☆ ᠭᠢᠶᠠᠨ ᠠᠵᠢᠨᠠᠢ
ᠨᠠᠮᠤᠷ
ᠦᠷᠤᠮᠠ ᠶᠢᠨ ᠰᠢᠷᠭᠠᠯ ᠰᠠᠯᠭᠢ
ᠣᠶᠠᠭᠠᠨ ᠳᠡᠭᠡᠷᠡ ᠪᠣᠢ᠌ᠯᠠᠨᠠ
ᠣᠯᠠᠨ ᠨᠡᠭᠦᠳᠡᠯ ᠤᠨ ᠰᠢᠪᠠᠭᠤᠳ
ᠣᠭᠢᠯᠠᠨ ᠣᠭᠢᠯᠠᠨ ᠪᠣᠴᠠᠨᠠ
ᠦᠷᠡᠯᠡᠭᠦ ᠡᠪᠠᠰᠤᠨ ᠤ ᠳᠦᠷᠦᠭᠦᠤ
ᠰᠢᠷᠠᠩᠭ᠋ᠤᠢ ᠨᠤᠭᠤᠭᠠᠨ ᠶᠢᠡᠷ ᠦᠶᠡᠯᠵᠠᠨᠡ
ᠣᠭᠠᠯᠵᠠᠯᠠᠬᠤ ᠭᠤᠤᠯ ᠤᠨ ᠣᠰᠤ
ᠰᠡᠷᠢᠭᠦᠤ ᠳᠠᠳᠠᠨ ᠮᠠᠯᠳᠠᠷᠠᠨᠡ
ᠰᠢᠭᠦᠳᠡᠷᠢ ᠡᠭ᠍ᠰᠢᠭ᠍ᠰᠡᠨ ᠴᠡᠴᠡᠭᠡᠰ
ᠳᠠᠯᠪᠢ ᠪᠠᠨ ᠬᠤᠮᠭᠢᠨ ᠭᠤᠠᠳᠠᠨᠠ
ᠳᠠᠷᠪᠠᠨ ᠭᠡᠢ᠌ᠰᠭᠦ ᠨᠠᠪᠴᠢᠰ
ᠰᠠᠯᠠᠭᠠ ᠬᠠᠷᠭᠤᠳᠠᠵᠤ ᠰᠡᠭᠦᠷᠡᠰᠦᠯᠡᠨᠡ
ᠵᠤᠷᠬᠠ ᠨᠠᠯᠠᠭᠰᠠᠨ ᠳᠠᠷᠢᠶᠠ
ᠵᠢᠪᠠᠷ ᠤᠨ ᠥᠩᠭᠡ ᠪᠠᠷ ᠭᠠᠩᠬᠤᠨᠠ
ᠵᠡᠭᠡᠷᠡ ᠳᠠᠰᠢᠭᠰᠠᠨ ᠭᠤᠪᠢ
ᠵᠢᠷᠦᠭᠡ ᠡᠮᠳᠡᠷᠡᠳᠡᠯᠡ ᠰᠢᠭᠤᠷᠠᠨᠠ
ᠭᠤᠯᠰᠢᠭ ᠴᠠᠭᠠᠨ ᠬᠤᠰᠤ
ᠭᠠᠵᠠᠷ ᠨᠠᠮᠠᠯᠵᠠᠳᠠᠯᠠ ᠬᠤᠩᠭ᠋ᠤᠷᠳᠠᠨᠠ
ᠭᠠᠩᠭ᠋ᠠᠩ ᠬᠠᠩᠭ᠋ᠠᠢ ᠶᠢᠨ ᠡᠩᠭᠡᠷ
ᠭᠠᠯᠪᠠ ᠡᠴᠠ ᠡᠵᠡᠭᠦᠢᠷᠳᠡᠯᠡ ᠰᠢᠷᠭᠠᠯᠳᠤᠨᠠ
ᠰᠦᠷᠦᠭ᠌ ᠲᠡᠭᠡᠨ ᠢᠵᠢᠯᠢᠰᠢᠭ᠍ᠰᠡᠨ ᠮᠤᠷᠢ
ᠱᠤᠩ ᠶᠢᠡᠨ ᠰᠤᠭᠤᠷᠳᠠᠯᠠ ᠳᠡᠪᠭᠡᠴᠡᠨᠡ
ᠴᠢᠮᠠ ᠪᠠᠨ ᠥᠭᠡᠢ᠌ᠯᠡᠭ᠍ᠰᠡᠨ ᠰᠡᠳᠭᠢᠯ
ᠰᠠᠷᠠ ᠡᠰᠭᠡᠳᠡᠯᠡ ᠰᠠᠨᠠᠨᠠ
ᠡᠪᠠᠰᠤᠨ ᠦᠵᠦᠭᠦᠷ ᠭᠤᠯᠢᠶᠠ
ᠣᠳᠤ ᠰᠢᠩᠭᠡᠷᠡᠳᠡᠯᠡ ᠳᠠᠭᠤᠯᠠᠨᠠ
ᠤᠢ᠌ᠳᠬᠠᠷ ᠤᠨ ᠰᠡᠵᠢᠭᠦᠷ ᠰᠢᠯᠦᠭ᠌
ᠦᠷ ᠭᠡᠭᠡᠷᠡᠳᠡᠯᠡ ᠭᠢᠩᠰᠢᠨᠡ
ᠪᠣᠷᠤᠭᠠᠨ ᠬᠠᠭᠰᠠᠭᠰᠠᠨ ᠨᠠᠮᠤᠷ
ᠪᠣᠳᠤᠯ ᠰᠠᠮᠠᠷᠠᠳᠠᠯᠠ ᠨᠠᠢ᠌ᠭᠤᠨᠠ
ᠪᠠᠢ᠌ᠮᠠ ᠬᠤᠯᠠ ᠶᠢᠨ ᠮᠦᠷᠦᠭᠡᠳᠦᠯ
ᠰᠠᠨᠠᠭᠠ ᠣᠶᠠᠰᠳᠠᠯᠠ ᠢᠪᠢᠯᠤᠨᠡ
ᠵᠤᠬᠢᠶᠠᠭᠴᠢ ᠶᠢᠨ ᠬᠠᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄
ᠰᠢᠯᠦᠭᠳᠠᠷᠤᠮ᠄ 2749
ᠴᠠᠭ᠄ 2012 ᠤᠨ ᠤ 07 ᠰᠠᠷᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ