ᠨᠡᠪᠲᠡᠷᠡᠨ ᠤᠷᠤᠬᠤ
ᠡᠯᠢᠭᠡ ᠥᠡᠳᠡᠯᠵᠡᠭᠦ ᠶᠢᠨ ᠡᠭᠡ ᠨᠤᠳᠤᠭ

1

ᠪᠦᠮᠪᠦᠷᠴᠡᠭ᠌ ᠤᠨ ᠨᠤᠭᠤᠭᠠᠨ ᠠᠮᠢᠰᠤᠭ᠎ᠠ ᠪᠣᠶᠤ

ᠪᠦᠷᠳᠡ ᠴᠢᠨ᠋ᠸ᠎ᠡ ᠶᠢᠨ ᠮᠥᠩᠭᠡ ᠶᠢᠨ ᠵᠡᠭᠦᠳᠤᠨ ᠊᠊᠊᠊᠊᠊᠊᠊᠊᠊᠊᠊᠊᠊᠊

ᠮᠢᠨᠤ ᠡᠯᠢᠭᠡ ᠥᠡᠳᠡᠯᠵᠡᠭᠦ ᠶᠢᠨ ᠡᠭᠡ ᠨᠤᠳᠤᠭ

ᠮᠢᠨᠤ ᠣᠭᠢᠯᠠᠵᠤ ᠢᠷᠡᠭ᠍ᠰᠡᠨ ᠥᠯᠦᠭᠡᠢ

ᠮᠢᠨᠤ ᠳᠠᠭᠤᠯᠠᠵᠤ ᠶᠠᠪᠣᠬᠤ ᠳᠡᠯᠡᠭᠡᠢ

ᠥᠨᠦᠰᠭᠦ ᠳᠤ ᠡᠭᠡ ᠶᠢᠨ ᠰᠦ᠋ ᠪᠠᠷ ᠰᠠᠩᠭᠢ ᠳᠠᠳᠠᠵᠤ

ᠥᠭᠡᠢ᠌ᠯᠡᠭᠦ ᠳᠤ ᠡᠴᠢᠭᠡ ᠶᠢᠨ ᠳᠦᠷᠢ ᠪᠠᠷ ᠪᠣᠰᠤᠭ᠎ᠠ ᠬᠠᠷᠠᠭᠳᠠᠳᠠᠭ

ᠮᠢᠨᠤ ᠭᠡᠯᠡ ᠳᠤ ᠣᠷᠤᠵᠤ ᠭᠦᠯ ᠳᠤ ᠣᠷᠤᠭᠰᠠᠨ

ᠭᠦᠨᠡᠢ᠌ᠭᠡᠷᠡᠵᠤ ᠪᠣᠯᠳᠠᠭ ᠦᠭᠡᠶ ᠭᠠᠵᠠᠷ ᠣᠰᠤᠨ

ᠮᠢᠨᠤ ᠭᠦᠰᠡᠯ ᠵᠢᠷᠭᠢᠵᠤ ᠳᠠᠮᠢᠷ ᠰᠡᠯᠪᠢᠭ᠍ᠰᠡᠨ ᠬᠤᠪᠢ ᠵᠠᠶᠠᠭᠠᠨ ᠤ

ᠴᠡᠩᠭᠡᠷ ᠪᠠᠭᠤᠴᠠ

2

ᠮᠤᠩᠭ᠋ᠤᠯ ᠮᠤᠷᠢᠳ ᠤᠨ ᠳᠤᠭᠰᠢᠨ ᠣᠮᠤᠭ

ᠡ᠊ᠨᠳᠡ ᠡᠴᠡ ᠰᠣᠢ᠌ᠭᠳᠠᠵᠤ

ᠮᠦᠷᠠᠨ ᠳᠠᠩᠭᠢᠰ ᠢ ᠣᠯᠤᠮ ᠦᠭᠡᠶ ᠭᠠᠳᠤᠯᠠᠪᠠ

ᠮᠠᠭᠢᠷ ᠰᠠᠯᠠᠮ᠎ᠠ ᠶᠢᠨ ᠳᠤᠷᠭᠤᠨ ᠢᠷ

ᠡ᠊ᠨᠳᠡ ᠡᠴᠡ ᠬᠤᠷᠴᠠᠯᠠᠭᠳᠠᠵᠤ

ᠮᠤᠩᠭ᠋ᠤᠯ ᠤᠨ ᠰᠠᠯᠭᠢᠨ ᠳᠡᠯᠡᠭᠡᠢ ᠱᠤᠤᠭᠢᠭᠤᠯᠪᠠ

ᠮᠠᠠᠳᠤᠬᠠᠢ ᠬᠠᠳᠤᠨ ᠤ ᠭᠠᠯᠪᠢᠷ ᠵᠢᠪᠬᠤᠭ᠎ᠠ

ᠡ᠊ᠨᠳᠡ ᠴᠡᠮᠴᠡᠭᠡᠷᠴᠤ

ᠮᠢᠩᠭ᠋ᠠᠨ ᠣᠨ ᠤ ᠴᠠᠳᠢᠭ ᠳᠤ

ᠦᠬᠢᠨ ᠴᠢᠩᠭᠢᠰ ᠶᠢᠡᠷ ᠭᠢᠯᠠᠷᠠᠪᠠ

ᠮᠤᠷᠢᠨ ᠬᠤᠭᠤᠷ ᠤᠨ ᠣᠶᠠᠭᠨ ᠡᠭᠡᠰᠢᠭ᠌

ᠡ᠊ᠨᠳᠡ ᠢᠷᠠᠭᠤᠰᠴᠤ

ᠮᠤᠯᠤᠷ ᠡᠷᠳᠡᠨᠢ ᠰᠤᠶᠤᠯ ᠵᠢᠠᠷ

ᠬᠤᠷᠸ᠎ᠠ ᠳᠤ ᠭᠠᠢ᠌ᠬᠠᠭᠳᠠᠪᠠ᠁

ᠡᠭᠡᠰᠢᠭ᠌ ᠳᠤᠯᠤᠭ᠎ᠠ ᠢᠷᠠᠭᠤᠬᠠᠨ ᠠᠶ‍ᠯᠭᠤ

ᠢᠷᠭᠤᠢ ᠨᠢᠳᠦᠯᠡᠭ᠍ᠰᠡᠨ ᠳᠠᠯ᠎ᠠ ᠶᠢᠨ ᠴᠢᠨᠢ ᠡᠯᠢᠭᠡᠨ ᠳᠤ ᠣᠷᠭᠤᠵᠤ

ᠡᠪ ᠤᠨ ᠰᠤᠷᠭᠠᠯ ᠳᠠᠪᠤᠨ ᠮᠦᠰᠤ

ᠡᠭ᠍ᠴᠡ ᠬᠠᠳᠠ ᠶᠢᠨ ᠴᠢᠨᠢ ᠡᠩᠭᠡᠷ ᠲᠤ ᠴᠢᠯᠠᠭᠤᠵᠢᠵᠤ

ᠡᠷᠭᠢᠰ ᠪᠦᠮᠪᠦᠷᠴᠡᠭ᠌ ᠤᠨ ᠵᠤᠯᠠᠢ ᠳᠡᠭᠡᠷ᠎ᠡ

ᠥᠷᠯᠦᠭ᠌ ᠮᠤᠩᠭ᠋ᠤᠯ ᠭᠡᠵᠤ ᠪᠣᠰᠤᠭ᠎ᠠ ᠪᠠᠷ ᠪᠢᠴᠢᠭ᠍ᠳᠡᠪᠡ

ᠡᠯᠢᠭᠡ ᠥᠡᠳᠡᠯᠵᠡᠭᠦ ᠶᠢᠨ ᠡᠭᠡ ᠨᠤᠳᠤᠭ ᠡ

ᠳᠡᠭᠡᠳᠦᠰ ᠤᠨ ᠥᠪᠯᠡᠭ᠍ᠰᠡᠨ ᠡᠵᠡᠨ ᠳᠠᠮᠠᠭ᠎ᠠ ᠪᠣᠶᠤ

ᠳᠡᠭᠡᠳᠦᠯᠡᠵᠤ ᠰᠢᠳᠦᠭᠦ ᠶᠢᠨ ᠭᠢᠶᠠᠨ ᠰᠦᠯᠳᠡ ᠪᠣᠶᠤ

3

ᠥᠩᠰᠢᠭ᠌ ᠳᠠᠩᠰᠤᠭ ᠳᠠᠯ᠎ᠠ ᠳᠡᠭᠡᠷ᠎ᠡ ᠴᠢᠨᠢ

ᠡᠷ᠎ᠡ ᠭᠦᠮᠤᠨ ᠭᠡᠵᠤ ᠡᠷᠪᠠᠢ᠌ᠵᠤ ᠶᠠᠪᠣᠬᠤ ᠳ᠋ᠠᠭᠠᠨ

ᠦᠯᠴᠢᠷ ᠪᠠᠶᠠᠨ ᠬᠠᠢ᠌ᠷ᠎ᠠ ᠳᠡᠭᠡᠷ᠎ᠡ ᠴᠢᠨᠢ

ᠦᠷ᠎ᠡ ᠶᠢᠨ ᠬᠤᠪᠢ ᠪᠠᠷ ᠵᠢᠷᠭᠠᠵᠤ ᠰᠠᠭᠤᠬᠤ ᠳ᠋ᠠᠭᠠᠨ

ᠡᠯᠢᠭᠡ ᠥᠡᠳᠡᠯᠵᠡᠭᠦ ᠶᠢᠨ ᠡᠭᠡ ᠨᠤᠳᠤᠭ ᠴᠢᠮ᠎ᠠ ᠳ᠋ᠠᠭᠠᠨ

ᠡᠯᠳᠡᠩ ᠵᠤᠵᠠᠭᠠᠨ ᠦᠷᠢ ᠲᠡᠶ ᠶᠠᠪᠣᠭ᠎ᠠ ᠪᠠᠨ

ᠰᠠ‍‌ᠶᠢ ᠮᠠᠳᠠᠯ᠎ᠠ ᠁

ᠬᠷᠠᠭ᠎ᠠ ᠮᠤᠬᠤᠭᠤᠮ᠎ᠠ ᠴᠡᠯᠭᠡᠷ ᠳᠠᠯ᠎ᠠ ᠴᠢᠨᠢ

ᠬᠠᠰᠢᠯᠠᠭᠳᠠᠵᠤ ᠳᠤᠤᠷᠯᠠᠭᠳᠠᠵᠤ ᠨᠢᠮᠭᠡᠷᠡᠵᠤ ᠢᠷᠡᠭᠦ ᠪᠠᠷ

ᠬᠤᠪᠢ ᠲᠦᠰᠤᠷ ᠶᠢᠡᠨ ᠴᠢᠨᠤ ᠮᠢᠨᠤᠭᠢ ᠭᠡᠵᠤ

ᠪᠣᠯᠢᠶᠠᠯᠴᠠᠬᠤ ᠶᠢᠨ ᠵᠠᠪᠰᠠᠷ

ᠭᠦᠯᠦᠰᠤᠨ ᠬᠤᠨᠢᠴᠢᠨ ᠴᠢᠨᠢ ᠬᠤᠢ᠌ᠮᠤᠷ ᠡᠵᠡᠯᠡᠭᠡᠳ

ᠭᠡᠳᠡᠢ᠌ᠵᠤ ᠰᠠᠭᠤᠬᠤ ᠪᠠᠷ

ᠬᠤᠶᠠᠷ ᠦᠭᠡᠶ ᠪᠣᠰᠤᠭ᠎ᠠ ᠥᠰᠦᠭ᠌ ᠶᠢᠡᠨ ᠭᠤᠯᠤᠵᠤ

ᠬᠠᠷᠢ ᠭᠡᠯᠡ ᠳᠤ ᠴᠠᠭᠠᠷᠠᠨ᠎ᠠ ᠭᠡᠮᠡᠨ

ᠪᠣᠵᠢᠭᠢᠨᠠᠵᠤ ᠢᠷᠡᠭᠦ ᠪᠠᠷ

ᠭᠡᠯᠡᠵᠤ ᠳᠡᠢ᠌ᠯᠦᠭᠦ ᠦᠭᠡᠶ ᠪᠢᠳᠡᠭᠦᠤ ᠭᠤᠨᠢᠭ

ᠠᠮᠢᠰᠤᠭ᠎ᠠ ᠳᠠᠪᠬᠤᠴᠠᠭᠤᠯᠵᠤ

ᠬᠠᠷᠠᠮᠰᠠᠵᠤ ᠭᠡᠮᠰᠢᠭᠦ ᠶᠢᠨ ᠶᠡᠭᠡ ᠵᠤᠪᠠᠭᠤᠷᠢ ᠶᠢ ᠰᠠ‍‌ᠶᠢ ᠠᠮᠰᠠᠯ᠎ᠠ ᠁

ᠰᠦᠨᠢ ᠶᠢᠨ ᠭᠦᠨ ᠶᠢᠡᠷ ᠢᠵᠢᠯᠢ ᠪᠠᠨ ᠥᠭᠡᠢ᠌ᠯᠡᠨ

ᠰᠠᠷᠠᠯᠵᠢ ᠶᠢᠨ ᠳᠤᠳᠤᠷᠠᠭᠢ ᠴᠢᠳᠤᠷ ᠲᠡᠶ ᠮᠤᠷᠢᠨ ᠤ ᠥᠤᠷᠰᠦᠭᠡᠨ ᠳ᠋ᠤ

ᠰᠡᠳᠭᠢᠯ ᠡᠮᠵᠡᠭᠯᠡᠵᠤ ᠰᠡᠮᠡᠭᠡᠷ ᠪᠢ ᠮᠡᠭ᠍ᠰᠢᠪᠡ

ᠰᠡᠷᠢᠭᠦᠨ ᠥᠤᠷ ᠶᠢᠡᠷ ᠳᠤᠭᠤᠰᠤᠨ ᠳᠤ ᠬᠠᠬᠠᠵᠤ

ᠰᠠᠯᠭᠢᠨ ᠳᠤ ᠰᠢᠩᠭᠡᠷᠡᠭᠦ ᠰᠢᠪᠠᠭᠤᠳ ᠤᠨ ᠵᠢᠷᠭᠢᠭᠡᠨ ᠳ᠋ᠤ

ᠰᠢᠯᠦᠭ᠌ ᠤᠨ ᠣᠩᠭ᠋ᠤᠳ ᠮᠠᠨᠢ ᠡᠯᠡᠰᠤᠨ ᠳᠤ ᠪᠦᠳᠦᠴᠢᠪᠡ ᠁ 

ᠠᠢ ᠭᠦ ᠡᠯᠢᠭᠡ ᠥᠡᠳᠡᠯᠵᠡᠭᠦ ᠶᠢᠨ ᠡᠭᠡ ᠨᠤᠳᠤᠭ ᠡ

ᠡᠭᠡᠯ ᠮᠢᠨᠤᠭᠢ ᠵᠤᠪᠠᠵᠤ ᠵᠢᠷᠭᠠᠬᠤ ᠶᠢᠨ ᠰᠡᠳᠭᠢᠯ ᠤᠨ ᠣᠶᠠᠭ᠎ᠠ ᠪᠠᠢ᠌ᠯ᠎ᠠ

4

ᠠᠰᠬᠠᠭᠰᠠᠨ ᠣᠰᠤ ᠶᠢ ᠬᠤᠮᠢᠵᠤ ᠳᠡᠢ᠌ᠯᠦᠭᠡ ᠦᠭᠡᠶ ᠴᠤ

ᠠᠯᠳᠠᠭᠤᠯᠤᠭᠰᠠᠨ ᠠᠳᠤᠭᠤ ᠪᠠᠨ ᠡᠷᠢᠵᠤ ᠣᠯᠬᠤ ᠣᠴᠢᠷ ᠲᠡᠶ ᠪᠣᠯᠬᠤᠷ

ᠦᠨᠦᠳᠤᠷ ᠪᠢ

ᠡᠪᠦᠭᠡᠳ ᠤᠨ ᠣᠩᠭ᠋ᠤᠨ ᠰᠦᠷ ᠲᠤ ᠰᠢᠳᠤᠵᠤ

ᠡᠷᠡᠨ ᠤ ᠮᠡᠷᠭᠡᠨ ᠪᠣᠳᠤᠯᠭ᠎ᠠ ᠳᠤ ᠲᠦᠰᠢᠵᠤ

ᠦᠷ᠎ᠡ ᠭᠦᠮᠤᠨ ᠤ ᠬᠠᠢ᠌ᠷ᠎ᠠ ᠶᠢᠨ ᠦᠨᠡᠨ ᠶᠢᠡᠷ

ᠡᠵᠡᠨ ᠭᠦᠮᠤᠨ ᠤ ᠰᠡᠳᠭᠢᠯ ᠤᠨ ᠳᠠᠮᠢᠷ ᠵᠢᠠᠷ

ᠡᠯᠢᠭᠡ ᠥᠡᠳᠡᠯᠵᠡᠭᠦ ᠶᠢᠨ ᠡᠭᠡ ᠨᠤᠳᠤᠭ ᠴᠢᠮ᠎ᠠ ᠳ᠋ᠠᠭᠠᠨ

ᠡᠰᠨᠢᠯ ᠤᠨ ᠨᠤᠭᠤᠭᠠᠨ ᠬᠤᠷᠤᠢ ᠬᠤᠷᠣᠢ᠌ᠯᠠᠨᠠᠮ

ᠡᠩᠭᠡᠵᠢᠯ ᠤᠨ ᠭᠦᠭᠡ ᠳᠠᠯᠠᠯᠤᠭ᠎ᠠ ᠠᠪᠣᠨᠠᠮ ᠁ 

ᠡᠯᠡᠰᠦᠷᠡᠵᠤ ᠪᠠᠢ᠌ᠭ᠎ᠠ ᠨᠤᠳᠤᠭ ᠳᠠᠭᠠᠨ

ᠴᠡᠴᠡᠭ᠌ ᠤᠨ ᠬᠤᠷ᠎ᠠ ᠬᠤᠷᠣᠢ᠌ᠯᠠᠨᠠᠮ

ᠡᠯᠡᠭ᠍ᠳᠡᠵᠤ ᠪᠠᠢ᠌ᠭ᠎ᠠ ᠪᠠᠢ᠌ᠭᠠᠯᠢ ᠳ᠋ᠠᠭᠠᠨ

ᠨᠠᠪᠴᠢᠨ ᠨᠤᠭᠤᠭᠠᠨ ᠬᠤᠷᠣᠢ᠌ᠯᠠᠨᠠᠮ

ᠡᠭᠦᠷᠳᠦᠵᠤ ᠶᠠᠪᠣᠭ᠎ᠠ ᠵᠤᠷᠢᠭ ᠳᠠᠭᠠᠨ

ᠡᠷᠭᠦᠨ᠎ᠡ ᠬᠤᠨ ᠤ ᠳᠤᠮᠤᠭ ᠬᠤᠷᠣᠢ᠌ᠯᠠᠨᠠᠮ

ᠡᠷᠭᠦᠵᠤ ᠶᠠᠪᠣᠭ᠎ᠠ ᠳᠤᠭ ᠳᠠᠭᠠᠨ

ᠡᠵᠡᠨ ᠵᠢᠪᠬᠤᠭ᠎ᠠ ᠬᠤᠷᠣᠢ᠌ᠯᠠᠨᠠᠮ

ᠠᠯᠳᠠᠵᠤ ᠪᠠᠢ᠌ᠭ᠎ᠠ ᠰᠤᠶᠤᠯ ᠳ᠋ᠠᠭᠠᠨ

ᠠᠢ᠌ᠷᠠᠭ ᠤᠨ ᠠᠮᠢᠯᠠᠯ ᠬᠤᠷᠣᠢ᠌ᠯᠠᠨᠠᠮ

ᠣᠬᠠᠭᠠᠵᠢᠵᠤ ᠶᠠᠪᠣᠭ᠎ᠠ ᠭᠦᠮᠦᠰ ᠲᠡᠭᠡᠨ

ᠣᠤᠭᠠᠯ ᠬᠠᠢ᠌ᠷ᠎ᠠ ᠬᠤᠷᠣᠢ᠌ᠯᠠᠨᠠᠮ ᠁ 

5

ᠢᠷᠠᠭᠤ ᠨᠠᠢ᠌ᠷᠠᠭ ᠶᠢᠡᠷ ᠰᠡᠷᠵᠢᠮᠯᠡᠭ᠍ᠰᠡᠨ

ᠡᠷᠡᠭᠦᠯ ᠴᠠᠭᠠᠨ ᠠᠠᠳᠠᠭᠠᠢ

ᠢᠳᠡᠭᠡᠯ ᠬᠠᠢ᠌ᠷ᠎ᠠ ᠨᠡᠷᠡᠭ᠍ᠰᠡᠨ ᠡᠷᠢᠯ ᠳᠠᠮᠤᠯᠠᠯ ᠤᠨ ᠬᠤᠷᠤᠢ

ᠡᠯᠢᠭᠡ ᠥᠡᠳᠡᠯᠵᠡᠭᠦ ᠶᠢᠨ ᠡᠭᠡ ᠨᠤᠳᠤᠭ ᠲᠤ ᠮᠠᠨᠢ

ᠡᠭᠦᠷᠢ ᠪᠠᠳᠤ ᠣᠷᠤᠰᠢᠬᠤ ᠪᠣᠯᠳᠤᠭᠠᠢ︕


ᠵᠤᠬᠢᠶᠠᠭᠴᠢ ᠶᠢᠨ ᠬᠠᠶ‍ᠢᠭ᠄ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2883
ᠴᠠᠭ᠄ 2009 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ