☆ ᠭᠠᠩᠭ᠎ᠠ
ᠠᠯᠳᠠᠨ ᠰᠢᠪᠠᠭᠤ
ᠠᠯᠳᠠᠩᠬᠠᠨ ᠰᠢᠪᠠᠭᠤ ᠮᠢᠨᠤ
ᠠᠯᠠᠭᠠᠨ ᠳᠡᠭᠡᠷ᠎ᠡ ᠮᠢᠨᠢ ᠪᠠᠭᠤᠵᠤ
ᠠᠮᠤᠷ ᠮᠠᠠᠳᠤ ᠠᠢ᠌ᠯᠠᠳᠬᠠᠭᠰᠠᠨ ᠵᠢᠠᠨ
ᠠᠭᠠᠷ ᠭᠦᠯᠦᠭᠯᠡᠵᠤ ᠨᠢᠰᠪᠠ
ᠤᠶᠠᠩᠭ᠎ᠠ ᠶᠢᠨ ᠳᠠᠷᠠ ᠰᠢᠪᠠᠭᠤ
ᠣᠢ ᠳᠤᠳᠤᠷ᠎ᠠ ᠡᠭᠡᠰᠢᠭ᠌ ᠠᠰᠬᠠᠵᠤ
ᠣᠭᠳᠠᠷᠭᠤᠢ ᠳᠦᠭᠦᠷᠡᠩ ᠳᠠᠭᠤᠤ ᠰᠠᠴᠤᠵᠤ
ᠣᠷᠤᠢ ᠳᠡᠭᠡᠭᠦᠷ ᠮᠢᠨᠢ ᠨᠢᠰᠴᠤ ᠥᠩᠭᠡᠷᠡᠪᠡ
ᠣᠰᠤ ᠬᠠᠷᠠᠵᠤ ᠵᠤᠭᠰᠤᠯ᠎ᠠ ᠪᠢ
ᠣᠷᠤᠰᠬᠠᠯ ᠳᠠᠭᠠᠵᠤ ᠭᠦᠪᠪᠦᠵᠤ ᠢᠷᠡᠭ᠍ᠰᠡᠨ
ᠤᠶᠠᠩᠭ᠎ᠠ ᠶᠢᠨ ᠨᠤᠭᠤᠭᠠᠨ ᠨᠤᠲ᠋ ᠤᠳ ᠳᠤ
ᠦᠷᠤᠴᠠ ᠴᠡᠭᠡᠵᠢ ᠮᠢᠨᠢ ᠪᠣᠳᠤᠭ ᠶᠢᠡᠷ ᠪᠣᠴᠠᠯᠤᠯᠠ
ᠠᠯᠠᠭᠠᠨ ᠳᠡᠭᠡᠷ᠎ᠡ ᠮᠢᠨᠢ
ᠠᠭᠢᠭᠠᠤᠨ ᠭᠡᠵᠢᠶ᠎ᠡ ᠴᠤ ᠪᠠᠭᠤᠬᠤ ᠥᠭᠡᠢ
ᠠᠯᠳᠠᠨ ᠰᠢᠪᠠᠭᠤᠨ ᠤ
ᠢᠷᠠᠭᠤ ᠳᠠᠭᠤᠨ ᠳᠤ ᠪᠢ
ᠠᠷᠭ᠎ᠠ ᠥᠭᠡᠢ
ᠠᠷᠢᠭᠢ ᠣᠭᠤᠭᠰᠠᠨ ᠰᠢᠭ ᠰᠤᠭᠳᠤᠵᠤ
ᠠᠮᠢᠨ ᠵᠢᠷᠦᠭᠡ ᠮᠢᠨᠢ
ᠠᠶᠤᠤᠯᠢᠬᠠᠢ ᠳᠤᠳᠤᠷ᠎ᠠ ᠮᠢᠨᠢ ᠭᠠᠯ ᠰᠢᠭ ᠨᠤᠴᠤᠵᠤ ᠪᠠᠢ᠌ᠯ᠎ᠠ
ᠵᠤᠬᠢᠶᠠᠭᠴᠢ ᠶᠢᠨ ᠬᠠᠶᠢᠭ ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ
ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2011 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ