ᠨᠡᠪᠲᠡᠷᠡᠨ ᠤᠷᠤᠬᠤ
ᠳᠠᠯ᠎ᠠ ᠶᠢᠨ ᠰᠠᠷᠠᠯᠠᠩ ᠳᠠᠩᠭᠢᠯᠬᠠᠨ ᠬᠤᠨ

ᠦᠷ ᠤᠨ ᠭᠡᠭᠡ ᠬᠠᠶᠠᠭᠠᠷᠠᠬᠤ ᠶᠢᠨ ᠰᠠᠴᠠᠭᠤ  

ᠦᠷᠦᠭᠡ ᠭᠡᠷ ᠤᠨ ᠬᠠᠶᠠᠭ᠎ᠠ ᠪᠠᠨ ᠰᠢᠭᠤᠳᠠᠭ  

ᠡᠷᠳᠡ ᠶᠢᠨ ᠪᠣᠯᠵᠤᠮᠤᠷ ᠲᠡᠶ ᠣᠷᠤᠯᠳᠤᠨ ᠶᠠᠭᠠᠷᠠᠵᠤ  

ᠡᠳᠦᠷ ᠤᠨ ᠠᠵᠢᠯ ᠶᠢᠡᠨ ᠱᠠᠯᠠᠪᠳᠠᠨ ᠡᠭᠢᠯᠡᠭᠦᠯᠳᠡᠭ᠌  

         ᠠᠮᠠᠷᠠᠭ ᠬᠤᠩᠭ᠋ᠤᠷ ᠭᠡᠷᠭᠡᠢ ᠮᠢᠨᠢ  

         ᠠᠵᠢᠯᠴᠢ ᠭᠦᠳᠡᠯᠮᠦᠷᠢᠴᠢ ᠪᠦᠰᠡᠭᠦᠢ ᠪᠢᠯᠠ᠃   

ᠭᠦᠨᠦᠭ᠌ ᠲᠡᠶ ᠰᠦ᠋ ᠪᠠᠨ ᠳᠡᠭᠦᠵᠢᠯᠡᠨ ᠥᠨᠢᠶᠡᠨ ᠵᠠᠯᠠᠨ ᠡᠴᠡ  

ᠣᠷᠭᠤᠬᠤ ᠨᠠᠷᠠᠨ ᠶᠢᠡᠷ ᠵᠤᠯᠠᠢ ᠪᠠᠨ ᠢᠯᠪᠢᠭᠦᠯᠦᠭ᠍ᠰᠡᠭᠡᠷ ᠪᠣᠴᠠᠨ᠎ᠠ  

ᠭᠦᠷᠡᠩ ᠵᠢᠷᠦᠭᠡᠨ ᠳᠡᠭᠡᠨ ᠮᠠᠠᠴᠤᠢ ᠲᠡᠶ ᠦᠷ᠎ᠡ ᠪᠠᠨ ᠡᠩᠭᠦᠷᠡᠢ᠌ᠯᠡᠭ᠍ᠰᠡᠭᠡᠷ  

ᠣᠭᠤᠷᠠᠭ ᠰᠥ᠋ ᠨᠢ ᠣᠠᠳᠤᠷᠤᠨ ᠡᠭᠡ ᠶᠢᠨ ᠬᠠᠢ᠌ᠷ᠎ᠠ ᠳᠠᠯᠠᠢ ᠰᠢᠭ ᠢᠪᠢᠯᠤᠨ᠎ᠠ  

         ᠦᠰᠦ ᠪᠠᠨ ᠬᠤᠯᠪᠣᠭᠰᠠᠨ ᠭᠡᠷᠭᠡᠢ ᠮᠢᠨᠢ  

         ᠦᠷᠤᠪᠴᠢ ᠡᠨᠡᠷᠢᠩᠭᠦᠢ ᠪᠦᠰᠡᠭᠦᠢ ᠪᠢᠯᠠ᠃   

ᠡᠳᠦᠷ ᠪᠦᠷᠢ ᠡᠷᠳᠡᠯᠡᠨ ᠪᠣᠰᠳᠠᠭ ᠴᠤ  

ᠡᠷᠡᠨ ᠪᠣᠯᠭᠠᠨ ᠤ ᠬᠤᠭᠤᠯᠠ ᠪᠠᠨ ᠬᠤᠵᠢᠳ ᠢᠳᠡᠳᠡᠭ᠌  

ᠦᠳᠡᠰᠢ ᠶᠢᠨ ᠳᠤᠯᠤᠩ ᠶᠢᠡᠷ ᠥᠨᠦᠰᠦᠭᠦᠯᠦᠭ᠍ᠰᠡᠭᠡᠷ ᠠᠵᠢᠯ ᠡᠴᠡ ᠪᠠᠨ ᠪᠠᠭᠤᠳᠠᠭ ᠴᠤ  

ᠡᠷᠦᠭᠡ ᠶᠢᠨ ᠠᠮᠢᠳᠤᠷᠠᠯ ᠠᠯᠪᠠᠨ ᠤ ᠠᠵᠢᠯ ᠭᠡᠵᠤ ᠳᠦᠰᠦᠪᠯᠡᠭ᠍ᠰᠡᠭᠡᠷ ᠬᠤᠵᠢᠭᠤ ᠠᠮᠠᠷᠠᠳᠠᠭ  

         ᠠᠩᠭᠢᠷᠬᠠᠨ ᠢᠨᠠᠭ ᠭᠡᠷᠭᠡᠢ ᠮᠢᠨᠢ  

         ᠠᠵᠢᠯ ᠠᠮᠢᠳᠤᠷᠠᠯ ᠳᠠᠭᠠᠨ ᠵᠤᠯᠪᠣᠭ᠎ᠠ ᠲᠡᠶ ᠪᠦᠰᠡᠭᠦᠢ ᠪᠢᠯᠠ᠃   

ᠠᠮᠢᠳᠤᠷᠠᠯ ᠭᠦᠴᠢᠷ ᠲᠡᠶ ᠪᠠᠢ᠌ᠭᠰᠠᠨ ᠴᠤ ᠭᠤᠮᠤᠷᠬᠠᠵᠤ ᠥᠭᠦᠯᠡᠭ᠍ᠰᠡᠨ ᠥᠭᠡᠢ  

ᠣᠰᠤᠨ ᠤ ᠠᠩᠭᠢᠷ ᠰᠢᠭ ᠨᠥᠭᠦᠴᠡᠵᠤ ᠵᠢᠷᠭᠠᠯ ᠵᠤᠪᠠᠯᠠᠩ ᠶᠢᠡᠨ ᠬᠠᠮᠳᠤᠳᠬᠠᠭᠰᠠᠨ  

ᠠᠵᠢᠯ ᠵᠦᠳᠡᠷᠡᠯ ᠲᠡᠶ ᠪᠠᠢ᠌ᠭᠰᠠᠨ ᠴᠤ ᠵᠢᠷᠦᠭᠡᠰᠢᠶᠡᠵᠤ ᠣᠬᠤᠷᠢᠭᠰᠠᠨ ᠥᠭᠡᠢ  

ᠠᠷᠠᠯ ᠤᠨ ᠱᠠᠷ ᠰᠢᠭ ᠵᠢᠳᠭᠦᠵᠤ ᠡᠭᠦᠷᠭᠡ ᠠᠯᠪᠠ ᠪᠠᠨ ᠪᠠᠶᠡᠯᠡᠭᠦᠯᠦᠭ᠍ᠰᠡᠨ  

          ᠵᠠᠶᠠᠭ᠎ᠠ ᠪᠠᠨ ᠬᠠᠮᠳᠤᠳᠬᠠᠭᠰᠠᠨ ᠭᠡᠷᠭᠡᠢ ᠮᠢᠨᠢ  

          ᠵᠤᠷᠢᠭ ᠬᠠᠳᠠᠭᠤ ᠪᠦᠰᠡᠭᠦᠢ ᠪᠢᠯᠠ᠃   

ᠬᠠᠳᠠᠮ ᠳᠦᠷᠭᠦᠮ ᠤᠨ ᠣᠴᠢᠷ ᠭᠡᠵᠤ ᠢᠯᠭᠠᠯ ᠦᠭᠡᠶ

ᠬᠠᠯᠠᠮᠵᠢᠯᠠᠨ ᠬᠠᠷᠠᠭᠠᠯᠵᠠᠵᠤ ᠬᠠᠮᠤᠭ ᠴᠢᠳᠠᠯ ᠶᠢᠡᠷ ᠬᠠᠪᠰᠤᠷᠤᠨ ᠳᠡᠮᠵᠢᠳᠡᠭ᠌

ᠠᠵᠢᠯ ᠨᠢᠭᠡᠳᠡᠨ ᠤᠢ᠌ᠷ᠎ᠡ ᠰᠠᠭᠠᠬᠠᠯᠳᠠ ᠭᠡᠰᠡᠨ ᠦᠭᠡᠶ

ᠡᠶ᠎ᠡ ᠨᠠᠢ᠌ᠷᠠᠮᠳᠠᠭᠤ ᠬᠠᠷᠢᠯᠴᠠᠨ ᠨᠥᠭᠦᠷᠰᠡᠭ᠌ ᠬᠠᠷᠢᠴᠠᠨ ᠶᠠᠪᠣᠳᠠᠭ

          ᠥᠶᠡᠷᠭᠡᠵᠤ ᠰᠠᠨᠠᠭᠰᠠᠨ ᠭᠡᠷᠭᠡᠢ ᠮᠢᠨᠢ

          ᠦᠷᠭᠦᠢ ᠨᠢᠩᠵᠢᠨ ᠪᠦᠰᠡᠭᠦᠢ ᠪᠢᠯᠠ᠃

ᠠᠪᠣ ᠡᠵᠢ ᠳᠡᠭᠡᠨ ᠡᠯᠪᠠᠷᠢᠯ ᠶᠡᠭᠡᠳᠡᠢ ᠭᠦᠤ ᠪᠠᠷᠢ

ᠠᠩᠭ᠎ᠠ ᠦᠷ᠎ᠡ ᠳᠡᠭᠡᠨ ᠡᠨᠡᠷᠢᠯ ᠶᠡᠭᠡᠳᠡᠢ ᠳ᠋ᠠᠷ᠎ᠠ ᠡᠭᠡ

ᠠᠮᠠᠷᠠᠭ ᠬᠠᠨᠢ ᠳᠠᠭᠠᠨ ᠬᠠᠢ᠌ᠷ᠎ᠠ ᠶᠡᠭᠡᠳᠡᠢ ᠬᠤᠩᠭ᠋ᠤᠷ

ᠠᠠᠳᠠ ᠨᠠᠢ᠌ᠵᠠ ᠳᠠᠭᠠᠨ ᠬᠠᠯᠠᠮᠵᠢ ᠶᠡᠭᠡᠳᠡᠢ ᠨᠥᠭᠦᠷ

         ᠬᠠᠨᠢᠰᠠᠵᠤ ᠰᠠᠭᠤᠭᠰᠠᠨ ᠭᠡᠷᠭᠡᠢ ᠮᠢᠨᠢ

         ᠬᠠᠯᠠᠭᠤᠨ ᠰᠡᠳᠭᠢᠯ ᠲᠡᠶ ᠪᠦᠰᠡᠭᠦᠢ ᠪᠢᠯᠠ᠃

ᠡᠮᠦᠰᠭᠡᠯ ᠵᠠᠰᠠᠯ ᠢ ᠡᠷᠭᠢᠮᠯᠡᠳᠡᠭ᠌ ᠦᠭᠡᠶ ᠴᠤ

ᠦᠶᠡᠴᠤᠤᠯ ᠤᠨ ᠳᠤᠮᠳᠠ ᠪᠠᠨ ᠳᠠᠩᠭᠢᠯᠬᠠᠨ ᠭᠤᠪᠠᠢ ᠬᠤᠨ ᠪᠢᠯᠠ

ᠣᠸ᠎ᠠ ᠡᠩᠭᠡᠰᠭᠡ ᠪᠠᠷ ᠭᠤᠶᠤᠯᠠᠳᠠᠭ ᠦᠭᠡᠶ ᠴᠤ

ᠥᠵᠡᠭᠦ ᠨᠢᠳᠤᠨ ᠳᠤ ᠮᠢᠨᠢ ᠠᠩᠭᠢᠯᠤᠬᠠᠨ ᠰᠤᠷᠭᠤᠭ ᠴᠡᠴᠡᠭ᠌ ᠪᠢᠯᠠ

         ᠳᠠᠪᠢᠯᠠᠩ ᠶᠢᠡᠨ ᠨᠢᠭᠡᠳᠭᠡᠭ᠍ᠰᠡᠨ ᠭᠡᠷᠭᠡᠢ ᠮᠢᠨᠢ

         ᠳᠠᠯ᠎ᠠ ᠶᠢᠨ ᠰᠠᠷᠠᠯᠠᠩ ᠰᠢᠭ ᠪᠦᠰᠡᠭᠦᠢ ᠪᠢᠯᠠ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ