮᠤᠨ ᠤ ᠨᠤᠳᠤᠭ ᠪᠣᠯᠬᠤ ᠪᠠᠭᠡᠵᠢᠩ ᠳᠤᠪᠣᠭ ᠭᠡᠭᠦ ᠭᠠᠵᠠᠷ ᠡᠭᠡ ᠭᠠᠵᠠᠤᠠᠯᡁᠸᠠᠩ ᠡᠴᠡ ᠲᠦᠷᠦᠵᠤ ᠂ 1980 ᠣᠨ ᠤ ᠪᠢᠯᠢᠭ᠌ ᠤᠨ ᠣᠯᠠᠷᠢᠯ ᠤᠨ ᠠᠷᠪᠠᠨ ᠬᠤᠶᠠᠳᠤᠭᠠᠷ ᠰᠠᠷ᠎ᠠ ᠶᠢᠨ ᠬᠤᠷᠢᠨ ᠨᠠᠢ᠍ᠮᠠᠨ ᠤ ᠡᠳᠦᠷ᠂ ᠣᠳᠤᠭᠢ ᠵᠡᠭᠦᠨ ᠦᠵᠦᠮᠤᠴᠢᠨ ᠬᠤᠰᠢᠭᠤᠨ ᠤ ᠣᠯᠠᠭᠠᠢ ᠰᠤᠮᠤᠨ ᠤ ( ᠣᠳᠤ ᠶᠢᠨ ᠳᠠᠭᠤᠳᠤᠨᠠᠭᠤᠷ ᠪᠠᠯᠭᠠᠰᠤ ᠶᠢᠨ ) ᠪᠠᠶᠠᠩᠭ᠋ᠤᠤᠯ ᠭᠠᠴᠠᠭ᠎ᠠ ᠶᠢᠨ ᠨᠤᠳᠤᠭ ᠪᠣᠯᠬᠤ ᠯᠠᠮᠠ ᠶᠢᠨ ᠰᠦᠮ᠎ᠡ ᠶᠢᠨ ᠡᠩᠭᠡᠷ᠎ᠡ ( ᠦᠪᠡᠷ ᠤᠨ ᠰᠦᠮ᠎ᠡ ᠶᠢᠨ ᠶᠢᠡᠨ ᠪᠠᠭᠤᠷᠢ ᠳᠡᠭᠡᠷ᠎ᠡ ) ᠳᠠᠯᠠᠨ ᠳᠠᠪᠤᠨ ᠨᠠᠰᠤᠳᠠᠢ ᠳᠠᠭᠠᠯᠠᠯ ᠳᠡᠭᠦᠰᠴᠡᠢ᠃

ᠳᠠᠳᠠᠨᠠᠢ᠌ᠭᠢᠨ ᠪᠣᠯ ᠶᠠᠷᠤ ᠨᠢ ᠣᠳᠤᠮ ᠳᠡᠦᠭᠡᠳᠤ ᠠᠢ᠌ᠯ ᠶᠤᠮ᠃ ᠡᠪᠦᠭᠡ ᠠᠪᠣ ᠯᠤᠪᠰᠠᠩᠳᠤᠩᠳᠤᠪ ᠦᠵᠦᠮᠤᠴᠢᠨ ᠪᠠᠢ᠌ᠯᠠ ᠶᠢᠨ ᠬᠤᠰᠢᠭᠤᠨ ᠤ ᠬᠤᠰᠢᠭᠤᠨ ᠵᠠᠭᠢᠷᠤᠭᠴᠢ᠂ ᠨᠠᠭᠠᠴᠤ ᠡᠪᠦᠭᠡ ᠷᠠᠠᠴᠢᠠᠵᠤᠩᠨᠠᠢ ᠪᠣᠯᠤᠨ ᠨᠠᠭᠠᠴᠤ ᠭᠤᠮᠪᠣᠰᠠᠷᠠᠩ ( ᠡᠵᠢ ᠶᠢᠨ ᠭᠢᠨ ᠳᠦᠷᠦᠭ᠍ᠰᠡᠨ ᠳᠡᠭᠦᠤ ) ᠨᠢ ᠪᠣᠯ ᠦᠵᠦᠮᠤᠴᠢᠨ ᠪᠠᠢ᠌ᠯᠠ ᠶᠢᠨ ᠬᠤᠰᠢᠭᠤᠨ ᠤ ᠠᠷᠪᠠᠨ ᠬᠤᠶᠠᠳᠤᠭᠠᠷ ᠪᠣᠯᠤᠨ ᠠᠷᠪᠠᠨ ᠭᠤᠷᠪᠠᠳᠤᠭᠠᠷ ᠪᠠᠢ᠌ᠯᠠ ( ᠵᠠᠰᠠᠭ ᠳᠠᠷᠤᠭ᠎ᠠ ) ᠃ ᠨᠠᠭᠠᠴᠤ ᠮᠢᠠᠵᠤᠤᠷᠳᠤᠷᠵᠢ ( ᠭᠤᠮᠪᠣᠰᠠᠷᠠᠩ ᠪᠠᠢ᠌ᠯᠠ ᠶᠢᠨ ᠠᠴᠢ ᠭᠦᠤ ) ᠂ ᠪᠦᠯᠢ ᠳᠡᠭᠦᠤ ᠰᠤᠤᠠᠨᠤᠮᠳᠤᠪᠵᠠᠢ ( ᠮᠢᠠᠵᠤᠤᠷᠳᠤᠷᠵᠢ ᠸᠠᠩ ᠤᠨ ᠭᠦᠤ ) ᠨᠢ ᠪᠣᠯ ᠦᠵᠦᠮᠤᠴᠢᠨ ᠪᠠᠢ᠌ᠯᠠ ᠶᠢᠨ ᠬᠤᠰᠢᠭᠤᠨ ᠤ ᠠᠷᠪᠠᠨ ᠳᠦᠷᠪᠠᠳᠦᠭᠡᠷ ᠪᠣᠯᠤᠨ ᠠᠷᠪᠠᠨ ᠳᠠᠪᠣᠳᠤᠭᠠᠷ ᠬᠤᠰᠢᠭᠤᠨ ᠸᠠᠩ᠃ ᠦᠪᠡᠷ ᠤᠨ ᠠᠪᠣ ᠵᠦᠷᠮᠠᠤᠠᠳᠤᠪᠳᠤᠨ ᠨᠢ ᠪᠣᠯ ᠦᠵᠦᠮᠤᠴᠢᠨ ᠪᠠᠢ᠌ᠯᠠ ᠶᠢᠨ ᠬᠤᠰᠢᠭᠤᠨ ᠤ ᠮᠠᠢ᠌ᠷᠠᠨ᠃

《ᠦᠵᠦᠮᠤᠴᠢᠨ ᠪᠠᠢ᠌ᠯᠠ ᠶᠢᠨ ᠭᠠᠪᠵᠤ ᠯᠠᠮᠠ》ᠭᠡᠭᠦ ᠨᠤᠮ ᠳᠤ᠂ ᠦᠵᠦᠮᠤᠴᠢᠨ ᠪᠠᠢ᠌ᠯᠠ ᠶᠢᠨ ᠭᠠᠪᠵᠤ ᠯᠠᠮᠠ ᠊᠊᠊᠊᠊᠊᠊᠊᠊᠊᠊᠊᠊᠊᠊᠊᠊ ᠯᠤᠪᠰᠠᠩᠳᠠᠠᠵᠢᠠᠵᠠᠮᠰᠤ ᠶᠢᠨ ᠨᠢᠭᠡᠨ ᠨᠠᠰᠤᠨ ᠤ ᠥᠯᠢᠭᠡᠷ ᠳᠡᠦᠭᠡ ᠶᠢ ᠳᠡᠮᠳᠡᠭᠯᠡᠨ ᠳᠤᠭᠠᠴᠢᠬᠤ ᠳᠠᠭᠠᠨ ᠭᠡᠨ ᠨᠢᠭᠡᠨ ᠤ ᠭᠢᠨ《ᠭᠡᠯᠡ》《 ᠠᠮᠠ 》 ᠪᠠᠷ ᠭᠡᠯᠡᠭᠦᠯᠵᠤ ᠶᠠᠷᠢᠭᠤᠯᠤᠭᠰᠠᠨ ᠪᠢᠰᠢ᠂ ᠦᠪᠡᠷ ᠤᠨ ᠭᠢᠨᠢ ᠦᠨᠡᠨ ᠪᠣᠳᠠᠳᠤ ᠳᠤᠭᠠᠴᠠᠭᠠᠳᠤ ( ᠪᠠᠷᠢᠮᠳᠠᠳᠤ ) ᠳᠡᠮᠳᠡᠭᠯᠡᠯ ᠶᠢᠡᠷ ᠳᠠᠮᠵᠢᠭᠤᠯᠵᠤ ᠥᠵᠡᠭᠦᠯᠵᠤ ᠬᠠᠷᠠᠭᠤᠯᠵᠠᠢ᠃

ᠳᠤᠰ ᠨᠤᠮ ᠵᠠᠭᠤ ᠭᠤᠴᠢ ᠰᠢᠬᠠᠮ ᠨᠢᠭᠤᠷ ᠲᠡᠶ᠃ ᠦᠵᠦᠮᠤᠴᠢᠨ ᠰᠤᠶᠤᠯ ᠤᠨ ᠨᠠᠷᠠᠳᠤ ᠵᠢᠦᠡᠭᠦᠯᠳᠡᠨ᠂ ᠢᠷᠠᠭᠤ ᠨᠠᠢ᠌ᠷᠠᠭᠴᠢ ᠨᠠ᠊ ᠂ ᠳᠠᠮᠠᠴᠠᠯᠳᠤ ᠪᠣᠯᠤᠨ ᠦᠵᠦᠮᠤᠴᠢᠨ ᠰᠤᠶᠤᠯ ᠤᠨ ᠵᠢᠦᠡᠭᠦᠯᠳᠡᠨ᠂ ᠨᠠᠷᠠᠳᠤ ᠠᠬᠠᠮᠠᠤᠨ ᠮᠠᠯᠴᠢᠨ ᠵᠤᠬᠢᠶᠠᠯᠴᠢ ᠸ᠂ ᠨᠠᠮᠵᠢᠯᠰᠠᠷᠠᠩ ᠬᠤᠶᠠᠷ ( ᠡᠳᠡ ᠬᠤᠶᠠᠷ ᠣᠳᠤ ᠨᠢᠭᠡᠡᠳᠡ ᠨᠠᠰᠤ ᠪᠠᠷᠠᠪᠠ ) ᠠᠮᠢᠳᠤ ᠰᠡᠷᠡᠭᠦᠨ ᠪᠠᠢ᠌ᠬᠤ ᠳᠠᠭᠠᠨ ᠨᠠᠢ᠌ᠷᠠᠭᠤᠯᠤᠨ ᠡᠮᠭᠢᠦᠡᠭᠡᠵᠤ᠂ 1998 ᠣᠨ ᠳᠤ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠡᠴᠡ ᠭᠡᠪᠯᠡᠭᠦᠯᠪᠡ᠃

ᠳᠤᠰ ᠨᠤᠮ ᠦᠵᠦᠮᠤᠴᠢᠨ ᠪᠠᠢ᠌ᠯᠠ ᠶᠢᠨ ᠬᠤᠰᠢᠭᠤᠨ ᠤ ᠭᠠᠪᠵᠤ ᠯᠠᠮᠠ ᠶᠢᠨ ᠭᠤᠷᠪᠠᠨ ᠳᠦᠷᠢ ᠶᠢᠨ ᠳᠣᠢ᠌ᠮᠤ ; ᠮᠢᠨᠤ ᠦᠪᠡᠷ ᠤᠨ ᠳᠤᠭᠠᠴᠢᠯᠳᠠ ( ᠳᠤᠰ ᠨᠤᠮ ᠤᠨ ᠭᠤᠤᠯ ᠭᠡᠰᠡᠭ᠌᠂ ᠭᠠᠪᠵᠤ ᠯᠠᠮᠠ ᠊᠊᠊᠊᠊᠊᠊᠊᠊᠊᠊᠊᠊᠊᠊᠊᠊ ᠯᠤᠪᠰᠠᠩᠳᠠᠠᠵᠢᠠᠵᠠᠮᠰᠤ ᠶᠢᠨ ᠦᠪᠡᠷ ᠤᠨ ᠪᠢᠴᠢᠭ᠍ᠰᠡᠨ ᠵᠣᠢ᠌ᠯᠠᠰ ); ᠡᠭᠡ ᠣᠷᠤᠨ ᠳᠠᠭᠠᠨ ᠪᠣᠴᠠᠵᠤ ᠢᠷᠡᠭ᠍ᠰᠡᠨ ᠤ ᠳᠠᠷᠠᠭᠠᠭᠢ ᠳᠤᠷᠠᠤᠠᠬᠠᠯ ( ᠮᠦᠠᠴᠤ ᠳᠤᠰ ᠨᠤᠮ ᠤᠨ ᠭᠤᠤᠯ ᠭᠡᠰᠡᠭ᠌᠂ ᠭᠠᠪᠵᠤ ᠯᠠᠮᠠ ᠊᠊᠊᠊᠊᠊᠊᠊᠊᠊᠊᠊᠊᠊᠊᠊᠊ ᠯᠤᠪᠰᠠᠩᠳᠠᠠᠵᠢᠠᠵᠠᠮᠰᠤ ᠶᠢᠨ ᠦᠪᠡᠷ ᠤᠨ ᠪᠢᠴᠢᠭ᠍ᠰᠡᠨ ᠵᠣᠢ᠌ᠯᠠᠰ ) ; ᠮᠢᠨᠤ ᠳᠠᠨᠢᠳᠠᠭ ᠭᠠᠪᠵᠤ ᠯᠠᠮᠠᠬᠠᠢ ( ᠠ᠊ ᠂ ᠭᠦᠭᠡ ᠶᠢᠨ ᠳᠤᠷᠠᠤᠠᠬᠠᠯ ) ; ᠭᠠᠪᠵᠤ ᠯᠠᠮᠠ ᠶᠢᠨ ᠳᠡᠦᠭᠡᠨ ᠳᠣᠢ᠌ᠮᠤ《ᠮᠢᠨᠤ ᠳᠤᠭᠠᠴᠢᠯᠳᠠ》 ᠪᠣᠢ ᠪᠣᠯᠤᠭᠰᠠᠨ ᠳᠤᠬᠠᠢ ᠳᠤᠪᠴᠢ ᠳᠤᠷᠠᠤᠠᠬᠠᠯ ( ᠰᠤᠨᠤᠮ ᠤᠨ ᠪᠢᠴᠢᠭ᠍ᠰᠡᠨ ᠳᠤᠷᠠᠤᠠᠬᠠᠯ ) ;《ᠦᠵᠦᠮᠤᠴᠢᠨ ᠪᠠᠢ᠌ᠯᠠ ᠶᠢᠨ ᠭᠠᠪᠵᠤ ᠯᠠᠮᠠ》ᠨᠤᠮ ᠳᠤ ᠳᠤᠰᠬᠠᠢ ᠳᠡᠮᠵᠢᠯᠭᠡ ᠡᠷᠭᠦᠭ᠍ᠰᠡᠳ ᠭᠡᠭᠦ ᠵᠡᠷᠭᠡ ᠭᠡᠳᠤᠨ ᠪᠦᠯᠦᠭ᠌ ᠶᠢᠡᠷ ᠪᠢᠴᠢᠭ᠍ᠳᠡᠵᠡᠢ᠃ ᠡᠭᠦᠨ ᠳᠤ᠂ ᠭᠠᠪᠵᠤ ᠯᠠᠮᠠ ᠶᠢᠨ ᠳᠤᠭᠠᠴᠢᠯᠳᠠ ᠊᠊᠊᠊᠊᠊᠊᠊᠊᠊᠊᠊᠊᠊᠊᠊᠊ ᠦᠪᠡᠷ ᠤᠨ ᠪᠢᠴᠢᠭ᠍ᠰᠡᠨ ᠭᠡᠰᠡᠭ᠌᠂ ᠳᠤᠷᠠᠤᠠᠬᠠᠯ ᠨᠢ ᠪᠦᠭᠦᠢ᠌ᠯᠡ ᠨᠤᠮ ᠤᠨ ᠭᠤᠤᠯ ᠭᠡᠰᠡᠭ᠌ ᠢ ᠡᠵᠡᠯᠡᠵᠤ ᠪᠣᠢ᠃ ᠨᠠᠢ᠌ᠳᠠ 106 ᠨᠢᠭᠤᠷ᠂ 11 ᠳ᠋ᠤᠭᠡᠷ ᠨᠢᠭᠤᠷ ᠊᠊᠊᠊᠊᠊᠊᠊᠊᠊᠊᠊᠊᠊᠊᠊᠊ 116 ᠳ᠋ᠤᠭᠠᠷ ᠨᠢᠭᠤᠷ᠃

ᠦᠵᠦᠮᠤᠴᠢᠨ ᠪᠠᠢ᠌ᠯᠠ ᠶᠢᠨ ᠭᠠᠪᠵᠤ ᠯᠠᠮᠠ ᠯᠤᠪᠰᠠᠩᠳᠠᠠᠵᠢᠠᠵᠠᠮᠰᠤ ᠭᠡᠵᠤ ᠡᠩ ᠤᠨ ᠭᠦᠮᠤᠨ ᠪᠢᠰᠢ ᠪᠠᠢ᠌ᠵᠠᠢ᠃ ᠥᠯᠢᠭᠡᠷ ᠳᠡᠦᠭᠡ ᠲᠡᠶ᠂ ᠦᠵᠡᠯᠳᠠ ᠪᠣᠳᠤᠴᠠ ᠲᠡᠶ᠂ ᠵᠤᠷᠢᠭ ᠰᠦᠰᠦ ᠲᠡᠶ ᠂ ᠵᠤᠷᠢᠯᠳᠠ ᠬᠠᠷᠠᠯᠳᠠ ᠲᠡᠶ ᠣᠠᠴᠠᠭᠠᠢ ᠭᠦᠮᠤᠨ ᠪᠠᠢ᠌ᠵᠠᠢ᠃

ᠳᠠᠷᠠ ᠭᠠᠭᠴᠠ ᠰᠠᠤᠠᠭᠢᠯ ᠢ ᠪᠠᠷᠢᠨ ᠰᠦᠮ᠎ᠡ ᠶᠢᠨ ᠮᠤᠬᠤᠷ ᠰᠠᠭᠢᠵᠤ ᠰᠥᠰᠦᠭ᠌ ᠳᠠᠭᠠᠤᠠᠬᠠᠯ ᠭᠢᠵᠤ ᠰᠠᠭᠤᠭᠰᠠᠨ ᠭᠦᠮᠤᠨ ᠪᠢᠰᠢ᠂ ᠬᠠᠷᠢᠨ ᠭᠠᠳᠠᠭᠰᠢ ᠳᠤᠳᠤᠭᠰᠢ ᠣᠯᠠᠨ ᠭᠠᠷᠴᠤ ᠶᠠᠪᠣᠵᠤ ᠭᠠᠳᠠᠭᠠᠳᠤ ᠳᠤᠳᠤᠭᠠᠳᠤ ᠪᠠᠷ ᠠᠷᠪᠢᠨ ᠳᠤᠭᠤᠷᠢᠵᠤ ( ᠰᠤᠯᠤᠩᠭ᠋ᠤᠰ ᠂ ᠶᠠᠫᠣᠨ ᠂ ᠳᠤᠬᠠᠢ ᠶᠢᠨ ᠦᠶ᠎ᠡ ᠶᠢᠨ ᠮᠠᠠᠵᠤ ᠣᠯᠤᠰ ᠵᠡᠷᠭᠡ ᠭᠠᠵᠠᠷ ᠤᠳ ᠶᠢᠡᠷ ᠪᠦᠷᠢᠨ ᠣᠴᠢᠵᠤ ) ᠨᠢᠳᠤ ᠨᠡᠭᠡᠭᠡᠵᠤ ᠴᠢᠭᠢ ᠰᠤᠨᠤᠷᠵᠢᠭᠤᠯᠵᠤ ᠥᠭᠡᠷᠡᠴᠢᠯᠡᠯᠳᠡ ᠰᠢᠨᠠᠴᠢᠯᠠᠯᠳᠠ ᠶᠢ ᠵᠤᠷᠢᠭᠳᠠᠢ ᠭᠦᠭᠡᠭᠡᠴᠡᠯᠳᠡᠭ᠍ᠰᠡᠨ ᠰᠡᠭᠡᠭᠡᠷᠡᠭ᠍ᠰᠡᠨ ᠭᠦᠮᠤᠨ ᠰᠡᠩᠭᠡᠯᠵᠡᠭᠰᠡᠨ ᠡᠷ᠎ᠡ ᠪᠠᠢ᠌ᠵᠠᠢ᠃ ᠳᠠᠷᠠ ᠳᠤᠬᠠᠢ ᠶᠢᠨ ᠦᠶ᠎ᠡ ᠳᠤ ᠊᠊᠊᠊᠊᠊᠊᠊᠊᠊᠊᠊᠊᠊᠊᠊᠊ ᠳᠡᠭᠡᠷ᠎ᠡ ᠵᠠᠭᠤᠨ ᠤ ᠭᠤᠴᠢ ᠳᠦᠴᠢᠭᠡᠤᠨ ᠣᠨ ᠤ ᠦᠶ᠎ᠡ ᠳᠤ ( ᠣᠳᠤ ᠡᠴᠡ ᠳᠠᠯᠠ ᠨᠠᠶᠠᠨ ᠵᠢᠯ ᠤᠨ ᠡᠮᠤᠨ᠎ᠡ ) ᠂ ᠦᠪᠡᠷ ᠤᠨ ᠬᠠᠷᠢᠶᠠᠨ ᠤ ᠠᠷᠠᠤᠨ ᠤᠨ ᠦᠬᠢᠤᠨ ᠭᠦᠪᠠᠭᠦᠤᠨ ᠢ ᠴᠤᠭᠯᠠᠭᠤᠯᠤᠨ ᠰᠤᠷᠭᠠᠭᠤᠯᠢ ᠡᠷᠭᠢᠯᠡᠭᠦ᠂ ᠮᠤᠳᠤᠴᠢᠨ᠂ ᠳᠠᠮᠤᠷᠴᠢᠨ᠂ ᠡ᠊ᠯᠳᠡᠭᠦᠷᠴᠢᠨ᠂ ᠨᠤᠤᠰᠤᠴᠢᠨ᠂ ᠣᠶᠤᠳᠠᠯᠴᠢᠨ᠂ ᠭᠤᠳᠤᠯᠴᠢᠨ ᠤ ᠵᠡᠷᠭᠡ ᠭᠠᠵᠠᠷ ᠭᠠᠷᠭᠠᠵᠤ ᠭᠠᠷ ᠣᠢ᠌ᠯᠠᠤᠠᠪᠣᠷᠢ ᠪᠠᠢ᠌ᠭᠤᠯᠬᠤ᠂ ᠴᠠᠭᠠᠨ ᠳᠠᠪᠣᠤ ᠳᠤ ᠥᠩᠭᠡ ᠪᠣᠳᠤᠭ ᠣᠷᠤᠭᠤᠯᠤᠨ ᠯᠠᠮᠠ ᠨᠡᠷ ᠤᠨ ᠦᠮᠦᠳᠦ ( ᠪᠠᠡᠭᠵᠢᠯ ) ᠶᠢᠨ ᠥᠩᠭᠡ ᠶᠢ ᠬᠤᠪᠢᠷᠠᠭᠤᠯᠬᠤ᠂ ᠨᠤᠨ ᠭᠢᠩᠭ᠋ᠠᠨ ᠂ ᠭᠦᠯᠤᠨ ᠪᠣᠢ᠌ᠷ ᠵᠥᠭ᠌ ᠡᠴᠡ ᠰᠠᠢ᠌ᠨ ᠡᠭᠦᠯᠳᠡᠷ ᠤᠨ ᠬᠤᠴᠠ ᠠᠪᠴᠢᠷᠠᠨ ᠪᠣᠭ ᠮᠠᠯ ᠤᠨ ᠡᠭᠦᠯᠳᠡᠷ ᠢ ᠰᠠᠢ᠌ᠵᠢᠷᠠᠭᠤᠯᠬᠤ᠂ ᠰᠠᠯᠭᠢᠨ ᠤ ᠭᠦᠴᠤ ᠪᠠᠷ ᠴᠠᠭᠢᠯᠭᠠᠨ ᠭᠠᠷᠭᠠᠬᠤ ᠭᠡᠵᠤ ᠣᠷᠤᠯᠳᠤᠬᠤ᠂ ᠠᠴᠢᠶᠠᠨ ᠤ ᠮᠠᠰᠢᠨ ᠬᠤᠳᠠᠯᠳᠤᠨ ᠠᠪᠴᠤ ᠪᠠᠷᠠᠭᠤ ᠪᠤᠷᠢᠶᠡᠳ᠂ ᠰᠢᠯᠢ ᠶᠢᠨ ᠬᠤᠳᠠ ᠂ ᠵᠠᠩ ᠵᠢᠶᠠ ᠺᠸᠤ ᠭᠦᠷᠳᠡᠯ᠎ᠡ ᠭᠦᠮᠤᠨ ᠵᠥᠭᠡᠭᠡᠪᠦᠷᠢᠯᠡᠵᠤ ᠪᠠᠷᠠᠭ᠎ᠠ ᠳᠠᠸᠠᠷ ᠳᠡᠭᠡᠭᠡᠪᠦᠷᠢᠯᠡᠵᠤ ᠠᠷᠠᠯᠵᠢᠶ᠎ᠠ ᠮᠠᠢ᠌ᠮᠠᠢ ᠭᠢᠭᠦ ᠠᠰᠢᠭ ᠬᠤᠠᠵᠢᠪᠣᠷᠢ ᠣᠯᠬᠤ ᠁ ᠵᠡᠷᠭᠡ ᠳᠤᠬᠠᠢ ᠶᠢᠨ ᠦᠶ᠎ᠡ ᠳᠤ ᠪᠠᠢ᠌ᠳᠤᠭᠠᠢ ᠣᠳᠤᠭᠢ ᠭᠦᠮᠤᠨ ᠴᠤ ᠵᠠᠷᠢᠮ ᠦᠶ᠎ᠡ ᠳᠤ ᠰᠠᠤᠠᠭᠢᠵᠤ ᠣᠯᠤᠰᠢ ᠦᠭᠡᠶ ᠠᠯᠢ ᠣᠯᠠᠨ ᠠᠵᠢᠯ ᠤᠳ ᠢ ᠭᠢᠵᠤ ᠪᠦᠳᠦᠭᠡᠵᠤ ᠭᠦᠭᠡᠭᠡᠴᠡᠯᠳᠦᠵᠤ ᠵᠤᠷᠢᠵᠤ ᠶᠠᠪᠣᠵᠤ ᠂ ᠵᠠᠷᠢᠮ ᠳᠠᠯ᠎ᠠ ᠪᠠᠷ ᠵᠤᠭᠢᠬᠤ ᠠᠮᠵᠢᠯᠳᠠ ᠪᠣᠶᠤ ᠨᠥᠯᠦᠭᠡ ᠳᠤᠰᠬᠠᠯ ᠭᠠᠷᠭᠠᠭᠰᠠᠨ ᠪᠠᠢ᠌ᠨ᠎ᠠ᠃ ᠳᠠᠷᠠ ᠪᠠᠷ ᠡᠢ᠌ᠮᠤ ᠰᠡᠭᠡᠭᠡᠷᠡᠭ᠍ᠰᠡᠨ ᠭᠦᠮᠤᠨ᠂ ᠡᠢ᠌ᠮᠤ ᠣᠯᠠᠨ ᠣᠴᠢᠷ ᠶᠠᠪᠣᠳᠠᠯ ᠊᠊᠊᠊᠊᠊᠊᠊᠊᠊᠊᠊᠊᠊᠊᠊᠊ ᠠᠵᠢᠯ ᠪᠦᠳᠦᠭᠡᠯᠭᠡ ᠶᠢ ᠭᠢᠵᠤ ᠪᠦᠳᠦᠭᠡᠭ᠍ᠰᠡᠨ ᠣᠴᠢᠷ ᠡᠴᠡ ᠳᠤᠬᠠᠢ ᠶᠢᠨ ᠦᠶ᠎ᠡ ᠶᠢᠨ ᠬᠤᠰᠢᠭᠤ ᠵᠠᠰᠠᠭ ᠪᠣᠶᠤ ᠵᠠᠷᠢᠮ ᠨᠤᠶᠠᠤᠨ ᠳᠠᠪᠬᠤᠷᠭᠠᠳᠠᠤᠨ ᠤᠨ ᠡᠰᠡᠷᠭᠦᠴᠡᠯ ᠭᠠᠳᠠᠭᠤᠷᠴᠢᠯ ᠢ ᠶᠡᠭᠡᠪᠠᠷ ᠣᠯᠵᠤ᠂ ᠳᠤᠬᠠᠢ ᠶᠢᠨ ᠦᠶ᠎ᠡ ᠶᠢᠨ ᠦᠵᠦᠮᠤᠴᠢᠨ ᠴᠢᠨ ᠸᠠᠩ ᠮᠢᠠᠵᠤᠤᠷᠳᠤᠷᠵᠢ ᠂ ᠳᠤᠪᠳᠤᠨ ᠭᠦᠩ ᠂ ᠪᠠᠷᠠᠭᠤᠨ ᠳᠤᠰᠠᠯᠠᠭᠴᠢ ᠸᠠᠩᠴᠢᠠᠰᠠᠷᠠᠩ ᠵᠡᠷᠭᠡ ᠭᠦᠮᠦᠰ ᠲᠡᠶ ᠵᠦᠷᠢᠴᠠᠯ ᠮᠥᠷᠭᠦᠯᠳᠡᠭᠡᠨ ᠡᠭᠦᠰᠴᠤ᠂ ᠰᠡᠭᠦᠯ ᠳᠤ ᠨᠢ ᠡᠨᠡᠭᠦ ᠵᠤᠢᠷᠢᠴᠠᠯ ᠮᠥᠷᠭᠦᠯᠳᠡᠭᠡᠨ ᠨᠢ ᠭᠦᠭ᠍ᠵᠢᠭᠡᠤᠨ ᠭᠠᠯ ᠣᠰᠤ ᠮᠠᠳᠤ ᠪᠣᠯᠵᠤ᠂ ᠭᠡᠨ ᠨᠢ ᠴᠤ ᠭᠡᠨ ᠶᠢᠡᠨ ᠳᠤᠭᠤᠬᠤ ᠦᠭᠡᠶ᠂ ᠭᠡᠨ ᠨᠢ ᠴᠤ ᠭᠡᠨ ᠤ ᠪᠠᠨ ᠥᠭᠡ ᠶᠢ ᠠᠪᠬᠤ ᠦᠭᠡᠶ᠂ ᠭᠡᠨ ᠨᠢ ᠴᠤ ᠭᠡᠨ ᠶᠢᠡᠨ ᠳᠠᠭᠠᠬᠤ ᠦᠭᠡᠶ ᠠᠰ ᠠᠰ ᠤᠨ ᠵᠠᠮ ᠶᠢᠡᠨ ᠭᠦᠭᠡᠭᠡᠵᠤ᠂ ᠦᠵᠦᠮᠤᠴᠢᠨ ᠪᠠᠢ᠌ᠯᠠ ᠶᠢᠨ ᠬᠤᠰᠢᠭᠤ ᠶᠢ ᠭᠤᠷᠪᠠ ᠳᠦᠷᠪᠡᠨ ᠭᠡᠰᠡᠭ᠌ ᠪᠣᠯᠬᠤ ᠪᠠᠢ᠌ᠳᠠᠯ ᠳᠤ ᠣᠷᠤᠭᠤᠯᠤᠭᠰᠠᠨ ᠪᠠᠢ᠌ᠳᠠᠭ᠃

ᠭᠠᠪᠵᠤ ᠯᠠᠮᠠ ᠯᠤᠪᠰᠠᠩᠳᠠᠠᠵᠢᠠᠵᠠᠮᠰᠤ ᠳᠡᠭᠡᠷ᠎ᠡ ᠭᠡᠯᠡᠭ᠍ᠰᠡᠨ ᠮᠠᠳᠤ ᠣᠯᠠᠨ ᠵᠣᠢ᠌ᠯ ᠤᠨ ᠥᠭᠡᠷᠡᠴᠢᠯᠯᠡᠳᠡ ᠰᠢᠨᠠᠴᠢᠯᠠᠯᠳᠠ ᠲᠡᠶ ᠠᠵᠢᠯ ᠤᠳ ᠢ ᠭᠢᠭ᠍ᠰᠡᠨ ᠶᠢᠡᠷ ᠪᠠᠷᠠᠬᠤ ᠦᠭᠡᠶ᠂ ᠰᠡᠭᠦᠯᠡᠷ ᠨᠢ ᠶᠠᠫᠣᠨ ᠳᠠᠩᠨᠠᠭᠤᠯ ᠤᠨ ᠪᠠᠢ᠌ᠭᠤᠯᠤᠯᠭ᠎ᠠ ᠳᠤ ᠣᠷᠤᠵᠤ᠂ ᠶᠠᠫᠣᠨ《ᠳᠠᠩᠨᠠᠭᠤᠯ》ᠪᠣᠯᠵᠤ《ᠶᠠᠪᠣᠭᠰᠠᠨ》 ( ᠦᠨᠡᠨ ᠳᠡᠭᠡᠨ ᠳᠠᠩᠨᠠᠭᠤᠯ ᠪᠢᠰᠢ᠂ ᠳᠠᠳᠠᠨ ᠳᠤ ᠳᠤᠬᠠᠢ ᠶᠢᠨ ᠦᠶ᠎ᠡ ᠶᠢᠨ ᠦᠵᠦᠮᠤᠴᠢᠨ ᠤ ᠪᠣᠶᠤ ᠪᠠᠷᠠᠭᠤᠨ ᠮᠤᠩᠭ᠋ᠤᠯ ᠊᠊᠊᠊᠊᠊᠊᠊᠊᠊᠊᠊᠊᠊᠊᠊᠊ ᠰᠢᠯᠢ ᠶᠢᠨ ᠭᠤᠤᠯ ᠤᠨ ᠴᠠᠭ ᠲᠦᠷᠦ᠂ ᠠᠬᠤᠢ ᠪᠠᠢ᠌ᠳᠠᠯ ᠤᠨ ᠳᠤᠬᠠᠢ ᠪᠠᠭ᠎ᠠ ᠰᠠᠭ᠎ᠠ ᠮᠡᠳᠡᠭᠡ ᠴᠢᠮᠡᠭᠡ ᠬᠠᠩᠭ᠋ᠠᠵᠤ ᠥᠭ᠍ᠴᠤ ᠪᠠᠢ᠌ᠭᠰᠠᠨ ) ᠮᠥᠷᠳᠡᠭᠡᠨ ᠳᠠᠮᠤᠴᠤᠭᠳᠤᠡᠭᠷᠤᠪ ᠤᠨ《ᠮᠤᠩᠭ᠋ᠤᠯ ᠤᠨ ᠭᠢᠵᠠᠭᠠᠷ ᠤᠨ ᠵᠠᠰᠠᠭ ᠤᠨ ᠭᠠᠵᠠᠷ》 ᠲᠤ ᠣᠷᠤᠵᠤ᠂ ᠦᠪᠡᠷ ᠤᠨ ᠵᠠᠷᠢᠮ ᠭᠢᠶ᠎ᠠ ᠪᠦᠳᠦᠭᠡᠶ᠎ᠡ ᠭᠡᠰᠡᠨ ᠠᠵᠢᠯ ᠪᠣᠳᠤᠯ ᠶᠢᠡᠨ ᠭᠢᠵᠤ ᠭᠦᠢᠴᠡᠦᠡᠭᠡᠵᠤ ᠶᠠᠪᠣᠭᠰᠠᠨ ᠴᠤ ᠪᠠᠢ᠌ᠨ᠎ᠠ᠃ ᠶᠠᠭ ᠡᠨᠡᠭᠦ ᠭᠢᠳᠠᠯ ᠶᠠᠪᠣᠳᠠᠯ ᠤᠨ ᠶᠢᠡᠨ ᠣᠷᠰᠢᠭ ᠶᠢᠡᠷ ᠰᠡᠭᠦᠯᠡᠷ ᠨᠢ ᠮᠤᠩᠭ᠋ᠤᠯ ᠣᠯᠤᠰ ᠲᠤ ᠪᠠᠷᠢᠭᠳᠠᠨ ᠣᠴᠢᠵᠤ ᠬᠤᠷᠢᠨ ᠳᠠᠪᠤᠨ ᠵᠢᠯ ᠶᠢᠡᠷ ᠬᠤᠷᠢᠭᠳᠠᠬᠤ ᠶᠠᠯ᠎ᠠ ᠳᠤᠷᠭᠠᠭᠤᠯᠢ ᠶᠢ ᠡᠳ᠋ᠯᠡᠵᠤ ᠬᠠᠷᠠᠳᠠᠢ ᠭᠦᠷᠳᠡᠢ ᠬᠠᠯᠠ ᠲᠡᠶ ᠬᠠᠰᠢᠶᠠᠭ᠎ᠠ ᠲᠡᠶ ᠬᠤᠷᠸ᠎ᠠ ᠳᠤ ᠬᠠᠢ᠌ᠷ᠎ᠠ ᠨᠠᠢ᠌ᠷ ᠦᠭᠡᠶ ᠳᠡᠯᠡᠰᠦᠭ᠍ᠳᠡᠵᠤ ᠳᠡᠯᠡᠳᠦᠭ᠍ᠳᠡᠵᠤ ᠶᠠᠪᠣᠭᠰᠠᠨ ᠪᠠᠢ᠌ᠨ᠎ᠠ᠃ ᠭᠡᠪᠠᠴᠤ᠂ ᠳᠠᠷᠠ ᠡᠨᠡ ᠪᠦᠭᠦᠨ ᠡᠴᠡ ᠥᠴᠦᠭᠡᠨ ᠴᠤ ᠠᠶᠤᠵᠤ ᠰᠥᠷᠳᠡᠭ᠍ᠰᠡᠨ ᠦᠭᠡᠶ᠂ ᠦᠪᠡᠷ ᠤᠨ ᠵᠠᠷᠢᠮ ᠨᠢᠭᠡ ᠦᠵᠡᠯᠳᠠ ᠪᠠᠷᠢᠮᠳᠠᠯᠠᠯ ᠶᠢᠡᠨ ᠴᠢᠡᠭᠭ᠎ᠠ ᠪᠠᠷᠢᠮᠳᠠᠯᠠᠵᠤ᠂ ᠦᠨᠡᠨ ᠴᠠᠭᠠᠨ ᠶᠢᠡᠨ ᠣᠯᠬᠤ ᠡᠳᠦᠷ ᠯᠠᠪ ᠨᠢᠭᠡ ᠪᠠᠢ᠌ᠬᠤ ᠶᠤᠮ ᠭᠡᠵᠤ ᠵᠤᠷᠢᠵᠤ ᠵᠢᠦᠡᠭᠦᠵᠤ ᠢᠷᠠᠵᠠᠢ᠃

ᠳᠠᠷᠠ 1945 ᠣᠨ ᠤ ᠵᠤᠨ ᠂ ᠳᠡᠯᠡᠭᠡᠢ ᠶᠢᠨ ᠬᠤᠶᠠᠳᠤᠭᠠᠷ ᠳᠠᠢ᠌ᠨ ᠤ ᠳᠡᠭᠦᠰᠭᠡᠯ ᠤᠨ ᠦᠶ᠎ᠡ ᠳᠤ ᠮᠤᠩᠭ᠋ᠤᠯ ᠣᠯᠤᠰ ᠲᠤ ᠳᠠᠢ᠌ᠨ ᠤ ᠶᠠᠯᠠᠳᠠᠨ ᠶᠢᠡᠷ ᠪᠠᠷᠢᠭᠳᠠᠨ ᠣᠴᠢᠵᠤ ᠂ 1954 ᠣᠨ ᠤ ᠰᠡᠭᠦᠯᠴᠢ ᠪᠠᠷ ᠡᠭᠡ ᠣᠯᠤᠰ ᠲᠠᠭᠠᠨ ᠭᠦᠷᠭᠡᠭ᠍ᠳᠡᠵᠤ ᠢᠷᠡᠭᠦ ᠪᠣᠯᠳᠠᠯ᠎ᠠ ᠠᠷᠪᠠ ᠰᠢᠬᠠᠮ ᠵᠢᠯ ᠳᠤ ᠮᠤᠩᠭ᠋ᠤᠯ ᠣᠯᠤᠰ ᠤᠨ ᠪᠠᠶᠠᠨ ᠊᠊᠊᠊᠊᠊᠊᠊᠊᠊᠊᠊᠊᠊᠊᠊᠊ ᠲᠦᠮᠡᠨ ᠤ ᠱᠤᠷᠤᠩ ᠂ ᠣᠯᠠᠭᠠᠠᠪᠠᠭᠠᠳᠤᠷ ᠤᠨ ᠳᠦᠪ ᠱᠤᠷᠤᠩ ᠂ ᠳᠦᠪᠯᠡᠷᠡᠭᠦᠯᠤᠨ ᠬᠤᠷᠢᠬᠤ ᠭᠠᠵᠠᠷ ᠵᠡᠷᠭᠡ ᠭᠠᠵᠠᠷ ᠤᠳ ᠶᠢᠡᠷ ᠬᠤᠷᠢᠭᠳᠠᠵᠤ᠂ ᠳᠤᠷᠤᠨᠠᠳᠤ᠂ ᠪᠣᠯᠭᠠᠨ᠂ ᠰᠡᠯᠡᠩᠭᠡ ᠵᠡᠷᠭᠡ ( ᠠᠢ᠌ᠮᠠᠭ ) ᠭᠠᠵᠠᠷ ᠤᠳ ᠶᠢᠡᠷ ᠴᠤ ᠭᠦᠳᠡᠯᠮᠦᠷᠢ ᠪᠠᠷ ᠥᠭᠡᠷᠡᠴᠢᠯᠡᠭ᠍ᠳᠡᠵᠤ ᠵᠠᠰᠠᠭᠳᠠᠵᠤ ᠶᠠᠪᠣᠵᠠᠢ᠃ 1954 ᠣᠨ ᠤ ᠰᠡᠭᠦᠯᠴᠢ ᠪᠠᠷ ᠡᠭᠡ ᠣᠯᠤᠰ ᠲᠠᠭᠠᠨ ᠭᠦᠷᠭᠡᠭ᠍ᠳᠡᠵᠤ ᠢᠷᠡᠭ᠍ᠰᠡᠨ ᠤ ᠳᠠᠷᠠᠭ᠎ᠠ᠂ 1957 ᠣᠨ ᠤ ᠬᠠᠪᠣᠷ ᠪᠣᠯᠳᠠᠯ᠎ᠠ ᠰᠢᠯᠢ ᠶᠢᠨ ᠬᠤᠳᠠ ᠳ᠋ᠠᠭᠢ ᠰᠢᠯᠢ ᠶᠢᠨ ᠭᠤᠤᠯ ᠠᠢ᠌ᠮᠠᠭ ᠤᠨ ᠶᠠᠯᠠᠳᠠᠨ ᠢ ᠬᠤᠷᠢᠬᠤ ᠭᠠᠵᠠᠷ ᠭᠦᠳᠡᠯᠮᠦᠷᠢ ᠪᠠᠷ ᠥᠭᠡᠷᠡᠴᠢᠯᠡᠭ᠍ᠳᠡᠵᠤ᠂ 1957 ᠣᠨ ᠤ ᠬᠠᠪᠣᠷ ᠣᠠᠴᠠᠭᠠᠢ ᠠᠭᠤᠴᠢᠯᠠᠯ ᠭᠦᠷᠳᠡᠨ ᠣᠤᠯ ᠨᠤᠳᠤᠭ ︱ ᠵᠡᠭᠦᠨ ᠦᠵᠦᠮᠤᠴᠢᠨ ᠬᠤᠰᠢᠭᠤᠨ ᠤ ᠣᠯᠠᠭᠠᠢ ᠭᠤᠤᠯ ᠰᠤᠮᠤᠨ ᠳᠠᠭᠠᠨ ᠬᠠᠷᠢᠵᠤ ᠢᠷᠠᠨ ᠭᠦᠳᠡᠯᠮᠦᠷᠢ ᠪᠠᠷ ᠥᠭᠡᠷᠡᠴᠢᠯᠡᠭ᠍ᠳᠡᠭᠦ ᠨᠠᠷ᠎ᠠ ᠪᠠᠷ ᠠᠵᠢᠯ ᠭᠦᠳᠡᠯᠮᠦᠷᠢ ᠳᠤ ᠣᠷᠤᠯᠴᠠᠵᠤ᠂ 1976 ᠣᠨ ᠤ ᠨᠠᠮᠤᠷ ᠨᠠᠰᠤ ᠪᠣᠯᠬᠤ ᠡᠴᠡ ᠪᠠᠨ ᠳᠦᠷᠪᠠᠭᠡᠨ ᠵᠢᠯ ᠤᠨ ᠡᠮᠤᠨ᠎ᠡ ᠰᠠᠶ‍ᠢ《ᠶᠠᠯ᠎ᠠ》᠂《ᠮᠠᠯᠠᠭᠠᠢ》 ᠪᠠᠨ ᠳᠠᠢ᠌ᠯᠠᠭᠤᠯᠵᠤ ᠭᠦᠮᠤᠨ ᠤ ᠡᠷᠭᠡ ᠴᠢᠯᠦᠭᠡ ᠪᠠᠨ ᠣᠯᠵᠤ᠂ ᠥᠳᠡᠯᠦᠭᠡ ᠨᠠᠰᠤᠨ ᠤ ᠦᠯᠠᠳᠠᠪᠣᠷᠢ ᠊᠊᠊᠊᠊᠊᠊᠊᠊᠊᠊᠊᠊᠊᠊᠊᠊ ᠳᠦᠷᠪᠡᠨ ᠵᠢᠯ ᠶᠢᠡᠨ ᠠᠮᠤᠷ ᠵᠢᠮᠤᠷ ᠶᠠᠪᠣᠵᠤ ᠥᠩᠭᠡᠷᠡᠭ᠍ᠰᠡᠨ ᠪᠠᠢ᠌ᠨ᠎ᠠ᠃ ᠡᠨᠡ ᠳᠦᠷᠪᠡᠨ ᠵᠢᠯ ᠳᠡᠭᠡᠨ ᠳᠠᠷᠠ ᠦᠪᠡᠷ ᠤᠨ ᠨᠢᠭᠡ ᠨᠠᠰᠤᠨ ᠤ ᠥᠩᠭᠡᠷᠡᠯᠳᠡ᠂ ᠶᠠᠪᠣᠴᠠ᠂ ᠦᠰᠦᠯᠳᠠ ᠪᠣᠢ᠌ᠵᠢᠯᠳᠠ᠂ ᠥᠭᠡᠳᠡᠯᠡᠯ ᠣᠷᠤᠭᠤᠳᠠᠯ᠂ ᠭᠢᠳᠠᠯ ᠪᠠᠷᠢᠳᠠᠯ᠂ ᠭᠡᠷᠡᠭ᠌ ᠵᠠᠷᠭᠤ᠂ ᠭᠡᠪ ᠰᠤᠷᠳᠠᠯ ᠵᠡᠷᠭᠡ ᠣᠯᠠᠨ ᠳᠠᠯ᠎ᠠ ᠳᠠᠭᠠᠨ ᠭᠦᠢᠴᠡᠳ ᠳᠤᠩᠭ᠋ᠠᠭᠠᠯᠳᠠ ᠭᠢᠵᠤ᠂ ᠦᠪᠡᠷ ᠤᠨ ᠳᠤᠭᠠᠴᠢᠯᠳᠠ ᠪᠠᠨ ᠪᠢᠴᠢᠵᠤ᠂ ᠪᠢᠳᠠᠨ ᠳᠤ ᠭᠦᠮᠤᠨ ᠲᠦᠷᠦᠯᠭᠢᠳᠠᠨ ᠳᠤ ᠳᠡᠦᠭᠡ ᠴᠠᠳᠢᠭ᠂ ᠨᠠᠮᠳᠠᠷ ᠳᠤᠷᠠᠤᠠᠬᠠᠯ ᠪᠣᠯᠭᠠᠨ ᠥᠯᠡᠳᠡᠭᠡᠵᠤ ᠬᠤᠴᠤᠷᠤᠭᠠᠵᠠᠢ᠃

ᠳᠠᠷᠠ ᠦᠪᠡᠷ ᠤᠨ ᠡᠨᠡᠭᠦ ᠳᠤᠭᠠᠴᠢᠯᠳᠠ ᠪᠠᠨ ᠲᠦᠪᠡᠳ ᠭᠡᠯᠡ ( ᠥᠰᠦᠭ᠌ ) ᠪᠠᠷ ᠠᠪᠢᠶᠠᠴᠢᠯᠠᠨ ᠪᠢᠴᠢᠵᠤ᠂ ᠪᠢᠴᠢᠵᠤ ᠪᠠᠷᠠᠭᠰᠠᠨ ᠤ ᠪᠠᠨ ᠳᠠᠷᠠᠭ᠎ᠠ᠂ ᠳᠤᠬᠠᠢ ᠶᠢᠨ ᠦᠶ᠎ᠡ ᠶᠢᠨ ᠣᠯᠠᠭᠠᠢ ᠰᠤᠮᠤᠨ ᠤ ᠰᠤᠷᠭᠠᠭᠤᠯᠢ ᠶᠢᠨ ᠪᠠᠭᠰᠢ ᠰᠤᠨᠤᠮ᠂ ᠪᠦᠭᠡᠬᠠᠳᠡ ᠂ ᠦᠨᠳᠦᠰᠦ ᠵᠡᠷᠭᠡ ᠭᠦᠮᠦᠰ ( ᠳᠡᠭᠦᠨ ᠤ ᠪᠠᠷᠢᠭᠠᠳᠠ ᠭᠠᠴᠠᠭ᠎ᠠ ᠶᠢᠨ ᠨᠤᠳᠤᠭ ᠤᠨ ᠭᠡᠦᠭᠡᠤᠨ ᠳᠡᠭᠦᠤ ᠨᠡᠷ ᠪᠣᠯᠬᠤ ᠭᠦᠮᠦᠰ ) ᠲᠤ ᠦᠪᠡᠷ ᠶᠢᠡᠨ ᠣᠩᠰᠢᠨ ᠥᠭ᠍ᠴᠤ ᠂ ᠣᠢ᠌ᠭᠤᠷᠵᠢᠨ ᠮᠤᠩᠭ᠋ᠤᠯ ᠪᠢᠴᠢᠭ᠌ ᠲᠤ ᠪᠠᠭᠤᠯᠭᠠᠵᠤ ᠳᠠᠯᠪᠢᠭᠰᠠᠨ ᠪᠠᠢ᠌ᠨ᠎ᠠ᠃

《ᠦᠵᠦᠮᠤᠴᠢᠨ ᠪᠠᠢ᠌ᠯᠠ ᠶᠢᠨ ᠭᠠᠪᠵᠤ ᠯᠠᠮᠠ》ᠭᠡᠭᠦ ᠨᠤᠮ ᠢ ᠣᠩᠰᠢᠪᠠᠯ ᠪᠢᠳᠠ ᠶᠠᠭᠤ ᠨᠢᠭᠡ ᠶᠢ ᠪᠣᠳᠤᠵᠤ ᠶᠠᠭᠤ ᠨᠢᠭᠡ ᠶᠢ ᠰᠠᠤᠠᠭᠢᠵᠤ ᠪᠣᠯᠤᠨ᠎ᠠ᠃ ᠳᠤᠰ ᠨᠤᠮ ᠳᠤ᠂ ᠭᠠᠪᠵᠤ ᠯᠠᠮᠠ ᠪᠣᠶᠤ ᠭᠠᠪᠵᠤ ᠯᠠᠮᠠ ᠲᠡᠶ ᠬᠤᠯᠪᠣᠭᠳᠠᠭᠰᠠᠨ ᠣᠯᠠᠨ ᠭᠦᠮᠤᠨ᠂ ᠣᠯᠠᠨ ᠭᠠᠵᠠᠷ ᠣᠷᠤᠨ ᠤ ᠳᠡᠦᠭᠡ ᠨᠠᠮᠳᠠᠷ ( ᠭᠡᠷᠡᠭ᠌ ) ᠳᠡᠮᠳᠡᠭᠯᠡᠭ᠍ᠳᠡᠵᠤ ᠳᠤᠰᠬᠠᠭᠳᠠᠵᠤ ᠪᠠᠢ᠌ᠳᠠᠭ᠃ ᠣᠠᠴᠠᠭᠠᠢ᠌ᠯᠠᠨ ᠮᠤᠩᠭ᠋ᠤᠯ ᠣᠯᠤᠰ ᠲᠤ ᠬᠤᠷᠢᠭᠳᠠᠵᠤ ᠥᠭᠡᠷᠡᠴᠢᠯᠡᠭ᠍ᠳᠡᠵᠤ ᠶᠠᠪᠣᠭᠰᠠᠨ ᠠᠷᠪᠠ ᠰᠢᠬᠠᠮ ᠵᠢᠯ ᠤᠨ ᠭᠢᠨᠢ ᠣᠴᠢᠷ᠂ ᠳᠤᠷᠠᠤᠠᠬᠠᠯ ᠳᠤ ᠨᠢ ᠪᠢᠳᠠᠨ ᠤ ᠮᠡᠳᠡᠭᠡᠳᠦᠢ ᠪᠣᠶᠤ ᠮᠠᠳᠠᠶ᠎ᠠ ᠣᠢ᠌ᠯᠠᠭᠠᠶ᠎ᠠ ᠭᠡᠵᠤ ᠪᠣᠳᠤᠵᠤ ᠶᠡᠪᠤᠬᠰᠡᠨ ᠠᠷᠪᠢᠨ ᠣᠴᠢᠷ ᠳᠤᠰᠬᠠᠭᠳᠠᠵᠤ ᠪᠠᠢ᠌ᠳᠠᠭ᠃ ᠮᠠᠨ ᠤ ᠦᠪᠣᠷ ᠮᠤᠩᠭ᠋ᠤᠯ ᠤᠨ ᠡᠯ᠎ᠡ ᠭᠠᠵᠠᠷ ᠨᠤᠳᠤᠭ ᠤᠨ ᠳᠠᠷᠠ ᠦᠶ᠎ᠡ ᠳᠤ ᠮᠤᠩᠭ᠋ᠤᠯ ᠣᠯᠤᠰ ᠲᠤ ᠡᠯᠳᠡᠪ ᠤᠨ ᠰᠢᠯᠳᠠᠭ ᠶᠢᠡᠷ ᠪᠠᠷᠢᠭᠳᠠᠵᠤ ᠣᠴᠢᠭᠰᠠᠨ᠂ ᠬᠤᠷᠢᠭᠳᠠᠵᠤ ᠶᠠᠯᠠᠯᠠᠭᠳᠠᠭᠰᠠᠨ ᠣᠯᠠᠨ ᠳᠡᠦᠭᠡᠳᠤ ᠭᠦᠮᠦᠰ ᠤᠨ ᠰᠤᠷᠠᠭ᠂ ᠳᠡᠦᠭᠡ᠂ ᠣᠴᠠᠷᠠᠯ᠂ ᠲᠤᠬᠢᠶᠠᠯᠳᠤᠯ ᠪᠢᠴᠢᠭ᠍ᠳᠡᠵᠤ ᠪᠠᠢ᠌ᠳᠠᠭ ᠃

ᠦᠵᠦᠮᠤᠴᠢᠨ ᠪᠠᠢ᠌ᠯᠠ ᠶᠢᠨ ᠭᠠᠪᠵᠤ ᠯᠠᠮᠠ ᠶᠢᠨ ᠳᠡᠦᠭᠡ ᠪᠣᠯ ᠥᠭᠡᠳᠡᠯᠡᠵᠤ ᠣᠷᠤᠭᠤᠳᠠᠵᠤ ᠶᠠᠪᠣᠭᠰᠠᠨ ᠳᠡᠦᠭᠡ᠂ ᠥᠭ᠍ᠰᠦᠵᠤ ᠳᠡᠭᠡᠰᠴᠤ ᠢᠷᠡᠭ᠍ᠰᠡᠨ ᠳᠡᠦᠭᠡ᠂ ᠣᠢ᠌ᠯᠠ ᠪᠠᠨ ᠥᠵᠡᠭ᠍ᠰᠡᠨ ᠳᠡᠦᠭᠡ ᠂ ᠦᠰᠦ ᠪᠠᠨ ᠴᠠᠢ᠌ᠯᠭᠠᠭᠰᠠᠨ ᠳᠡᠦᠭᠡ᠂ ᠣᠬᠠᠭᠠᠷᠠᠵᠤ ᠰᠡᠭᠡᠭᠡᠷᠡᠭ᠍ᠰᠡᠨ ᠳᠡᠦᠭᠡ᠂ ᠣᠬᠠᠭᠠᠵᠢᠵᠤ ᠳᠤᠮᠤᠭᠠᠵᠢᠭᠰᠠᠨ ᠳᠡᠦᠭᠡ᠃ ᠳᠡᠭᠦᠨ ᠤ ᠳᠡᠦᠭᠡ ᠪᠣᠯ ᠳᠡᠭᠦᠨ ᠤ ᠨᠢᠭᠡ ᠭᠦᠮᠤᠨ ᠤ ᠨᠢᠭᠡᠨ ᠨᠠᠰᠤᠨ ᠤ ᠳᠡᠦᠭᠡ ᠪᠠᠷ ᠪᠠᠷᠠᠬᠤ ᠦᠭᠡᠶ᠂ ᠳᠡᠭᠦᠨ ᠲᠡᠶ ᠬᠤᠯᠪᠣᠭᠳᠠᠭᠰᠠᠨ ᠣᠰᠤ ᠨᠤᠳᠤᠭ ᠤᠨ ᠳᠡᠦᠭᠡ᠂ ᠭᠠᠵᠠᠷ ᠣᠷᠤᠨ ᠤ ᠳᠡᠦᠭᠡ᠂ ᠴᠠᠭ ᠲᠦᠷᠦ ᠶᠢᠨ ᠳᠡᠦᠭᠡ᠂ ᠨᠡᠢ᠌ᠭᠡᠮ ᠠᠬᠤᠢ ᠶᠢᠨ ᠳᠡᠦᠭᠡ ᠂ ᠨᠠᠢ᠌ᠳᠠ ᠣᠯᠠᠨ ᠤ ᠳᠡᠦᠭᠡ ᠁

ᠡᠨᠡᠭᠦ ᠳᠡᠦᠭᠡ ᠶᠢᠨ ᠳᠡᠮᠳᠡᠭᠯᠡᠯ ᠢ ᠣᠩᠰᠢᠪᠠᠯ ᠪᠢᠳᠠ ᠳᠤᠬᠠᠢ ᠶᠢᠨ ᠦᠶ᠎ᠡ ᠶᠢᠨ ᠴᠠᠭ ᠲᠦᠷᠦ ᠂ ᠭᠦᠮᠤᠨ ᠠᠬᠤᠢ᠂ ᠨᠡᠢ᠌ᠭᠡᠮ ᠵᠠᠰᠠᠭ᠂ ᠡᠷᠢᠯ ᠭᠦᠭᠡᠭᠡᠴᠡᠯᠳᠤᠯ᠂ ᠡᠰᠡᠷᠭᠦᠴᠡᠯ ᠳᠠᠮᠠᠴᠠᠯ ᠂ ᠢᠯᠠᠯᠳᠠ ᠢᠯᠠᠭᠳᠠᠯ᠂ ᠳᠠᠢ᠌ᠨ ᠳᠠᠵᠢᠨ᠂ ᠳᠠᠰᠪᠣᠷᠢ ᠳᠠᠪᠴᠢᠶᠠᠷᠢ᠂ ᠳᠡᠯᠡᠭᠡᠢ ᠶᠢᠨ ᠪᠠᠢ᠌ᠳᠠᠯ ᠁ ᠵᠡᠷᠭᠡ ᠣᠯᠠᠨ ᠳᠠᠯ᠎ᠠ ᠶᠢ ᠣᠯᠠᠨ ᠳᠠᠯ᠎ᠠ ᠡᠴᠡ ᠨᠢ ᠬᠠᠷᠠᠵᠤ ᠣᠢ᠌ᠯᠠᠭᠠᠵᠤ ᠪᠣᠯᠤᠨ᠎ᠠ᠃ ᠣᠩᠰᠢᠵᠤ ᠥᠵᠡᠭᠡᠷᠡᠢ ︕


ᠵᠤᠬᠢᠶᠠᠭᠴᠢ ᠶᠢᠨ ᠬᠠᠶ‍ᠢᠭ ᠄ ᠭᠦᠭᠡᠬᠤᠳᠡ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠬᠢᠮ ᠴᠤᠤᠲᠠᠳ
ᠳᠠᠷᠤᠮ᠄ 15742
ᠴᠠᠭ᠄ 2012 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ