☆ ᠨᠣ᠊·ᠴᠢᠯᠠᠭᠤᠠᠪᠠᠭᠠᠨ᠎ᠠ
ᠴᠢᠩᠭᠢᠰ ᠥᠵᠦᠭ᠌
ᠴᠡᠴᠭ᠌ ᠤᠨ ᠣᠶᠠᠬᠠᠨ ᠪᠦᠭᠡᠢ᠌ᠯᠡᠯ ᠳ᠋ᠤ
ᠡᠪᠠᠷᠰᠢᠵᠤ ᠬᠠᠳᠠᠭᠤᠵᠢᠭᠰᠠᠨ ᠣᠨᠠᠭᠠᠨ ᠳᠤᠭᠤᠷᠠᠢ
ᠴᠢᠩᠭᠢᠰ ᠥᠵᠦᠭ᠌
ᠡᠷᠭᠦᠨ᠎ᠡ ᠬᠤᠨ ᠤ ᠪᠣᠭᠤᠷᠤᠯ ᠳᠤᠮᠤᠭ ᠢ
ᠡᠴᠢᠨ᠎ᠡ ᠬᠤᠯᠠ ᠵᠢᠨ
ᠭᠠᠵᠠᠷ ᠤᠨ ᠳᠤᠮᠳᠠ ᠳᠠᠩᠭᠢᠰ ᠲᠤ ᠵᠠᠯᠭᠠᠭᠤᠯᠤᠭᠰᠠᠨ
ᠭᠠᠢ᠌ᠬᠠᠮᠰᠢᠭ ᠳᠤᠤᠯᠢ᠃
ᠳᠡᠭ᠍ᠷᠢ ᠶᠢᠨ ᠣᠳᠤᠳ ᠢ
ᠰᠦᠷᠦᠭ᠌ ᠤᠨ ᠶᠢᠡᠨ ᠵᠠᠬ᠎ᠠ ᠳᠤ ᠬᠤᠷᠢᠶᠠᠭᠰᠠᠨ
ᠮᠣᠢ᠌ᠯ ᠤᠨ ᠴᠡᠭᠡᠵᠢ ᠴᠠᠢ᠌ᠷ ᠤᠨ ᠶᠤᠵᠤᠭᠤᠷ ᠳᠠᠢ
ᠮᠤᠩᠭ᠋ᠤᠯ ᠣᠷᠭ᠎ᠠ
ᠴᠢᠩᠭᠢᠰ ᠥᠵᠦᠭ᠌
ᠳᠠᠯ᠎ᠠ ᠶᠢᠨ ᠶᠢᠡᠨ ᠠᠭᠤᠳᠠᠮ ᠳ᠋ᠤ
ᠣᠷᠳᠤ ᠶᠢᠨ ᠳᠠᠭᠤᠤ ᠨᠤᠲ᠋ᠯᠠᠭᠰᠠᠨ
ᠳᠠᠮᠢᠷᠯᠢᠭ ᠳᠡᠭᠡᠳᠦᠰ ᠤᠨ
ᠪᠠᠶᠠᠨ ᠦᠪ᠃
《ᠨᠢᠭᠤᠴᠠ ᠳᠤᠪᠴᠢᠶᠠᠨ》 ᠊ᠤ
ᠢᠯᠠ ᠭᠡᠪ ᠢ ᠶᠢᠷᠳᠢᠠᠴᠤ ᠳᠤ ᠣᠷᠠᠯᠠᠭᠰᠠᠨ
ᠴᠢᠩᠭᠢᠰ ᠥᠵᠦᠭ᠌
ᠨᠠᠷᠠᠨ ᠤ ᠭᠡᠷᠡᠯ
ᠰᠠᠷᠠᠨ ᠤ ᠳᠤᠶᠠᠭ᠎ᠠ ᠡᠴᠠ
ᠨᠠᠢ᠌ᠷᠠᠭ ᠤᠨ ᠳᠠᠮᠢᠷ ᠰᠠᠭᠠᠭᠰᠠᠨ
ᠭᠢᠶᠠᠨ ᠵᠤᠷᠢᠭ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠪᠠᠭᠠᠷᠢᠨ
ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2011 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ