ᠨᠡᠪᠲᠡᠷᠡᠨ ᠤᠷᠤᠬᠤ
ᠪᠢ ᠠᠪᠣ ᠲᠡᠶ ᠪᠠᠨ

ᠪᠦᠮᠪᠦᠷᠴᠡᠭ᠌ ᠪᠦᠭᠡᠷᠡᠩᠭᠡᠢ ᠭᠡᠰᠡᠨ ᠰᠢᠭ᠌ ᠶᠠᠭᠤ ᠪᠦᠭᠦᠨ ᠴᠦᠮ ᠬᠤᠪᠢᠨ ᠤ ᠭᠡᠰᠡᠨ ᠣᠯᠠ ᠮᠦᠷ ᠶᠢᠡᠷ ᠶᠢᠡᠨ ᠡᠷᠭᠢᠨ ᠡᠷᠭᠢᠭ᠍ᠰᠡᠭᠡᠷ ᠵᠢᠮᠵᠢᠳᠡᠭ᠌ ᠶᠤᠮᠰᠠᠠᠵᠠᠢ᠃ ᠬᠠᠨ ᠠᠭᠤᠯᠠ ᠶᠢ ᠴᠠᠰᠤ ᠳᠠᠷᠤᠵᠤ᠂ ᠬᠠᠷᠠᠴᠤ ᠪᠠᠶ᠎ᠠ ᠶᠢ ᠮᠢᠨᠢ ᠨᠠᠰᠤ ᠳᠠᠷᠤᠵᠤ᠂ ᠬᠠᠮᠢᠭ᠎ᠠ ᠨᠢᠭᠡ ᠪᠦᠪᠦᠭᠡᠯᠵᠢ ᠳᠤᠩᠭ᠋ᠤᠤᠠᠬᠤ ᠪᠠᠷ ᠬᠠᠪᠣᠷ ᠪᠣᠯᠤᠭᠰᠠᠨ ᠢ ᠠᠵᠢᠶᠠᠷᠠᠨ᠂ ᠦᠨᠡᠨ ᠶᠠᠭᠤᠮ᠎ᠠ ᠶᠢ ᠡᠰᠡ ᠪᠦᠳᠦᠭᠡᠵᠤ ᠴᠢᠳᠠᠭᠰᠠᠨ ᠴᠤ ᠬᠤᠳᠠᠯ ᠶᠠᠭᠤᠮᠠᠨ ᠤ ᠲᠦᠯᠦᠭᠡ ᠡᠨᠡ ᠪᠠᠶ᠎ᠠ ᠪᠠᠨ ᠵᠤᠷᠢᠭᠤᠯᠵᠤ ᠥᠵᠡᠭ᠍ᠳᠡᠰᠢ ᠦᠭᠡᠶ ᠳᠠᠷᠠ ᠬᠤᠯᠠ ᠶᠢ ᠬᠠᠶᠠ ᠪᠣᠳᠤᠯᠭᠢᠯᠠᠨ ᠬᠠᠭᠠᠰ ᠨᠠᠰᠤ ᠮᠢᠨᠢ ᠴᠢᠮᠡᠭᠡ ᠦᠭᠡᠶ ᠳᠠᠭᠤᠰᠪᠠ᠃ ᠠᠳᠠ ᠶᠢᠨ ᠭᠤᠤᠯ ᠮᠢᠨᠢ ᠮᠦᠳᠳᠤ ᠳᠠᠰᠤᠷᠠᠨ ᠮᠦᠳᠳᠤ ᠦᠶᠡᠷᠯᠠᠨ᠂ ᠠᠪᠣ ᠶᠢᠨ ᠨᠤᠳᠤᠭ ᠮᠢᠨᠢ ᠮᠦᠳᠳᠤ ᠭᠠᠩᠳᠠᠨ ᠮᠦᠳᠳᠤ ᠡᠯᠡᠰᠦᠷᠭᠡᠭ᠍ᠵᠢᠭ᠍ᠰᠡᠭᠡᠷ᠂ ᠪᠠᠶ᠎ᠠ ᠲᠡᠶ ᠮᠢᠨᠢ ᠠᠳᠠᠯᠢ ᠢᠵᠢᠯᠢ ᠬᠠᠨᠢᠳᠠᠨ ᠤᠳ ᠮᠢᠨᠢ ᠳᠠᠷᠠ ᠴᠢᠭ᠌ ᠶᠢᠡᠷ ᠪᠣᠭᠤᠷᠤᠯᠳᠤᠪᠠ᠃ ᠨᠠᠰᠤᠨ ᠳᠤᠷᠰᠢ ᠳᠤᠮᠤᠭᠤᠵᠢᠳᠠᠭ ᠦᠭᠡᠶ ᠣᠶᠤᠨ ᠣᠬᠠᠭᠠᠨ ᠮᠢᠨᠢ ᠣᠳᠤ ᠰᠠ‍‌ᠶᠢ ᠨᠡᠭᠡᠭᠡᠭ᠍ᠳᠡᠪᠡ᠃ ᠨᠠᠮ᠎ᠠ ᠶᠢ ᠲᠠᠭᠠᠨ ᠨᠤᠳᠤᠭ ᠣᠰᠤ ᠮᠢᠨᠢ ᠴᠤ ᠭᠦᠮᠦᠰ ᠤᠨ ᠨᠢᠳᠤᠨ ᠡᠴᠡ ᠬᠤᠯᠠᠳᠠᠪᠠ᠃

ᠠᠢ︕ ᠪᠢ ᠭᠡᠵᠤ ᠰᠠᠬᠠᠯ ᠰᠢᠪᠳᠤᠷᠬᠤ ᠊ᠭ᠍ᠱᠡᠨ ᠳᠤ ᠳᠠᠷᠠ ᠬᠤᠯᠠ ᠮᠠᠯ ᠤᠨ ᠵᠤᠭᠰᠤᠭᠠᠯ ᠡᠴᠡ ᠠᠪᠣ ᠶᠢᠨ ᠮᠢᠨᠢ ᠪᠠᠷ᠎ᠠ ᠳᠤᠳᠤᠷᠠᠪᠠ᠃ ᠬᠠᠢ᠌ᠪᠠᠩ ᠳᠠᠢ᠌ᠪᠠᠩ ᠠᠯᠬᠤᠭᠰᠠᠨ ᠠᠪᠣ ᠶᠢᠨ ᠮᠢᠨᠢ ᠪᠠᠷ᠎ᠠ᠂ ᠳᠠᠷᠠ ᠬᠤᠯᠠ ᠶᠢᠨ ᠪᠠᠷ᠎ᠠ᠃ ᠭᠦᠭᠡᠷᠦᠭᠦᠢ᠂ ᠡᠴᠡᠭ᠍ᠰᠡᠨ ᠪᠠᠶ᠎ᠠ᠂ ᠳᠤᠷᠠᠩᠬᠠᠢ ᠴᠤᠭᠴᠠᠰ᠂ ᠭᠠᠷ ᠲᠠᠭᠠᠨ ᠮᠤᠳᠤ ᠪᠠᠷᠢᠨ ᠭᠦᠯ ᠶᠢᠡᠨ ᠴᠢᠷᠦᠭ᠍ᠰᠡᠭᠡᠷ ᠨᠠᠭᠠᠰᠢᠯᠠᠨ᠎ᠠ᠃ ᠪᠦᠳᠤᠨ ᠳᠠᠯᠠᠨ ᠵᠢᠯ ᠠᠮᠢᠳᠤᠷᠠᠭᠰᠠᠨ ᠠᠪᠣ ᠮᠢᠨᠢ ᠨᠤᠳᠤᠭ ᠣᠰᠤ ᠮᠠᠭᠤᠳᠠᠬᠤ ᠶᠢ ᠳᠠᠭᠠᠯᠳᠤᠨ ᠪᠠᠶ᠎ᠠ ᠨᠢ ᠴᠤ ᠮᠠᠭᠤᠳᠠᠪᠠ᠃ ᠠᠪᠣ ᠮᠢᠨᠢ ᠳᠠᠷᠠ ᠶᠡᠭᠡ ᠣᠯᠠᠭᠠᠨ ᠤ ᠬᠤᠪᠢᠰᠬᠠᠯ ᠡᠴᠡ ᠡᠭᠢᠯᠡᠨ ᠰᠢᠨ᠎ᠠ ᠨᠡᠢ᠌ᠭᠡᠮ ᠳᠤᠯᠳᠠᠯ᠎ᠠ ᠶᠠᠭᠤ ᠴᠤ ᠮᠡᠳᠡᠭ᠍ᠰᠡᠨ ᠦᠭᠡᠶ ᠴᠤ ᠰᠢᠨ᠎ᠠ ᠭᠦᠷᠤᠨ ᠪᠠᠢ᠌ᠭᠤᠯᠤᠭᠳᠠᠭᠰᠠᠨ ᠡᠴᠡ ᠡᠭᠢᠯᠡᠨ ᠭᠦᠷᠦᠩᠭᠡ ᠳᠡᠮᠳᠡᠷᠢᠭᠦ᠂ ᠪᠦᠭᠦᠢᠴᠡᠯᠭᠡᠭᠦ ᠭᠦᠳᠡᠯᠭᠡᠭᠡᠨ᠂ ᠳᠦᠷᠪᠠ ᠶᠢ ᠠᠷᠢᠯᠭᠠᠬᠤ᠂ ᠮᠠᠠᠵᠢᠨ ᠳᠤᠭᠤᠭ᠎ᠠ ᠭᠡᠵᠤ ᠳᠠᠷᠠ ᠦᠶ᠎ᠡ ᠶᠢᠨ ᠭᠦᠮᠤᠨ ᠪᠦᠭᠦᠨ ᠤ ᠳᠠᠪᠠᠵᠤ ᠳᠤᠭᠤᠯᠤᠭᠰᠠᠨ ᠣᠨ ᠰᠠᠷ᠎ᠠ ᠤᠳ ᠢ ᠢᠵᠢᠯᠭᠡᠨ ᠳᠤᠭᠤᠯᠵᠤ ᠣᠳᠤ ᠶᠢᠨ ᠠᠮᠢᠳᠤᠷᠠᠯ ᠢ ᠪᠣᠰᠬᠠᠭᠰᠠᠨ ᠶᠤᠮ᠃

ᠢᠳᠠᠷ ᠵᠠᠯᠠᠭᠤ ᠨᠠᠰᠤᠨ ᠳᠠᠭᠠᠨ ᠠᠪᠣ ᠮᠢᠨᠢ ᠨᠢᠭᠡᠳᠦᠯ ᠪᠠᠷᠢᠭᠠᠳᠠ ᠭᠡᠵᠤ ᠳᠠᠮᠡᠤᠯᠠᠨ ᠨᠠᠰᠤᠨ ᠳᠤᠮᠳᠠᠯᠠᠬᠤ ᠪᠠᠷ ᠰᠠ‍‌ᠶᠢ ᠬᠤᠪᠢᠨ ᠤ ᠭᠡᠰᠡᠨ ᠭᠡᠷ ᠲᠡᠶ᠂ ᠬᠠᠰᠢᠶᠠᠨ ᠳᠠᠭᠠᠨ ᠬᠤᠷᠢᠬᠤ ᠮᠠᠯ ᠲᠡᠶ ᠭᠦᠳᠡᠭᠡ ᠶᠢᠨ ᠪᠣᠷᠤ ᠠᠮᠢᠳᠤᠷᠠᠯ ᠢ ᠣᠯᠵᠤ ᠡᠳ᠋ᠯᠡᠭ᠍ᠰᠡᠨ ᠶᠤᠮ᠃ ᠳᠠᠷᠠ ᠦᠶ᠎ᠡ ᠳᠤ ᠠᠪᠣ ᠮᠢᠨᠢ ᠥᠭᠡ ᠳᠠᠭᠤ ᠴᠥᠭᠡᠨ᠂ ᠶᠠᠷᠤ ᠨᠢ ᠠᠵᠢᠯ ᠤᠨ ᠶᠠᠭᠠᠷᠠᠤ ᠪᠠ ᠠᠮᠢᠳᠤᠷᠠᠯ ᠤᠨ ᠴᠢᠯᠡᠭᠡ ᠡᠴᠡ ᠪᠣᠯᠵᠤ ᠳᠠᠷᠠ ᠪᠠᠢ᠌ᠬ᠎ᠠ ᠭᠡᠵᠤ ᠪᠢ ᠪᠠᠭ᠎ᠠ ᠳᠠᠭᠠᠨ ᠪᠣᠳᠤᠵᠤ ᠪᠠᠢ᠌ᠭᠰᠠᠨ᠂ ᠭᠡᠪᠠᠴᠤ ᠬᠠᠭᠠᠨ᠎ᠠ ᠴᠠᠭᠠᠨ᠎ᠠ ᠪᠠᠷᠭᠢᠷᠠᠬᠤ ᠳᠠᠷᠠ ᠳᠠᠭᠤᠨ ᠳᠤ ᠮᠠᠨ ᠤ ᠭᠡᠷ ᠬᠤᠳᠠᠯᠠ ᠪᠠᠷ ᠶᠢᠡᠨ ᠰᠤᠴᠢᠳᠠᠭ ᠪᠠᠢ᠌ᠭᠰᠠᠨ᠂ ᠠᠪᠣ ᠶᠢᠨ ᠮᠢᠨᠢ ᠳᠠᠷᠤᠭᠠᠰᠤ ᠨᠦᠰᠠᠷ ᠪᠠᠢ᠌ᠭᠰᠠᠨ ᠭᠡᠳᠡᠭ᠌ ᠢ ᠣᠳᠤ ᠰᠠ‍‌ᠶᠢ ᠪᠢ ᠣᠯᠵᠤ ᠮᠠᠳᠠᠪᠠ᠃

ᠭᠦᠭᠡᠷᠦᠭᠦᠢ︕ ᠭᠦᠳᠡᠭᠡ ᠶᠢᠨ ᠬᠠᠷ᠎ᠠ ᠳᠠᠷᠢᠶᠠᠴᠢᠨ ᠳᠤ ᠪᠦᠳᠤᠨ ᠠᠷᠪᠠᠨ ᠭᠤᠷᠪᠠᠨ ᠠᠮᠠ ᠪᠦᠯᠢ ᠶᠢ ᠳᠡᠵᠢᠭᠡᠵᠤ ᠠᠰ ᠠᠰ ᠳᠤᠨᠢ ᠠᠮᠢᠳᠤᠷᠠᠯ ᠪᠣᠰᠬᠠᠨ ᠪᠠᠰᠠ ᠦᠷ᠎ᠡ ᠬᠡᠦᠬᠡᠳ ᠶᠢᠡᠨ ᠰᠤᠶᠤᠯ ᠰᠤᠷᠭᠠᠭᠤᠯᠢ ᠭᠡᠵᠤ ᠭᠦᠶ‍ᠦᠯᠭᠡᠭᠦ ᠳᠠᠷᠠ ᠴᠠᠭ ᠤᠨ ᠴᠦᠪ ᠤᠨ ᠦᠶ᠎ᠡ ᠳᠤ᠂ ᠠᠢ︕   ᠪᠣᠳᠤᠬᠤ ᠡᠴᠡ ᠵᠢᠷᠦᠭᠡ ᠬᠠᠯᠠᠰᠢᠷᠠᠨ᠎ᠠ᠃ ᠭᠡᠨ ᠭᠦᠮᠤᠨ ᠴᠤ ᠭᠡᠳ ᠳᠤᠰᠠ ᠳᠠᠮ ᠪᠣᠯᠤᠭᠰᠠᠨ ᠦᠭᠡᠶ᠂ ᠳᠠᠪᠢᠨ ᠨᠠᠰᠤ ᠪᠠᠨ ᠭᠦᠷᠦᠭᠡ ᠦᠭᠡᠶ ᠪᠠᠷ ᠳᠠᠯᠠᠨ ᠨᠠᠰᠤᠨ ᠤ ᠳᠦᠷᠢ ᠲᠡᠶ ᠪᠣᠯᠵᠤ ᠡᠪᠦᠭᠡᠷᠡᠭ᠍ᠰᠡᠨ ᠶᠤᠮ᠃ ᠭᠡᠪᠠᠴᠤ ᠠᠪᠣ ᠮᠢᠨᠢ ᠡᠳᠡᠭᠡᠷ ᠬᠠᠯᠠ ᠳᠠᠮᠤ ᠠᠳᠡᠯ ᠣᠢ᠌ᠯᠠ ᠪᠠᠨ ᠭᠡᠨ ᠳᠤ ᠴᠤ ᠭᠡᠳ ᠭᠡᠯᠡᠭ᠍ᠰᠡᠨ ᠦᠭᠡᠶ᠂ ᠨᠠᠩ ᠭᠡᠨ ᠳᠤ ᠴᠤ ᠭᠡᠳ ᠦᠷᠢ ᠲᠡᠶ ᠶᠤᠮ ᠰᠢᠭ᠌ ᠠᠮᠢᠳᠤᠷᠠᠭᠰᠠᠨ ᠶᠤᠮ᠃

ᠠᠪᠣ ᠮᠢᠨᠢ ᠳᠠᠪᠤᠨ ᠳᠡᠭᠦᠤ ᠨᠡᠷ ᠤᠨ ᠶᠢᠡᠨ ᠲᠦᠯᠦᠭᠡ᠂ ᠠᠪᠣ ᠶᠢᠨ ᠣᠷᠤᠨ ᠳᠤ ᠡᠵᠡᠨ ᠪᠣᠯᠵᠤ᠂ ᠠᠮᠢᠳᠤᠷᠠᠯ ᠢ ᠨᠢ ᠪᠣᠰᠬᠠᠨ ᠥᠭ᠍‍ᠭᠦᠭ᠍ᠰᠡᠨ ᠪᠦᠭᠡᠳ ᠪᠢᠴᠢᠭ᠌ ᠰᠤᠶᠤᠯ ᠤᠨ ᠮᠦᠷ ᠭᠡᠵᠤ ᠭᠦᠶ‍ᠦᠯᠭᠡᠨ ᠪᠦᠳᠤᠨ ᠬᠤᠷᠢᠨ ᠵᠢᠯ ᠶᠢᠡᠨ ᠪᠠᠷᠠᠭᠰᠠᠨ᠃ ᠦᠪᠡᠷ ᠤᠨ ᠬᠡᠦᠬᠡᠳ ᠤᠨ ᠲᠦᠯᠦᠭᠡ ᠰᠤᠷᠭᠠᠭᠤᠯᠢ ᠰᠤᠶᠤᠯ ᠭᠡᠵᠤ ᠠᠷᠪᠠᠨ ᠵᠢᠯ ᠡᠯᠡᠭᠡᠨ ᠶᠠᠪᠣᠭᠰᠠᠨ ᠴᠤ ᠡᠨᠡ ᠰᠡᠳᠭᠢᠯ ᠢ ᠮᠡᠳᠡᠭ᠍ᠰᠡᠨ ᠭᠦᠮᠤᠨ ᠶᠠᠭ ᠭᠠᠷᠤᠭᠰᠠᠨ ᠦᠭᠡᠶ᠃ ᠭᠦᠭᠡᠷᠦᠭᠦᠢ ᠭᠦᠳᠡᠭᠡ ᠶᠢᠨ ᠨᠢᠭᠡ ᠡᠪᠦᠭᠡᠨ ᠪᠣᠯᠵᠤ ᠠᠮᠢᠳᠤᠷᠠᠬᠤ ᠳᠤ ᠭᠦᠮᠤᠨ ᠤ ᠨᠢᠳᠤᠨ ᠳᠤ ᠡᠯᠡᠰᠤ ᠰᠢᠷᠤᠢ ᠰᠢᠤᠬᠠᠨ ᠶᠢᠡᠷ ᠡᠴᠦᠰᠯᠡᠪᠡ᠃ ᠠᠮᠢᠳᠤᠷᠠᠯ ᠤᠨ ᠶᠠᠳᠠᠭᠤ ᠵᠥᠳᠡᠭᠦᠤ ᠪᠠ ᠮᠥᠩᠭᠦᠨ ᠤ ᠬᠠᠳᠠᠭᠤ ᠳᠠᠷᠤᠯᠳᠠ ᠳᠤᠤᠷ᠎ᠠ ᠨᠢᠭᠡ ᠵᠤᠭᠤᠰ ᠤᠨ ᠲᠦᠯᠦᠭᠡ ᠠᠪᠣ ᠮᠢᠨᠢ ᠵᠤᠷᠯᠤᠩ ᠮᠠᠯᠳᠠᠨ᠂ ᠨᠢᠭᠡ ᠬᠤᠭᠤᠴᠠᠭ᠎ᠠ ᠰᠤᠷᠭᠠᠭᠤᠯᠢ ᠶᠢᠨ ᠰᠥᠢᠦᠡᠭᠡᠯ ᠤᠨ ᠲᠦᠯᠦᠭᠡ ᠪᠦᠳᠤᠨ ᠡᠪᠦᠯ ᠠᠷᠭᠠᠯ ᠳᠡᠭᠦᠨ ᠠᠮᠠ ᠪᠦᠯᠢ ᠶᠢᠨ ᠦᠯᠦᠨ ᠭᠡᠳᠡᠰᠤ ᠶᠢ ᠴᠠᠳᠬᠠᠬᠤ ᠶᠢᠨ ᠲᠦᠯᠦᠭᠡ ᠨᠤᠶᠠᠤᠨ ᠢ ᠪᠢᠯᠳᠠᠤᠴᠢᠯᠠᠨ᠂ ᠡᠷᠡᠤ ᠠᠮᠠ ᠶᠢ ᠨᠢ ᠬᠠᠷᠠᠨ᠂ ᠡᠳᠦᠷ ᠤᠨ ᠬᠤᠭᠤᠯᠠᠨ ᠡᠴᠡ ᠪᠠᠨ ᠦᠪᠡᠷ ᠤᠨ ᠢᠳᠡᠭᠦ ᠪᠠᠨ ᠨᠠᠷᠢᠯᠠᠨ᠂ ᠠᠮᠳᠠᠳᠠᠢ ᠰᠢᠮᠠᠳᠠᠢ ᠶᠢ ᠨᠢ ᠭᠡᠷ ᠲᠡᠭᠡᠨ ᠠᠪᠴᠢᠷᠠᠨ ᠮᠠᠨᠤᠰ ᠢ ᠳᠡᠵᠢᠭᠡᠵᠤ᠂ ᠨᠠᠶᠠᠭᠠᠤᠨ ᠣᠨ ᠤ ᠵᠤᠳ ᠲᠡᠶ ᠵᠢᠯ ᠤᠳ ᠤᠨ ᠬᠠᠳᠠᠭᠤ ᠬᠠᠯᠠᠨ ᠳᠤ ᠠᠪᠣ ᠮᠢᠨᠢ ᠣᠯᠤᠰ ᠡᠴᠡ ᠡᠮᠦᠨ᠎ᠡ ᠡᠪᠦᠭᠡᠷᠡᠪᠡ᠃ ᠨᠠᠰᠤᠨ ᠳᠤᠷᠰᠢ ᠴᠤ᠋ ᠰᠢᠨ᠎ᠠ ᠬᠤᠪᠴᠠᠰᠤ ᠡᠮᠦᠰᠴᠤ ᠥᠩᠭᠡᠷᠡᠭ᠍ᠰᠡᠨ ᠦᠭᠡᠶ ᠡᠨᠡ ᠡᠪᠦᠭᠡᠨ ᠢ ᠭᠦᠭᠡᠷᠦᠭᠦᠢᠯᠡᠭᠦ ᠭᠦᠮᠤᠨ ᠪᠠᠢ᠌ᠭᠰᠠᠨ ᠦᠭᠡᠶ ᠬᠠᠷᠢᠨ ᠳᠠᠷᠤᠭᠠᠰᠤ ᠭᠡᠵᠤ ᠶᠠᠷᠤ ᠨᠢ ᠨᠡᠮᠡᠭ᠍ᠳᠡᠭ᠍ᠰᠡᠭᠡᠷ᠃ ᠭᠤᠷᠪᠠᠨ ᠭᠦᠤ ᠶᠢᠨ ᠬᠠᠳᠠᠭᠤ ᠳᠠᠷᠤᠭᠠᠰᠤ ᠶᠢ ᠠᠪᠣ ᠮᠢᠨᠢ ᠡᠴᠦᠰ ᠲᠡᠭᠡᠨ ᠳᠤᠯᠵᠤ ᠳᠡᠢ᠌ᠯᠦᠭ᠍ᠰᠡᠨ ᠦᠭᠡᠶ᠂ ᠳᠦᠷᠤᠯᠭᠢ ᠵᠡᠮᠳᠡᠭ᠌ ᠪᠠᠶ᠎ᠠ ᠨᠢ ᠭᠦᠰᠡᠷ ᠤᠢ᠌ᠴᠢᠪᠠ᠃ ᠠᠷᠭ᠎ᠠ ᠦᠭᠡᠶ ᠨᠢᠭᠡ ᠭᠦᠤ ᠪᠠᠨ ᠪᠣᠰᠤᠳ ᠳᠤ ᠦᠷᠡᠴᠢᠯᠠᠨ᠂ ᠨᠢᠭᠡ ᠭᠦᠤ ᠪᠠᠨ ᠰᠤᠷᠭᠠᠭᠤᠯᠢ ᠡᠴᠡ ᠨᠢ ᠵᠤᠭᠰᠤᠭᠠᠨ᠂ ᠨᠢᠭᠡ ᠭᠦᠤ ᠪᠠᠨ ᠬᠤᠷᠳᠤᠨ ᠭᠦᠮᠤᠨ ᠪᠣᠯᠭᠠᠬᠤ ᠪᠠᠷ ᠭᠦᠷᠦᠩᠭᠡ ᠪᠠᠨ ᠭᠦᠡᠳᠦᠷᠡᠪᠡ᠃ ᠭᠡᠪᠠᠴᠤ ᠳᠠᠪᠤᠨ ᠵᠢᠯ ᠤᠨ ᠰᠢᠷᠭᠠᠭᠤ ᠰᠢᠯᠭᠠᠯᠳᠠ ᠡᠴᠡ ᠪᠣᠯᠵᠤ᠂ ᠳᠡᠭᠦᠨ ᠤ ᠭᠡᠢ ᠭᠦᠰᠡᠯ ᠭᠦᠭᠡᠰᠤ ᠪᠣᠯᠵᠤ ᠠᠪᠣ ᠮᠢᠨᠢ ᠣᠯᠠᠮ ᠡᠪᠦᠭᠡᠷᠡᠪᠡ᠃

ᠶᠡᠷᠡᠭᠡᠳ ᠣᠨ ᠤ ᠵᠤᠭᠤᠰ ᠮᠥᠩᠭᠦᠨ ᠤ ᠭᠦᠭᠡᠴᠡᠯᠳᠦᠯ ᠪᠠ ᠭᠦᠮᠤᠨ ᠤ ᠰᠡᠳᠭᠢᠭᠦᠢ ᠶᠢᠨ ᠳᠠᠪᠰᠢᠯᠳᠠ ᠡᠴᠡ ᠪᠢ ᠬᠠᠷᠢ ᠶᠢ ᠭᠡᠰᠦᠵᠤ ᠬᠤᠯᠠ ᠶᠢ ᠳᠠᠨᠤᠪᠠ᠃ ᠳᠡᠭᠦᠨ ᠡᠴᠡ ᠡᠭᠢᠯᠡᠨ ᠠᠪᠣ ᠮᠢᠨᠢ ᠨᠠᠮ᠎ᠠ ᠡᠴᠡ ᠵᠠᠢ᠌ᠳᠠᠪᠠ᠃ ᠭᠦᠭᠡᠷᠦᠭᠦᠢ︕ ᠠᠪᠣ ᠮᠢᠨᠢ ᠥᠵᠡᠭ᠍ᠳᠡᠰᠢ ᠦᠭᠡᠶ ᠠᠷᠪᠠᠨ ᠵᠢᠯ ᠳᠤ ᠰᠠᠨᠠᠭᠠᠨ ᠡᠴᠡ ᠭᠠᠳᠠᠭᠤᠷ ᠬᠤᠯᠠᠳᠠᠪᠠ᠃

ᠳᠡᠭᠡᠷᠡᠮ᠎ᠡ ᠶᠢᠨ ᠡᠯᠵᠢᠭᠡ ᠰᠢᠤᠬᠠᠨ ᠳᠤᠭᠣᠢ᠌ᠯᠠᠨ ᠡᠷᠭᠢᠭ᠍ᠰᠡᠭᠡᠷ ᠪᠢ ᠭᠤᠴᠢ ᠳᠠᠪᠠᠨ ᠵᠡᠭᠦᠳᠤ ᠰᠢᠤᠬᠠᠨ ᠠᠪᠣ ᠲᠡᠶ ᠪᠠᠨ ᠳᠠᠷᠠ ᠵᠢᠯ ᠠᠭᠤᠯᠵᠠᠪᠠ᠃ ᠳᠠᠨᠢᠭᠳᠠᠰᠢ ᠦᠭᠡᠶ ᠪᠣᠭᠤᠷᠤᠯᠳᠤᠭᠰᠠᠨ ᠠᠪᠣ ᠶᠢᠨ ᠮᠢᠨᠢ ᠳᠤᠯᠤᠭᠠᠢ᠂ ᠮᠠᠩᠨᠠᠢ ᠳᠦᠭᠦᠷᠡᠩ ᠦᠷᠴᠢᠯᠡᠭᠡᠰᠤ᠂ ᠡᠭᠦᠳᠡᠨ ᠰᠢᠳᠤ ᠨᠢ ᠣᠨᠠᠭᠰᠠᠨ ᠡᠨᠡ ᠡᠪᠦᠭᠡᠨ ᠢ ᠪᠢ ᠬᠠᠷᠠᠭᠠᠤᠨ ᠦᠪᠡᠷ ᠤᠨ ᠡᠷᠭᠡ ᠦᠭᠡᠶ ᠵᠢᠷᠦᠭᠡ ᠰᠢᠮᠰᠢᠷᠠᠪᠠ᠃ ᠡᠪᠡᠳᠴᠢᠨ ᠳᠤ ᠪᠠᠷᠢᠭᠳᠠᠭᠰᠠᠨ ᠡᠷᠡᠭᠦᠯ ᠪᠠᠶ᠎ᠠ ᠪᠠ ᠡᠴᠢᠨᠡᠨ ᠵᠢᠯ ᠤᠨ ᠥᠭᠡ ᠶᠠᠷᠢᠯᠴᠠᠭ᠎ᠠ ᠦᠭᠡᠶ ᠠᠪᠣ ᠲᠡᠶ ᠪᠠᠨ ᠪᠢ ᠰᠦᠨᠢ ᠬᠠᠮᠳᠤ ᠰᠠᠭᠤᠨ ᠵᠤᠭᠤᠭᠳᠠᠪᠠ᠃ ᠣᠴᠢ ᠨᠢ ᠪᠠᠭᠤᠷᠠᠭᠰᠠᠨ ᠬᠤᠶᠠᠷ ᠨᠢᠳᠤᠨ ᠡᠴᠡ ᠭᠡᠴᠢᠨᠡᠨ ᠣᠯᠠᠨ ᠭᠡᠯᠡᠶ᠎ᠡ ᠭᠡᠰᠡᠨ ᠥᠭᠡ ᠪᠠᠢ᠌ᠭ᠎ᠠ ᠶᠢ ᠪᠢ ᠣᠯᠵᠤ ᠮᠡᠳᠡᠭ᠍ᠰᠡᠨ ᠴᠤ ᠨᠠᠳᠠ ᠳᠤ ᠶᠠᠷᠤ ᠨᠢ ᠴᠤᠬᠣᠢ᠌ᠯᠭᠠᠭᠰᠠᠨ ᠦᠭᠡᠶ᠂ ᠬᠠᠷᠢᠨ ᠨᠠᠳᠠ ᠡᠴᠡ ᠠᠪᠣ ᠮᠢᠨᠢ ᠪᠣᠷᠤᠭᠤ ᠭᠠᠷᠭᠠᠭᠰᠠᠨ ᠬᠡᠦᠬᠡᠳ ᠰᠢᠤᠬᠠᠨ ᠠᠪᠣ ᠨᠢ ᠪᠢ ᠴᠢᠳᠠᠯ ᠦᠭᠡᠶ᠂ ᠭᠦᠤ ᠴᠢᠮ᠎ᠠ ᠪᠠᠨ ᠣᠯᠢᠭᠳᠠᠢ ᠰᠠᠢ᠌ᠨ ᠪᠢᠴᠢᠭ᠌ ᠰᠤᠶᠤᠯ ᠥᠵᠡᠭᠦᠯᠵᠤ ᠳᠡᠢ᠌ᠯᠦᠭ᠍ᠰᠡᠨ ᠦᠭᠡᠶ᠂ ᠭᠦᠤ ᠮᠢᠨᠢ ᠠᠪᠣ ᠨᠠᠳᠠ ᠳᠠᠭᠠᠨ ᠭᠤᠮᠤᠳᠠᠭᠠᠷᠠᠢ︕   ᠭᠡᠵᠤ ᠦᠪᠡᠷ ᠤᠨ ᠰᠡᠳᠭᠢᠯ ᠤᠨ ᠳᠠᠷᠤᠭᠠᠰᠤ ᠰᠢᠤᠬᠠᠨ ᠭᠡᠳᠤᠨ ᠥᠭᠡ ᠪᠠᠨ ᠭᠡᠯᠡᠵᠤ ᠨᠠᠳᠠ ᠣᠷᠤᠭᠤ ᠮᠠᠯᠠᠷᠠᠨ ᠰᠢᠷᠳᠠᠪᠠ᠃ ᠠᠪᠣ ᠶᠢᠨ ᠳᠠᠷᠠ ᠨᠠᠮᠵᠢᠭᠤᠨ ᠳᠠᠭᠤᠨ ᠪᠠ ᠦᠷᠴᠢᠯᠡᠭᠡᠰᠤ ᠲᠡᠶ ᠴᠢᠷᠠᠢ ᠡᠴᠡ ᠪᠢ ᠠᠪᠣ ᠶᠢᠨ ᠳᠠᠷᠠ ᠣᠯᠠᠨ ᠭᠡᠯᠡᠵᠤ ᠴᠢᠳᠠᠰᠢ ᠦᠭᠡᠶ ᠡᠰᠡᠭᠦᠯ᠎ᠡ ᠭᠡᠯᠡᠵᠤ ᠪᠣᠯᠤᠰᠢ ᠦᠭᠡᠶ ᠳᠠᠷᠠ ᠣᠯᠠᠨ ᠰᠢᠷᠬᠠᠭᠯᠠᠯ ᠢ ᠣᠯᠵᠤ ᠭᠠᠳᠠᠷᠯᠠᠪᠠ᠃ ᠠᠪᠣ ᠮᠢᠨᠢ ᠦᠨᠡᠨ ᠳᠡᠭᠡᠨ ᠮᠠᠨ ᠳᠤ ᠪᠠᠨ ᠶᠠᠮᠠᠷ ᠴᠤ ᠦᠷᠢ ᠲᠦᠯᠦᠭᠡᠰᠤ ᠪᠠᠢ᠌ᠭ᠎ᠠ ᠦᠭᠡᠶ᠃ ᠨᠠᠩ ᠶᠠᠮᠠᠷ ᠡᠷᠭᠡᠪᠠᠰᠢ ᠭᠡᠰᠡᠨ ᠳᠠᠢ᠌ᠮᠤ ᠶᠠᠭᠤᠮ᠎ᠠ ᠪᠠᠢ᠌ᠭ᠎ᠠ ᠦᠭᠡᠶ᠃ ᠬᠠᠷᠢᠨ 《ᠡᠷ᠎ᠡ ᠶᠢᠨ ᠳᠡᠭ᠍ᠷᠢ》 ᠶᠢᠨ ᠳᠠᠷᠤᠭᠠᠰᠤ ᠪᠠᠢ᠌ᠭ᠎ᠠ ᠶᠤᠮ᠃

ᠠᠷᠢᠭᠢ ᠣᠤᠭᠤᠳᠠᠭ ᠦᠭᠡᠶ ᠠᠪᠣ ᠮᠢᠨᠢ ᠠᠷᠢᠭᠢᠨ ᠳᠤ ᠣᠷᠤᠭᠰᠠᠨ ᠢ ᠥᠵᠡᠭᠦᠯᠡᠷ ᠵᠢᠷᠠᠨ ᠵᠢᠯ ᠤᠨ ᠬᠠᠪᠣᠷ ᠨᠠᠮᠤᠷ ᠭᠡᠵᠤ ᠣᠪᠣᠭ᠎ᠠ ᠬᠠᠯᠠᠳᠠᠢ ᠭᠡᠳᠡᠭ᠌ ᠢ ᠭᠠᠳᠠᠷᠯᠠᠭᠤᠯᠤᠨ᠎ᠠ᠃ ᠳᠡᠭᠦᠤ ᠨᠡᠷ ᠤᠨ ᠶᠢᠡᠨ ᠲᠦᠯᠦᠭᠡ ᠦᠪᠡᠷ ᠤᠨ ᠠᠯᠢᠪᠠ ᠪᠠᠨ ᠭᠦᠡᠳᠦᠷᠤᠨ᠂ ᠨᠠᠰᠤ ᠪᠠᠨ ᠳᠤᠮᠳᠠᠯᠠᠨ᠂ ᠦᠷ᠎ᠡ ᠬᠡᠦᠬᠡᠳ ᠤᠨ ᠶᠢᠡᠨ ᠲᠦᠯᠦᠭᠡ ᠰᠠᠨᠠᠭ᠎ᠠ ᠨᠢ ᠪᠠᠢ᠌ᠪᠠᠴᠤ ᠣᠨᠤᠭ᠎ᠠ ᠨᠢ ᠭᠦᠷᠴᠤ ᠳᠡᠢ᠌ᠯᠦᠭ᠍ᠰᠡᠨ ᠦᠭᠡᠶ ᠡᠨᠡ ᠡᠪᠦᠭᠡᠨ᠂ ᠠᠢ︕

ᠭᠤᠷᠪᠠᠨ ᠭᠦᠤ ᠲᠡᠶ ᠴᠤ ᠣᠯᠢᠭᠳᠠᠢ ᠨᠢᠭᠡ ᠣᠳᠠᠭ᠎ᠠ ᠪᠠᠷᠢ ᠳᠤᠰᠴᠤ ᠳᠡᠢ᠌ᠯᠦᠭ᠍ᠰᠡᠨ ᠦᠭᠡᠶ ᠠᠪᠣ ᠭᠦᠮᠤᠨ ᠳᠤ ᠠᠪᠴᠤ ᠭᠡᠯᠡᠪᠠᠯ᠂ ᠨᠠᠩ ᠠᠷᠭ᠎ᠠ ᠦᠭᠡᠶ ᠭᠦᠮᠤᠨ ᠭᠦᠮᠤᠨ ᠲᠡᠶ ᠠᠳᠠᠭᠠᠷᠠᠬᠤ ᠡᠨᠡ ᠨᠡᠢ᠌ᠭᠡᠮ ᠳᠤ᠂ ᠠᠢ︕   

ᠠᠷᠭ᠎ᠠ ᠦᠭᠡᠶ ᠪᠦᠭ᠍ᠴᠦᠭᠡᠷ ᠪᠣᠯᠵᠤ ᠣᠠᠳᠤᠷᠤᠯ᠎ᠠ ᠁

ᠠᠯᠢ ᠪᠦᠭᠦᠨ ᠰᠠᠢ᠌ᠨ ᠰᠠᠢ᠌ᠬᠠᠨ ᠪᠠᠢ᠌ᠭᠠᠰᠠᠢ ᠭᠡᠵᠤ ᠠᠪᠣ ᠮᠢᠨᠢ ᠡᠪᠴᠢᠭᠦᠨ ᠳᠡᠭᠡᠨ ᠳᠠᠭᠠᠳᠬᠠᠨ ᠡᠳᠦᠢ ᠭᠦᠷᠦᠯ᠎ᠡ ᠁

ᠠᠢ︕   

ᠣᠮ ᠮᠠ ᠾᠦᠩ︕


         2010ᠣᠨ ᠤ 8 ᠰᠠᠷ᠎ᠠ ᠶᠢᠨ 21 ᠊ᠤ ᠰᠦᠨᠢ ᠬᠠᠨᠠᠰ ᠤᠨ ᠭᠦᠪᠠᠭᠡ ᠳᠤ᠃


ᠵᠤᠬᠢᠶᠠᠭᠴᠢ ᠶᠢᠨ ᠬᠠ‍‌ᠶ‍ᠢᠭ ᠄ ᠺᠦᠷᠡᠯ᠎ᠡ ᠬᠤᠳᠠ

ᠵᠤᠬᠢᠶᠠᠭᠴᠢ᠄ ᠳ·ᠭᠦᠭᠡᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6181
ᠴᠠᠭ᠄ 2010 ᠤᠨ ᠤ 10 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ