ᠨᠡᠪᠲᠡᠷᠡᠨ ᠤᠷᠤᠬᠤ
ᠨᠠᠮᠵᠢᠯ ᠤᠨ ᠮᠥᠩᠭᠡᠪᠠᠶᠡᠷ ᠤᠨ ᠰᠢᠯᠦᠭ᠌ ᠡᠴᠡ ᠰᠤᠨᠢᠷᠬᠠᠶ᠎ᠠ

ᠡᠷᠭᠡ ᠴᠢᠯᠦᠭᠡ


ᠭᠡᠯᠡᠭᠦ ᠶᠢ ᠴᠢᠨᠢ ᠪᠠᠢ ᠭᠡᠵᠤ

ᠬᠠᠰᠢᠬᠤ ᠭᠦᠮᠤᠨ ᠦᠭᠡᠶ

ᠭᠡᠯᠡ ᠶᠢ ᠴᠢᠨᠢ ᠴᠢᠮᠭᠢᠵᠤ

ᠥᠭᠡ ᠶᠢ ᠴᠢᠨᠢ ᠳᠠᠰᠤᠯᠬᠤ

ᠭᠦᠮᠤᠨ ᠨᠠᠩ ᠴᠤ ᠦᠭᠡᠶ

ᠡᠷᠭᠡ ᠴᠢᠯᠦᠭᠡ ᠭᠡᠳᠡᠭ᠌

ᠰᠡᠭᠦᠳᠡᠷ ᠦᠭᠡᠶ ᠶᠠᠭᠤᠮ᠎ᠠ ᠪᠠᠷ

ᠣᠬᠠᠭᠠᠨ ᠢ ᠴᠢᠨᠢ ᠮᠡᠭᠡᠯᠡᠵᠤ

ᠣᠢ᠌ᠯᠠ ᠶᠢ ᠴᠢᠨᠢ ᠪᠠᠷᠠᠳᠠᠭ

ᠭᠡᠯᠡᠭᠦ ᠪᠠᠷ ᠶᠢᠡᠨ ᠭᠡᠯᠡ

ᠭᠢᠭᠦ ᠪᠠᠷ ᠶᠢᠡᠨ ᠭᠢ

ᠬᠠᠤᠯᠢ ᠶᠢᠨ ᠳᠤᠳᠤᠷ᠎ᠠ

ᠳᠤᠷ᠎ᠠ ᠪᠠᠷ ᠶᠢᠡᠨ ᠠᠭᠠᠰᠢᠯᠠ

ᠡᠷᠭᠡ ᠴᠢᠯᠦᠭᠡ ᠦᠭ‍ᠭᠦᠭ᠍ᠰᠡᠨ ᠰᠢᠤ ᠭᠡᠤᠨ

ᠠᠷᠤ ᠡᠴᠡ ᠳᠠᠭᠢᠭᠠᠤᠨ

ᠬᠠᠤᠯᠢ ᠶᠢᠨ ᠳᠤᠭᠳᠠᠭᠠᠯ ᠶᠢᠡᠷ ᠶᠢᠡᠨ

ᠠᠷᠭᠠᠮᠵᠢᠨ᠎ᠠ


ᠰᠢᠯᠦᠭ᠌ ᠮᠡᠳᠡᠭᠦ ᠦᠭᠡᠶ ᠪᠦᠰᠡᠭᠦᠢ ᠳ᠋ᠤ


ᠰᠢᠯᠦᠭ᠌ ᠮᠡᠳᠡᠭᠦ ᠦᠭᠡᠶ ᠪᠦᠰᠡᠭᠦᠢ ᠳᠤ

ᠬᠠᠢ᠌ᠷ᠎ᠠ ᠪᠠᠨ ᠪᠣᠤ ᠥᠭ᠌

ᠰᠢᠯᠢ ᠶᠢᠨ ᠬᠤᠢ ᠰᠠᠯᠭᠢᠨ ᠰᠢᠭ

ᠭᠡᠢ᠌ᠰᠭᠡᠵᠤ ᠳᠠᠷᠠ ᠴᠢᠨᠢ ᠠᠷᠢᠯᠤᠨ᠎ᠠ

ᠭᠠᠵᠠᠷ ᠤᠨ ᠰᠤᠬᠤᠷ ᠨᠤᠮᠤᠨ ᠰᠢᠭ

ᠰᠢᠯᠦᠭ᠌ ᠮᠡᠳᠡᠭᠦ ᠦᠭᠡᠶ ᠪᠦᠰᠡᠭᠦᠢ

ᠭᠠᠯᠪᠠ ᠶᠢᠨ ᠵᠢᠷᠭᠠᠯᠳᠤ ᠠᠮᠢᠳᠤᠷᠠᠯ ᠤᠨ

ᠦᠨᠡᠨ ᠢᠪᠠᠭᠡᠯ ᠢ ᠮᠡᠳᠡᠭᠦ ᠦᠭᠡᠶ

ᠠᠮᠢᠳᠤᠷᠠᠯ ᠰᠢᠯᠦᠭ᠌ ᠬᠤᠶᠠᠷ ᠤᠨ

ᠠᠰᠤᠷᠤ ᠳᠠᠪᠢᠯᠠᠩ ᠶᠢᠡᠨ ᠳᠡᠭᠡᠳᠦᠯᠡᠵᠤ

ᠠᠷᠢᠭᠤᠬᠠᠨ ᠣᠩᠭ᠋ᠤᠳ ᠤᠨ ᠳᠡᠭᠡᠵᠢ ᠪᠠᠨ

ᠡᠰᠡᠷᠸ᠎ᠡ ᠲᠦᠮᠡᠨ ᠳᠤ ᠪᠠᠨ ᠡᠷᠭᠦᠭᠦ ᠡᠴᠡ ᠪᠢᠰᠢ

ᠰᠢᠯᠦᠭ᠌ ᠮᠡᠳᠡᠭᠦ ᠦᠭᠡᠶ ᠪᠦᠰᠡᠭᠦᠢ ᠪᠠᠷ

ᠰᠢᠯᠢ ᠶᠢᠨ ᠴᠠᠭᠠᠨ᠎ᠠ ᠣᠷᠭᠢᠭᠤᠯᠬᠤ ᠦᠭᠡᠶ︕


ᠡᠪᠦᠯᠵᠢᠶᠡᠨ ᠤ ᠬᠠᠢ᠌ᠷ᠎ᠠ ᠵᠠᠢ᠌ᠷᠮᠠᠭᠳᠠᠬᠤ ᠥᠭᠡᠢ


ᠠᠭᠤᠯᠠ ᠡᠪᠦᠯᠵᠢᠨ᠎ᠡ᠂ ᠰᠡᠳᠬᠢᠯ ᠡᠪᠦᠯᠵᠢᠨ᠎ᠡ

ᠣᠰᠤᠨ ᠤ ᠰᠢᠪᠠᠭᠤᠳ ᠠᠮᠠᠷᠠᠭ ᠨᠤᠳᠤᠭ ᠶᠢᠡᠨ

ᠰᠠᠨᠠᠨ ᠰᠠᠨᠠᠨ ᠡᠪᠦᠯᠵᠢᠨ᠎ᠡ

ᠰᠠᠷᠠ ᠡᠪᠦᠯᠵᠢᠨ᠎ᠡ᠂ ᠭᠡᠭᠡᠷ᠎ᠡ ᠳᠠᠯ᠎ᠠ ᠡᠪᠦᠯᠵᠢᠨ᠎ᠡ

ᠰᠠᠭᠠᠯᠢᠴᠢᠨ ᠭᠡᠦᠭᠡᠨ ᠳᠤᠭᠤᠯ ᠤᠨ ᠵᠠᠯ᠎ᠠ ᠪᠠᠨ

ᠰᠠᠨᠠᠨ ᠰᠠᠨᠠᠨ ᠡᠪᠦᠯᠵᠢᠨ᠎ᠡ

ᠴᠠᠰᠤ ᠡᠪᠦᠯᠵᠢᠨ᠎ᠡ᠂ ᠨᠠᠭᠤᠷ ᠡᠪᠦᠯᠵᠢᠨ᠎ᠡ

ᠴᠢᠮ᠎ᠠ ᠶᠢ ᠰᠠᠨᠠᠨ ᠶ‍ᠢᠰᠤ ᠶᠢᠨ ᠳᠡᠭ᠍ᠷᠢ ᠳᠤ

ᠵᠠᠯᠪᠢᠷᠠᠨ ᠵᠠᠯᠪᠢᠷᠠᠨ ᠡᠪᠦᠯᠵᠢᠨ᠎ᠡ

ᠰᠠᠯᠭᠢ ᠡᠪᠦᠯᠵᠢᠨ᠎ᠡ᠂ ᠨᠤᠲᠤᠭ ᠡᠪᠦᠯᠵᠢᠨ᠎ᠡ

ᠰᠠᠢ᠌ᠷ ᠦᠭᠡᠶ ᠨᠠᠠᠳᠢᠨ ᠮᠤᠩᠭ᠋ᠤᠯ ᠳᠤᠷᠠᠯᠠᠯ

ᠨᠢᠯᠪᠣᠰᠤ ᠪᠠᠨ ᠵᠠᠯᠭᠢᠨ ᠡᠪᠦᠯᠵᠢᠨ᠎ᠡ

ᠬᠠᠢ᠌ᠯ ᠣᠶᠠᠰᠴᠤ ᠬᠠᠭᠳᠠ ᠨᠤᠭᠤᠭᠠᠷᠠᠬᠤ ᠳᠤ

ᠢᠷᠡᠭᠦ ᠶᠤᠮ ᠭᠡᠵᠤ

ᠬᠠᠨᠠᠭᠠᠷ ᠳᠠᠯ᠎ᠠ ᠶᠢᠨ ᠦᠷᠦᠴᠠ ᠲᠠᠭᠠᠨ

ᠰᠠᠷᠠᠪᠴᠢᠯᠠᠨ ᠡᠪᠦᠯᠵᠢᠨ᠎ᠡ

ᠪᠣᠯᠵᠤᠭᠠᠨ ᠣᠢ ᠴᠢᠨᠢ ᠪᠣᠳᠤᠯ ᠳᠤ ᠪᠠᠨ

ᠭᠠᠩᠰᠠᠷᠠᠵᠤ ᠡᠪᠦᠯᠵᠢᠨ᠎ᠡ

ᠪᠣᠯᠠᠭ ᠤᠨ ᠳᠠᠠᠵᠢ ᠴᠢᠨᠢ ᠨᠢᠯᠪᠣᠰᠤ ᠪᠠᠨ ᠴᠠᠷᠴᠠᠭᠠᠨ ᠡᠪᠦᠯᠵᠢᠨ᠎ᠡ

ᠪᠣᠳᠤᠯ ᠤᠨ ᠴᠠᠭᠠᠨ ᠳᠠᠭᠢᠨᠢ ᠪᠣᠯᠤᠭᠰᠠᠨ ᠭᠡᠦᠭᠡᠨ ᠴᠢ

ᠬᠠᠢ᠌ᠷ᠎ᠠ ᠭᠡᠭ᠍ᠴᠢ ᠶᠢᠨ ᠡᠵᠡᠨ ᠪᠠᠢ᠌ᠵᠠᠢ

ᠣᠢ᠌ᠤᠠᠬᠠᠷᠯᠠᠨ ᠣᠭᠢᠯᠠᠳᠠᠭ ᠰᠠᠤᠠᠭᠢᠯ ᠢ ᠮᠢᠨᠢ

ᠣᠬᠠᠭᠠᠷᠠᠨ ᠣᠢ᠌ᠯᠠᠭᠠᠷᠠᠢ

ᠦᠨᠡᠨ ᠰᠠᠤᠠᠭᠢᠯ ᠣᠶᠠᠩᠭ᠋᠎ᠠ ᠶᠢᠨ ᠳᠠᠭᠤᠤ ᠪᠠᠨ

ᠴᠢᠮ᠎ᠠ ᠳᠤ ᠪᠠᠨ ᠡᠷᠭᠦᠨ

ᠡᠪᠦᠯᠵᠢᠶᠡᠨ ᠤ ᠬᠠᠢ᠌ᠷ᠎ᠠ ᠪᠠᠨ ᠵᠠᠢ᠌ᠷᠮᠠᠭᠳᠠᠭᠤᠯᠬᠤ ᠦᠭᠡᠶ︕

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠳᠤ ᠬᠠᠳᠠᠭᠰᠠᠨ ᠢ ᠰᠢᠯᠵᠢᠭᠦᠯᠤᠨ ᠭᠡᠷᠡᠭᠯᠡᠪᠡ
ᠬᠠᠷᠢᠶ᠎ᠠ᠄ ᠰᠢᠯᠦᠭ
ᠳᠠᠷᠤᠮ᠄ 4918
ᠴᠠᠭ᠄ 2008 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ