☆ ᠳ᠋·ᠪᠦᠷᠢᠨᠲᠤᠭᠲᠠᠬᠤ
ᠰᠠᠢ᠌ᠬᠠᠨ ᠬᠠᠨ ᠤ ᠵᠢᠪᠠᠷ
ᠰᠠᠢ᠌ᠬᠠᠨ ᠬᠠᠨ ᠤ ᠵᠢᠪᠠᠷ
ᠨᠠᠭᠤᠷ ᠤᠨ ᠶᠢᠡᠨ ᠣᠰᠤᠨ ᠤ ᠳᠤᠩᠭ᠋ᠠᠯᠠᠭ ᠭᠡᠪᠠᠯᠢ ᠳ᠋ᠤ
ᠡᠭᠦᠯᠡ ᠲᠡᠶ ᠪᠠᠨ ᠶᠠᠷᠢᠳᠠᠭ
ᠠᠯᠳᠠᠩᠬᠸ᠎ᠠ ᠴᠡᠴᠡᠭ᠌ ᠤᠨ ᠭᠤᠶᠤᠬᠠᠨ ᠭᠠᠯᠪᠢᠷ
ᠳᠤᠷᠠᠰᠬᠤ ᠶᠢᠨ ᠡᠷᠭᠡᠨ ᠳᠤ ᠵᠡᠭᠦᠳᠤᠨ ᠳᠡᠭᠡᠨ ᠣᠴᠠᠷᠠᠳᠠᠭ
ᠳᠤᠭᠤᠢ ᠭᠦᠭᠡᠷᠦᠭᠦᠨ ᠴᠢᠨᠤ ᠳᠦᠷᠢ᠁
ᠰᠠᠢ᠌ᠬᠠᠨ ᠬᠠᠨ ᠤ ᠪᠠᠨ ᠣᠷᠤᠢ ᠳ᠋ᠤ
ᠭᠠᠷᠴᠤ ᠨᠢᠭᠡ ᠬᠠᠷᠠᠶ᠎ᠠ ᠭᠡᠭᠦ
ᠰᠠᠨᠠᠭ᠎ᠠ ᠨᠢ ᠪᠠᠢ᠌ᠭᠠᠤᠨ ᠴᠠᠭ ᠨᠢ ᠥᠭᠡᠢ
ᠮᠢᠨᠤ ᠳᠤᠷᠠᠰᠤᠯ
ᠴᠢᠨᠤ ᠵᠥᠭᠡᠯᠡᠨ ᠠᠮᠢᠰᠬᠤᠭᠠᠨ ᠳᠤ
ᠬᠠᠮᠤᠭ ᠤᠢ᠌ᠷᠠᠬᠠᠨ ᠵᠢᠷᠭᠠᠶ᠎ᠠ ᠭᠡᠭᠦ
ᠴᠢᠩ ᠰᠡᠳᠭᠢᠯ ᠤᠨ ᠮᠦᠷᠦᠭᠡᠳᠦᠯ ᠶᠢᠡᠨ
ᠳᠠᠰᠤ ᠨᠢᠭᠤᠳᠠᠭ
ᠮᠢᠨᠤ ᠵᠠᠶᠠᠭ᠎ᠠ
ᠪᠢ ᠵᠥᠪᠭᠡᠨ ᠭᠦᠮᠤᠨ ᠤ
ᠣᠯᠠᠷᠢᠯ ᠤᠨ ᠰᠠᠯᠭᠢ
ᠰᠠᠢ᠌ᠨ ᠰᠠᠢ᠌ᠬᠠᠨ ᠪᠣᠯᠪᠠᠰᠤᠨ ᠭᠡᠳᠡᠭ᠌ ᠲᠤ
ᠬᠠᠢ᠌ᠷ᠎ᠠ ᠪᠠᠨ ᠠᠮᠢᠳᠤ ᠪᠠᠷ ᠨᠢ ᠪᠣᠯᠠᠰᠢᠯᠠᠳᠠᠭ
ᠰᠡᠳᠬᠢᠯᠭᠡ ᠶᠢᠨ ᠭᠢᠮᠤᠷᠠᠯ
ᠣᠯᠠᠨ ᠤ ᠨᠢᠳᠤᠨ ᠳᠡᠭᠡᠷ᠎ᠡ
ᠴᠢᠨᠤ ᠭᠦ᠋ ᠬᠠᠷ᠎ᠠ ᠭᠡᠵᠢᠭᠡ ᠶᠢ ᠡᠩᠭᠦᠷᠡᠢ᠌ᠯᠡᠨ ᠢᠯᠪᠢᠳᠡᠭ᠌
ᠰᠠᠢ᠌ᠬᠠᠨ ᠬᠠᠨ ᠤ ᠵᠢᠪᠠᠷ᠁
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2011 ᠤᠨ ᠤ 11 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ