ᠨᠡᠪᠲᠡᠷᠡᠨ ᠤᠷᠤᠬᠤ
ᠨᠢᠭᠤᠴᠠ ᠠᠮᠠᠷᠠᠭ

ᠨᠢᠭᠤᠴᠠ ᠠᠮᠠᠷᠠᠭ ᠭᠡᠵᠤ

ᠨᠢᠭᠤᠭᠰᠠᠨ ᠰᠠᠷᠠ ᠨᠠᠮᠠᠭᠤᠨ ᠦᠷ ᠶᠢᠡᠷ

ᠪᠣᠯᠵᠤᠭ᠎ᠠ ᠲᠡᠶ ᠢᠷᠡᠭ᠍ᠰᠡᠨ ᠡᠷ᠎ᠡ ᠦᠦ︖

ᠨᠤᠳᠤᠭ ᠤᠨ ᠠᠭᠤᠯᠠ᠂ ᠰᠠᠯᠭᠢ ᠲᠡᠶ ᠭᠡᠭᠡᠷ᠎ᠡ

ᠭᠠᠳᠠᠭ᠎ᠠ ᠬᠤᠨᠤᠭᠰᠠᠨ ᠰᠦᠨᠢ ᠦᠦ︖

ᠣᠷᠤ ᠳᠠᠷ᠎ᠠ ᠶᠢᠨ ᠵᠠᠢ ᠳᠤ

ᠬᠠᠨᠢ ᠡᠴᠡ ᠮᠢᠨᠢ ᠣᠠᠳᠤᠤ

ᠣᠩᠭ᠋ᠤᠨ ᠰᠠᠤᠠᠭᠢᠯ ᠤᠨ ᠭᠦᠨ ᠳᠤ

ᠨᠢᠭᠡ ᠯᠠ ᠠᠮᠠᠷᠠᠭ ᠪᠣᠢ

ᠣᠶᠤᠨ ᠰᠠᠨᠠᠭᠠᠨ ᠤ ᠴᠤᠯᠪᠣᠭᠤᠷ ᠭᠦᠳᠦᠯᠤᠨ

ᠣᠳᠤ ᠰᠠᠷᠠ ᠲᠡᠶ ᠰᠦᠨᠢ

ᠨᠣᠢ᠌ᠷ ᠬᠤᠯᠵᠢᠭᠰᠠᠨ ᠬᠠᠢ᠌ᠷ᠎ᠠ ᠪᠣᠢ

ᠡᠭᠦᠳᠡ ᠳᠤᠭᠰᠢᠬᠤ ᠳᠠᠭᠤᠨ

ᠦᠯᠦ ᠰᠤᠨᠤᠰᠬᠠᠵᠤ

ᠥᠷᠭᠦᠨ ᠰᠡᠭᠡᠰᠭᠢᠨ

ᠣᠯᠠᠨ ᠵᠠᠩ ᠲᠡᠶ ᠭᠡᠦᠭᠡᠨ ᠰᠢᠭ᠌

ᠠᠭᠠᠯᠢᠭᠦᠢ ᠮᠢᠨᠤ ᠠᠮᠠᠷᠠᠭ

ᠣᠠᠴᠠ ᠶᠢᠨ ᠬᠠᠷᠠᠩᠭ᠋ᠤᠢ ᠳᠤ

ᠭᠢᠯᠠᠰ ᠭᠡᠭᠦ ᠨᠢ ᠰᠤᠨᠢᠬᠠᠨ

ᠭᠡᠨᠡᠳᠲᠡ

ᠭᠡᠩᠭᠦᠯᠵᠡᠭ᠍ᠰᠡᠨ ᠠᠮᠠᠷᠠᠭ ᠮᠢᠨᠢ ᠡᠭᠦᠯᠡᠨ ᠰᠡᠭᠦᠳᠡᠷ ᠰᠢᠭ᠌

ᠵᠠᠮᠬᠠᠷᠴᠢᠬᠠᠬᠤ ᠨᠢ ᠬᠠᠢ᠌ᠷᠠᠨ

ᠡᠳᠦᠷᠵᠢᠨ ᠪᠢ ᠣᠷᠭᠤᠭᠤᠯᠤᠨ ᠪᠣᠳᠤᠪᠠᠴᠤ

ᠣᠭᠳᠤᠵᠤ ᠢᠷᠡᠭᠦ ᠳᠦᠷᠢ ᠨᠢ ᠠᠯᠠᠭ᠎ᠠ

ᠣᠷᠳᠤ ᠣᠳᠠᠭᠠᠨ ᠭᠦᠯᠢᠶᠡᠯᠳᠡ ᠶᠢ

ᠬᠤᠭᠤᠰᠤᠨ ᠥᠷᠭᠦᠯᠵᠢᠯᠡᠭᠦᠯᠤᠨ

ᠠᠭᠤᠷᠯᠠᠭᠰᠠᠨ ᠶᠤᠮᠰᠢᠭ ᠡᠷᠭᠢᠵᠤ ᠬᠠᠷᠠᠯ ᠦᠭᠡᠶ

ᠬᠠᠶᠠᠭᠠᠤᠨ ᠶᠠᠪᠣᠴᠢᠬᠤ ᠡᠴᠡ ᠨᠢ ᠠᠶᠤᠬᠤ ᠶᠤᠮ ᠪᠢ︕

ᠳᠡᠭᠦᠨ ᠢ ᠢᠷᠡᠭᠦ ᠪᠠᠷ ᠪᠠᠶᠠᠰᠤᠨ

ᠳᠤᠰᠤᠭᠠᠤᠨ ᠣᠴᠢᠵᠤ ᠳᠡᠪᠠᠷᠢᠭᠡᠤᠨ

ᠤᠭᠵᠤᠮ ᠭᠦᠴᠦᠳᠡᠢ ᠳᠤᠭᠳᠤᠯᠤᠨ

ᠣᠪᠣᠯᠵᠠᠬᠤ ᠰᠠᠤᠠᠭᠢᠯ ᠤᠨ

ᠴᠡᠨᠡᠭ᠌ ᠶᠢᠡᠨ ᠳᠠᠯᠪᠢᠨ

ᠰᠦᠨ ᠭᠡᠭᠡᠳᠤ ᠭᠡᠷᠡᠯ ᠤᠨ ᠳᠤᠤᠷ᠎ᠠ

ᠰᠢᠨᠠ ᠳᠤᠯᠤᠭᠠᠤᠨ

ᠰᠤᠭᠳᠤᠭᠤᠷᠠᠵᠤ ᠰᠠᠭᠤᠭᠠᠤᠨ ᠵᠢᠷᠭᠠᠳᠠᠭ ᠶᠤᠮ

ᠵᠡᠭᠦᠳᠤ ᠰᠤᠴᠢᠨ᠂ ᠰᠠᠷᠠᠯ ᠰᠡᠷᠭᠦᠨ

ᠵᠢᠷᠦᠭᠡᠨ ᠳᠤ

ᠪᠠᠭᠡᠰ ᠨᠢᠯᠬᠠᠷᠠᠭᠰᠠᠨ

ᠣᠩᠭ᠋ᠤᠨ ᠰᠢᠳᠦᠭᠡᠨ ᠠᠮᠠᠷᠠᠭ ᠲᠡᠶ ᠪᠣᠯᠬᠤᠷ

ᠦᠷᠦᠳᠠᠰᠤ ᠴᠠᠭᠠᠰᠤ ᠶᠢ ᠥᠵᠦᠭ᠌ ᠪᠢᠷ ᠲᠡᠶ ᠨᠢ ᠬᠠᠨᠢᠰᠬᠠᠨ

ᠦᠷᠦ ᠭᠠᠭᠴᠠᠭᠠᠷ ᠪᠢ ᠵᠢᠷᠮᠦᠰᠦᠯᠡᠳᠡᠭ᠌ ᠶᠤᠮ᠃

ᠵᠤᠬᠢᠶᠠᠭᠴᠢ᠄ ᠨ·ᠴᠡᠯᠡᠭᠡᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3716
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ