☆ ᠪᠠᠶᠠᠠᠪᠣᠯᠠᠭ
ᠮᠢᠨᠤ ᠦᠪᠣᠷ ᠮᠤᠩᠭ᠋ᠤᠯ
ᠮᠤᠷᠢᠨ ᠳᠠᠯ ᠳᠡᠭᠡᠷ᠎ᠡ ᠮᠥᠩᠭᠡᠷᠡᠭ᠍ᠰᠡᠨ ᠰᠤᠶᠤᠯ ᠳᠡᠦᠭᠡ ᠶᠢᠨ ᠦᠯᠦᠭᠡᠢ
ᠮᠢᠩᠭ᠋ᠠᠨ ᠠᠶᠠᠯᠭᠤᠴᠢᠨ ᠢ ᠭᠠᠢ᠌ᠬᠠᠭᠤᠯᠤᠭᠰᠠᠨ ᠮᠤᠷᠢᠨ ᠬᠤᠭᠤᠷ ᠤᠨ ᠳᠠᠯᠠᠢ
ᠮᠤᠩᠭ᠋ᠤᠯ ᠲᠦᠮᠡᠨ ᠶᠢᠡᠨ ᠣᠷᠢᠶᠠᠯᠠᠭᠰᠠᠨ ᠪᠣᠰᠤᠭ᠎ᠠ ᠥᠰᠦᠭ᠌ ᠤᠨ ᠳᠦᠷᠢᠮ ᠳᠠᠢ
ᠮᠥᠩᠭᠡ ᠪᠠᠢ᠌ᠭᠠᠯᠢ ᠪᠠᠨ ᠭᠢᠮᠠᠭᠠᠳᠠᠭᠰᠠᠨ ᠪᠣᠯᠪᠠᠰᠤᠨ ᠰᠤᠶᠤᠯ ᠤᠨ ᠣᠷᠤᠨ
ᠮᠢᠨᠤ ᠦᠪᠣᠷ ᠮᠤᠩᠭ᠋ᠤᠯ
ᠡᠭᠡ ᠶᠢᠨ ᠰᠥ᠋ ᠰᠢᠭ᠌ ᠠᠷᠢᠭᠤᠬᠠᠨ ᠡᠵᠢ ᠨᠠᠭᠤᠷ ᠤᠨ ᠳᠠᠪᠣᠰᠤ ᠳᠠᠢ
ᠢᠳᠡᠭᠡ ᠰᠦᠩᠨᠠᠨ ᠳᠡᠭᠡᠳᠦᠯᠡᠭ᠍ᠰᠡᠨ 《ᠡᠷᠭᠦᠨ᠎ᠡ ᠬᠤᠨ ᠤ ᠳᠤᠮᠤᠭ ᠲᠡᠶ》
ᠡᠩᠬᠡ ᠡᠷᠡᠭᠦᠯ ᠢ ᠳᠠᠯᠠᠯᠠᠭᠰᠠᠨ ᠡᠮ ᠤᠨ ᠴᠢᠨᠠᠷᠳᠤ ᠷᠠᠰᠢᠶᠠᠨ ᠳᠠᠢ
ᠡᠰᠡᠨᠢᠯ ᠭᠦᠭ᠍ᠵᠢᠯ ᠳᠤ ᠳᠡᠮᠡᠤᠯᠡᠭ᠍ᠰᠡᠨ ᠪᠠᠯᠭᠡᠳᠡᠯ ᠤᠨ ᠴᠠᠭᠠᠨ ᠳᠠᠭᠳᠠᠭ᠎ᠠ ᠳᠠᠢ
ᠮᠢᠨᠤ ᠦᠪᠣᠷ ᠮᠤᠩᠭ᠋ᠤᠯ
ᠠᠽᠢᠶ᠎ᠠ ᠶᠢᠨ ᠡᠯᠢᠭᠡᠨ ᠳᠤ ᠮᠡᠡᠭᠯᠡᠢ᠌ᠯᠡᠭᠰᠡᠨ ᠠᠪᠣᠷᠭᠤ ᠰᠤᠳᠤᠨ ᠪᠦᠭᠡᠴᠦᠳ ᠳᠠᠢ
ᠠᠯᠳᠠᠨ ᠮᠸᠳᠠᠯ ᠰᠠᠴᠤᠷᠠᠭᠤᠯᠤᠭᠰᠠᠨ ᠠᠰᠤᠷᠤ ᠣᠯᠠᠨ ᠳᠠᠮᠢᠷᠴᠢᠨ ᠳᠠᠢ
ᠣᠯᠠᠨ ᠵᠢᠭᠤᠯᠴᠢᠨ ᠢ ᠰᠤᠷᠢᠠᠵᠢᠳᠠᠭᠰᠠᠨ ᠠᠰᠠᠬᠠᠳᠤ ᠶᠢᠨ ᠴᠢᠯᠠᠭᠤᠨ ᠰᠢᠭᠤᠢ ᠳᠠᠢ
ᠣᠯᠠᠭᠠᠨ ᠭᠠᠴᠤᠷ᠎ᠠ ᠪᠠᠷ ᠠᠯᠳᠠᠷᠰᠢᠭᠰᠠᠨ ᠠᠭᠤᠳᠠᠮ ᠰᠠᠷᠠᠭᠤᠯ ᠨᠤᠳᠤᠭ
ᠮᠢᠨᠤ ᠦᠪᠣᠷ ᠮᠤᠩᠭ᠋ᠤᠯ
ᠪᠣᠯᠤᠳ ᠳᠠᠮᠤᠷ ᠨᠤᠷᠭᠢᠭᠰᠠᠨ ᠪᠣᠭᠤᠳᠤ ᠰᠠᠢ᠌ᠬᠠᠨ ᠬᠤᠳᠠ ᠳᠠᠢ
ᠪᠣᠯᠤᠷ ᠡᠷᠳᠡᠨᠢ ᠪᠠᠨ ᠡᠷᠭᠦᠭ᠍ᠰᠡᠨ ᠪᠠᠶᠠᠨ ᠣᠪᠣᠭ᠎ᠠ ᠠᠭᠤᠷᠬᠠᠢ ᠳᠠᠢ
ᠪᠣᠭᠤ ᠰᠤᠭᠤ ᠳᠤᠭᠯᠠᠭᠰᠠᠨ ᠠᠯᠳᠠᠨ ᠭᠢᠩᠭ᠋ᠠᠨ ᠠᠭᠤᠯᠠ ᠳᠠᠢ
ᠪᠣᠶᠠᠠᠳᠤ ᠳᠡᠭᠡᠳᠤ ᠡᠴᠡ ᠥᠪᠯᠡᠭ᠍ᠰᠡᠨ ᠳᠠᠯᠠᠨ ᠬᠠᠷ᠎ᠠ ᠶᠢᠨ ᠳᠦᠰᠢᠯᠭᠡ ᠳᠠᠢ
ᠮᠢᠨᠤ ᠦᠪᠣᠷ ᠮᠤᠩᠭ᠋ᠤᠯ
ᠳᠠᠩᠰᠤᠭ ᠪᠠᠢ᠌ᠭᠠᠯᠢ ᠪᠠᠨ ᠴᠢᠮᠡᠭᠯᠡᠭ᠍ᠰᠡᠨ ᠳᠠᠨᠠᠨ ᠡᠷᠳᠡᠨᠢ ᠶᠢᠨ ᠭᠡᠷ ᠳᠠᠢ
ᠳᠠᠯ᠎ᠠ ᠶᠢ ᠰᠢᠭᠢᠦᠡᠭᠡᠨ ᠪᠦᠷᠭᠦᠭ᠍ᠰᠡᠨ ᠳᠠᠪᠤᠨ ᠬᠤᠰᠢᠭᠤ ᠮᠠᠯ ᠳᠠᠢ
ᠳᠠᠷᠠᠭ ᠠᠢ᠌ᠷᠠᠭ ᠭᠦᠭᠡᠰᠦᠷᠡᠭ᠍ᠰᠡᠨ ᠪᠠᠶᠠᠨ ᠰᠠᠩ ᠭᠦᠮᠦᠷᠭᠡ ᠳᠠᠢ
ᠳᠠᠶᠠᠩ ᠳᠡᠯᠡᠭᠡᠢ ᠳᠤ ᠳᠠᠭᠤᠷᠢᠰᠤᠭᠰᠠᠨ ᠭᠢᠨᠢᠰ ᠤᠨ ᠰᠤᠳᠤᠨ ᠳᠡᠮᠳᠡᠭᠯᠡᠯ ᠳᠠᠢ
ᠮᠢᠨᠤ ᠦᠪᠣᠷ ᠮᠤᠩᠭ᠋ᠤᠯ
ᠭᠦᠭ᠍ᠵᠢᠯ ᠬᠤᠪᠢᠷᠠᠯ ᠶᠢᠡᠷ ᠰᠢᠨᠡᠴᠢᠯᠡᠭ᠍ᠰᠡᠨ ᠬᠦᠬᠡᠬᠤᠲᠠ ᠲᠦᠪ ᠳᠠᠢ
ᠭᠦᠰᠡᠯ ᠵᠢᠦᠡᠭᠦᠯ ᠬᠤᠤᠰᠯᠠᠭᠰᠠᠨ ᠭᠦᠮᠤᠨ ᠠᠷᠠᠤᠨ ᠤᠨ ᠵᠢᠪᠬᠤᠭ᠎ᠠ ᠳᠠᠢ
ᠭᠡᠢ᠌ᠮᠦᠷᠢ ᠴᠤᠭ ᠭᠡᠢ᠌ᠰᠭᠡᠭ᠍ᠰᠡᠨ ᠣᠩᠭ᠋ᠤᠨ ᠰᠠᠷᠠᠯ ᠤᠨ ᠳᠡᠭᠦᠯᠢᠭᠡ ᠳᠠᠢ
ᠬᠤᠪᠣᠷ ᠰᠢᠷᠤᠢ ᠪᠠᠷ ᠭᠠᠢ᠌ᠬᠠᠭᠳᠠᠭᠰᠠᠨ ᠬᠤᠷᠸ᠎ᠠ ᠳᠤ ᠬᠤᠪᠣᠷᠬᠠᠨ ᠣᠷᠤᠨ
ᠮᠢᠨᠤ ᠦᠪᠣᠷ ᠮᠤᠩᠭ᠋ᠤᠯ
ᠡᠵᠡᠨ ᠴᠢᠩᠭᠢᠰ ᠤᠨ ᠪᠣᠩᠬᠤᠨ ᠶᠢᠡᠷ ᠰᠢᠳᠦᠯᠭᠡ ᠪᠣᠯᠭᠠᠨ ᠵᠢᠷᠭᠠᠭᠰᠠᠨ
ᠡᠷ᠎ᠡ ᠶᠢᠨ ᠭᠤᠷᠪᠠᠨ ᠨᠠᠭᠠᠳᠤᠮ ᠶᠢᠡᠷ ᠰᠢᠠᠳᠠᠰᠤ ᠳᠤᠷᠪᠢ ᠰᠤᠷᠢᠭᠰᠠᠨ
ᠡᠭᠡᠰᠢᠭ᠌ ᠢᠷᠠᠭᠤ ᠳᠠᠭᠤᠤ ᠪᠠᠷ ᠭᠦᠮᠤᠨ ᠤ ᠰᠡᠳᠭᠢᠯ ᠢ ᠠᠷᠭᠠᠮᠵᠢᠭᠰᠠᠨ
ᠡᠭᠡᠯᠢᠳᠤ ᠬᠤᠷᠸ᠎ᠠ ᠶᠢᠨ ᠨᠠᠷᠠ ᠰᠢᠤᠬᠠᠨ ᠮᠥᠩᠭᠡ ᠶᠢᠨ ᠳᠤᠶᠠᠭᠠᠳᠤ ᠣᠷᠤᠨ
ᠮᠢᠨᠤ ᠦᠪᠣᠷ ᠮᠤᠩᠭ᠋ᠤᠯ
ᠵᠤᠬᠢᠶᠠᠭᠴᠢ ᠶᠢᠨ ᠬᠠᠶᠢᠭ᠄ ᠠᠷᠤ ᠬᠤᠷᠴᠢᠨ
ᠵᠤᠬᠢᠶᠠᠭᠴᠢ᠄ ᠪᠠᠶᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 07 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ