ᠨᠡᠪᠲᠡᠷᠡᠨ ᠤᠷᠤᠬᠤ
ᠨᠤᠲᠤᠭ ᠤᠰᠤᠨ ᠤ ᠦᠪ ᠡᠴᠡ ᠁

ᠨᠢᠭᠡ


ᠳᠦᠷᠦᠭ᠍ᠰᠡᠨ ᠨᠤᠳᠤᠭ ᠳᠤᠯᠢᠨ ᠴᠡᠩᠭᠡᠷ ᠪᠣᠯᠠᠩᠭᠢᠷ ᠮᠢᠨᠢ ︕ ᠲᠦᠰᠢᠵᠤ ᠰᠥᠡᠳᠡᠷᠯᠡᠭᠦ ᠠᠭᠤᠯᠠ ᠨᠢᠷᠤᠭᠤ ᠦᠭᠡᠶ᠂ ᠳᠤᠷᠭᠠᠨ ᠨᠤᠭᠤᠭᠠᠨ ᠳᠠᠯ᠎ᠠ ᠂ ᠳᠤᠭᠤᠷᠤᠤ ᠴᠤᠬᠤᠷ ᠡᠯᠡᠰᠤ ᠂ ᠳᠤᠭᠤᠷᠢᠮ ᠭᠦᠭᠡ ᠱᠠᠯᠠ ᠂ ᠳᠤᠰᠤᠯᠢᠭ ᠣᠯᠠᠭᠠᠨ ᠰᠤᠬᠠᠢ ᠂ ᠳᠤᠭᠤᠰᠤᠳᠠᠢ ᠴᠠᠭᠠᠨ ᠪᠣᠳᠠ ᠪᠠᠷ ᠬᠤᠴᠢᠭᠳᠠᠵᠤ ᠭᠦᠪᠠᠭᠡ ᠭᠢᠵᠠᠭᠠᠷ ᠨᠢ ᠳᠡᠯᠡᠭ᠍ᠳᠡᠭ᠍ᠰᠡᠨ ᠥᠷᠭᠡᠨ ᠠᠭᠤᠳᠠᠮ ᠳᠠᠯ᠎ᠠ ᠴᠠᠢ᠌ᠳᠠᠮ ᠪᠠᠢ᠌ᠭ᠎ᠠ ᠶᠤᠮ ᠃ ᠪᠠᠯᠴᠢᠷ ᠣᠬᠠᠭᠠᠨ ᠳᠤ ᠮᠢᠨᠢ ᠭᠦᠨ ᠬᠠᠳᠠᠩᠰᠢᠭᠰᠠᠨ ᠡᠴᠢᠭᠡ ᠶᠢᠨ ᠮᠢᠨᠢ ᠨᠤᠳᠤᠭ ᠣᠰᠤ ᠣᠳᠤᠮ ᠣᠭᠰᠠᠭ᠎ᠠ ᠂ ᠭᠠᠷᠤᠯ ᠳᠡᠦᠭᠡ ᠂ ᠡᠯᠢᠭᠡᠨ ᠰᠠᠳᠤᠨ ᠪᠦᠭᠦᠨ ᠰᠠᠤᠠᠭᠢᠯ ᠤᠨ ᠭᠢᠵᠠᠭᠠᠷ ᠲᠤ ᠪᠠᠯᠠᠷᠠᠰᠢ ᠦᠭᠡᠶ ᠦᠪ ᠪᠣᠯᠤᠨ ᠦᠯᠠᠳᠠᠵᠠᠢ ᠃ ᠬᠤᠷᠢᠨ ᠭᠡᠳᠤᠨ ᠵᠢᠯ ᠤᠨ ᠡᠮᠦᠨᠡᠭᠢ ᠴᠥᠷᠭᠦᠯᠡᠭ᠍ᠰᠡᠨ ᠣᠨᠠᠭᠠᠨ ᠪᠠᠭ᠎ᠠ ᠶᠢᠨ ᠠᠵᠤ ᠠᠮᠢᠳᠤᠷᠠᠯ ᠂ ᠠᠵᠢᠭᠰᠠᠨ ᠂ ᠥᠵᠡᠭ᠍ᠰᠡᠨ ᠂ ᠪᠣᠯᠭᠤᠭᠠᠭᠰᠠᠨ ᠪᠦᠭᠦᠨ ᠮᠥᠩᠭᠡ ᠣᠷᠤᠰᠢᠬᠤ ᠣᠩᠭ᠋ᠤᠨ ᠨᠤᠳᠤᠭ ᠤᠨ ᠦᠪ ᠡᠴᠡ ᠰᠠᠮᠠᠷᠠᠨ ᠰᠡᠷᠡᠭ᠍ᠳᠡᠵᠤ ᠳᠤᠷᠠᠤᠠᠬᠠᠯ ᠴᠤᠪᠣᠷᠠᠨ᠎ᠠ ᠃

ᠰᠠᠨᠠᠭᠠᠨ ᠳᠤ ᠰᠠᠭᠠᠳᠠᠭ ᠤᠨ ᠰᠤᠮᠤ ᠰᠢᠭ ᠰᠢᠭᠢᠳᠦᠭ᠍ᠰᠡᠨ1974 ᠣᠨ ᠤ ᠣᠷᠢᠬᠠᠨ ᠬᠠᠪᠣᠷ ᠤᠨ ᠣᠯᠠᠷᠢᠯ ᠡᠭᠢᠯᠡᠭᠦ ᠪᠠᠷ ᠪᠣᠯᠠᠩᠭᠢᠷ ᠵᠡᠭᠦᠨ ᠬᠤᠶᠠᠷ ᠬᠤᠰᠢᠭᠤᠨ ᠤ ᠮᠢᠯᠠᠭ᠎ᠠ ᠳᠠᠭᠠᠵᠤ ᠂ ᠵᠢᠯᠤᠭᠤ ᠪᠠᠷᠢᠭᠰᠠᠨ ᠪᠦᠭᠦᠨ ᠴᠤᠭᠯᠠᠷᠠᠵᠤ ᠂ ᠣᠮᠤᠭ ᠶᠡᠭᠡ ᠡᠷᠭᠢ ᠦᠨᠳᠦᠷ ᠳᠠᠪᠭᠢ ᠶᠢᠨ ᠭᠤᠤᠯ ᠢ ᠳᠠᠰᠤ ᠪᠣᠭᠤᠵᠤ ᠂ ᠵᠡᠭᠦᠨ ᠬᠤᠰᠢᠭᠤ ᠡᠪᠠᠰᠤ ᠪᠠᠯᠴᠢᠭᠡᠷ ᠵᠢᠠᠨ ᠦᠶᠡᠷ ᠊ᠤᠨ ᠣᠰᠤᠨ ᠳᠤ ᠳᠤᠭᠤᠭᠳᠠᠬᠤ ᠡᠴᠡ ᠬᠠᠯᠠᠰᠢᠷᠠᠨ ᠬᠠᠮᠠᠭᠠᠯᠠᠬᠤ ᠳᠤ ᠪᠣᠯᠠᠩᠭᠢᠷ ᠬᠤᠰᠢᠭᠤ ᠦᠶᠡᠷ ᠤᠨ ᠣᠰᠤ ᠠᠰᠢᠭᠯᠠᠵᠤ ᠂ ᠡᠪᠠᠰᠤ ᠪᠠᠯᠴᠢᠭᠡᠷ ᠳᠠᠭᠢ ᠭᠦᠷᠵᠡ ᠬᠤᠵᠢᠷ ᠶᠢᠡᠨ ᠳᠤᠭᠤᠯᠭᠠᠵᠤ ᠂ ᠨᠤᠳᠤᠭ ᠣᠰᠤᠨ ᠤ ᠪᠠᠨ ᠭᠦᠷᠦᠰᠤ ᠰᠢᠷᠤᠢ ᠶᠢ ᠥᠭᠡᠷᠡᠴᠢᠯᠡᠭᠦ ᠪᠠᠷ ᠳᠦᠰᠤᠪᠯᠠᠨ ᠬᠤᠶᠠᠷ ᠬᠤᠰᠢᠭᠤᠨ ᠤ ᠳᠠᠯᠠᠭᠠᠤᠨ ᠭᠦᠮᠤᠨ ᠣᠨᠤᠭ᠎ᠠ ᠬᠤᠰᠢ ᠲᠡᠶ ᠪᠠᠨ ᠪᠠᠢ᠌ᠯᠳᠤᠭᠠᠨ ᠤ ᠭᠠᠵᠠᠷ ᠊᠊᠊᠊᠊᠊᠊᠊᠊ ᠳᠠᠪᠭᠢ ᠶᠢᠨ ᠭᠤᠤᠯ ᠤᠨ ᠡᠷᠭᠢ ᠳᠡᠭᠡᠷ᠎ᠡ ᠴᠤᠭᠯᠠᠷᠠᠪᠠ ᠃ ᠪᠢ ᠴᠤ ᠨᠢᠭᠡ ᠭᠦᠮᠤᠨ ᠤ ᠳᠤᠭ᠎ᠠ ᠡᠵᠡᠯᠡᠭᠡᠤᠨ ᠠᠷᠪᠠᠨ ᠳᠠᠪᠤᠨ ᠨᠠᠰᠤᠨ ᠤ ᠪᠠᠨ ᠣᠷᠤᠭ᠎ᠠ ᠪᠤᠰᠤᠭ᠎ᠠ ᠥᠵᠦᠭᠦᠷ ᠥᠭᠡᠳᠡ ᠴᠠᠭᠢᠯᠠᠵᠤ ᠶᠠᠪᠣᠭ᠎ᠠ ᠡᠷ᠎ᠡ ᠶᠢᠨ ᠰᠢᠭᠢᠷ᠎ᠠ ᠪᠣᠰᠬᠠᠵᠤ ᠂ ᠡᠷᠭᠢ ᠪᠠᠨ ᠠᠯᠬᠤᠵᠤ ᠬᠤᠯᠠ ᠶᠠᠪᠣᠭᠰᠠᠨ ᠪᠣᠯᠤᠭᠠᠤᠨ ᠡᠭᠡᠮ ᠰᠠᠴᠠᠭᠤᠳᠠᠨ ᠲᠡᠶ ᠪᠠᠨ ᠲᠠᠨᠢᠯᠴᠠᠭᠰᠠᠨ ᠶᠤᠮ ᠃

ᠥᠩᠭᠡᠷᠡᠭ᠍ᠰᠡᠨ ᠤ ᠬᠠᠷ᠎ᠠ ᠰᠢᠷ᠎ᠠ ᠪᠠᠷ ᠬᠤᠤᠠᠬᠤᠯᠳᠤᠭᠰᠠᠨ ᠣᠨ ᠵᠢᠯ ᠤᠳ ᠲᠤ 《ᠠᠩᠭᠢ ᠶᠢᠨ ᠭᠠᠷᠤᠯ》 ᠳᠤᠭᠳᠠᠭᠠᠭᠰᠠᠨ ᠂ ᠦᠪ ᠳᠡᠦᠭᠡ ᠵᠢ ᠮᠠᠯᠳᠠᠵᠤ ᠴᠡᠪᠠᠷᠯᠡᠭ᠍ᠰᠡᠨ ᠂ ᠦᠨᠡᠨ ᠬᠤᠳᠠᠯ ᠢ ᠵᠢᠭᠤᠷᠠᠯᠳᠤᠭᠤᠯᠤᠭᠰᠠᠨ᠂ ᠦᠷ᠎ᠡ ᠭᠡᠦᠭᠡᠤᠨ ᠨᠢ ᠠᠪᠣ ᠡᠵᠢ ᠡᠴᠡ ᠪᠠᠨ ᠠᠩᠭᠢᠵᠢᠷᠠᠭᠰᠠᠨ ᠂ 《ᠬᠤᠪᠢᠰᠬᠠᠯ ᠤᠨ ᠭᠠᠯ ᠣᠯᠠᠭᠠᠨ ᠵᠠᠯᠭᠠᠮᠵᠢᠯᠠᠭᠴᠢ》‍ ᠶᠢ ᠭᠠᠷᠤᠯ ᠳᠡᠦᠭᠡ ᠪᠠᠷ ᠨᠢ ᠵᠤᠷᠢᠭᠵᠢᠭᠤᠯᠤᠭᠰᠠᠨ ᠂ 《ᠱᠤᠭᠤᠮ ᠤᠨ ᠭᠦᠮᠦᠵᠢᠯ 》 ᠦᠨ ᠭᠦᠳᠡᠯᠭᠡᠭᠡᠨ ᠳᠤ ᠰᠢᠳᠤᠷᠭᠤ ᠵᠢᠦᠡᠭᠦᠭ᠍ᠰᠡᠨ ᠴᠠᠭ ᠦᠶ᠎ᠡ ᠪᠠᠢ᠌ᠯ᠎ᠠ ︕ ᠪᠢ ᠪᠠᠭ᠎ᠠ ᠰᠤᠷᠭᠠᠭᠤᠯᠢ ᠪᠠᠨ ᠳᠡᠭᠦᠰᠭᠡᠴᠢᠭᠡᠤᠨ ᠪᠠᠶᠠᠨ ᠮᠠᠯᠴᠢᠨ ᠤ ᠦᠷ᠎ᠡ ᠭᠡᠦᠭᠡᠤᠨ ᠴᠢᠨ᠋ᠸ᠎ᠠ ᠶᠢᠨ ᠪᠠᠯᠳᠡᠷᠡᠭᠡ ᠶᠢ ᠴᠤ ᠭᠦᠷᠭᠦ ᠦᠭᠡᠶ ᠪᠣᠯᠵᠤ ᠰᠤᠶᠤᠯ ᠪᠢᠴᠢᠭ᠌ ᠡᠴᠡ ᠬᠤᠴᠤᠷᠤᠨ ᠭᠦᠳᠡᠭᠡ ᠶᠢᠨ ᠭᠦᠷᠦᠰᠤᠨ ᠳᠤ ᠭᠦᠳᠦᠰᠤᠨ ᠳᠠᠪᠠᠯ ᠳᠡᠭᠡᠨ ᠠᠯᠢᠪᠠ ᠪᠠᠨ ᠨᠢᠭᠤᠵᠤ ᠶᠠᠪᠣᠭᠰᠠᠨ ᠶᠤᠮ ᠃ ᠪᠠᠶᠠᠨ ᠮᠠᠯᠴᠢᠨ ᠤ ᠪᠠᠯᠴᠢᠷ ᠭᠦᠪᠠᠭᠦᠨ ᠳᠤ ᠬᠠᠨᠠᠭᠠᠷ ᠳᠠᠯ᠎ᠠ ᠶᠢᠨ ᠥᠩᠭᠡ ᠦᠵᠡᠮᠵᠢ ᠂ ᠬᠠᠯᠭᠢᠭᠰᠠᠨ ᠠᠭᠳᠠ ᠶᠢᠨ ᠰᠦᠷ ᠰᠦᠯᠳᠡ ᠂ ᠬᠠᠮᠳᠤ ᠶᠢᠨ ᠰᠥᠷᠦᠭ᠌ ᠤᠨ ᠴᠠᠭᠠᠨ ᠳᠤᠭᠤᠰᠤ ᠠᠯᠢᠪᠠ ᠣᠢ᠌ᠤᠠᠬᠠᠷ ᠪᠣᠳᠤᠯ ᠢ ᠭᠡᠢ᠌ᠰᠭᠡᠨ ᠠᠷᠢᠯᠭᠠᠵᠤ ᠂ ᠰᠤᠷᠭᠠᠭᠤᠯᠢ ᠰᠤᠶᠤᠯ ᠤᠨ ᠮᠦᠷ ᠡᠴᠡ ᠠᠶᠠᠷᠯᠠᠨ ᠰᠠᠯᠤᠭᠠᠤᠨ ᠡᠷ᠎ᠡ ᠪᠣᠯᠬᠤ ᠶᠢᠨ ᠣᠬᠠᠭᠠᠨ ᠳᠡᠭ᠍ᠰᠢᠷᠡᠵᠤ ᠪᠢᠯᠠ ᠃

ᠭᠦᠳᠡᠭᠡ ᠶᠢᠨ ᠠᠭᠤᠳᠠᠮ ᠴᠡᠩᠭᠡᠷ ᠳᠠᠯ᠎ᠠ ᠨᠤᠳᠤᠭ ᠲᠤ ᠡᠢ᠌ᠮᠦᠷᠭᠦ ᠴᠤᠭᠯᠠᠭᠠᠨ ᠪᠣᠯᠵᠤ ᠬᠤᠶᠠᠷ ᠬᠤᠰᠢᠭᠤᠨ ᠤ ᠳᠠᠨᠢᠬᠤ ᠂ ᠳᠠᠨᠢᠬᠤ ᠦᠭᠡᠶ ᠭᠦᠮᠦᠰ ᠣᠨᠤᠭ᠎ᠠ ᠮᠠᠯ ᠲᠡᠶ ᠪᠠᠨ ᠣᠢ᠌ᠮᠠᠯᠳᠤᠨ ᠱᠤᠤᠭᠢᠬᠤ ᠭᠡᠭ᠍ᠴᠢ ᠵᠠᠯᠠᠭᠤ ᠪᠠᠭᠠᠴᠤᠳ ᠤᠨ ᠬᠤᠷᠤᠬᠠᠢ ᠪᠣᠴᠠᠯᠭᠠᠭᠰᠠᠨ ᠣᠯᠳᠠᠰᠢ ᠦᠭᠡᠶ ᠵᠠᠪᠰᠢᠶᠠᠨ ᠂ ᠵᠠᠶᠠᠭ᠎ᠠ ᠪᠠᠷ ᠵᠠᠮ ᠳᠠᠭᠠᠷᠠᠭᠰᠠᠨ ᠪᠦᠰᠡᠳᠡᠢ ᠂ ᠪᠦᠰᠡᠭᠦᠢ᠌ᠴᠦᠳ ᠤᠨ ᠬᠤᠪᠣᠷᠬᠠᠨ ᠣᠯᠵᠠ ᠣᠯᠬᠤ ᠣᠷᠴᠢᠯᠠᠩ ᠪᠠᠢ᠌ᠯ᠎ᠠ ︕ ᠳᠠᠪᠭᠢ ᠶᠢᠨ ᠭᠤᠤᠯ ᠭᠡᠭ᠍ᠴᠢ ᠵᠠᠭᠤᠨ ᠠᠷᠭᠠᠮᠵᠢ ᠶᠢᠨ ᠬᠠᠭᠤᠷᠠᠢ ᠡᠯᠡᠰᠤᠨ ᠭᠤᠤᠯ ᠪᠠᠢ᠌ᠵᠤ ᠡᠷᠭᠢ ᠡᠴᠡ ᠪᠠᠨ ᠴᠠᠭᠠᠰᠢ ᠪᠣᠳᠠ ᠰᠤᠬᠠᠢ ᠱᠠᠭᠰᠢᠭ ᠡᠪᠠᠰᠤ ᠢᠭᠴᠤᠷᠠᠨ ᠣᠷᠭᠤᠭᠰᠠᠨ ᠣᠢ ᠰᠢᠭᠤᠢ ᠂ ᠬᠤᠶᠠᠷ ᠭᠦᠮᠤᠨ ᠣᠷᠤᠪᠠᠯ ᠨᠢᠭᠡ ᠨᠢᠭᠡᠨ ᠶᠢᠡᠨ ᠭᠡᠭᠡᠴᠢᠭᠡᠮᠡᠷ ᠪᠣᠢ᠌ᠳᠠ ᠪᠦᠭ᠍ᠯᠡᠭᠦᠤ ᠪᠠᠢ᠌ᠭᠠᠯᠢ ᠪᠠᠢ᠌ᠭᠰᠠᠨ ᠶᠤᠮ ᠃ ᠭᠦᠮᠤᠨ ᠭᠦᠮᠤᠨ ᠲᠡᠶ ᠪᠠᠨ ᠢᠵᠢᠯᠢᠳᠡᠭᠦ ᠭᠡᠭ᠍ᠴᠢ ᠶᠠᠮᠠᠷᠬᠠᠨ ᠬᠤᠷᠳᠤᠨ ᠪᠠᠢ᠌ᠳᠠᠭ ᠶᠤᠮ ᠪᠣᠢ ︕ ᠬᠤᠶᠠᠷ ᠡᠳᠦᠷ ᠤᠨ ᠠᠵᠢᠯ ᠭᠦᠳᠡᠯᠮᠦᠷᠢ ᠂ ᠠᠮᠠᠷᠠᠯᠳᠠ ᠶᠢᠨ ᠨᠠᠭᠠᠳᠤᠮ ᠳᠤᠭᠯᠠᠭᠠᠮ ᠶᠢᠡᠷ ᠳᠠᠮᠵᠢᠵᠤ ᠬᠤᠶᠠᠷ ᠬᠤᠰᠢᠭᠤᠨ ᠤ ᠭᠦᠭ᠍ᠰᠢᠨ ᠵᠠᠯᠠᠭᠤ ᠦᠭᠡᠶ ᠭᠦᠨ ᠨᠥᠭᠦᠷᠯᠡᠯ ᠤᠨ ᠨᠡᠯᠦᠭᠡᠷ ᠳᠠᠯᠠᠢ ᠳᠤ ᠱᠤᠩᠪᠠᠵᠤ ᠪᠢᠯᠠ ︕ ᠨᠠᠳᠠ ᠡᠴᠡ ᠠᠬ᠎ᠠ ᠨᠤᠳᠤᠭ ᠤᠨ ᠮᠠᠨᠢ ᠭᠡᠳᠤᠨ ᠡᠷᠡᠴᠦᠳ ᠵᠡᠭᠦᠨ ᠬᠤᠰᠢᠭᠤᠨ ᠤ ᠮᠢᠬᠠᠯᠢᠭ ᠮᠠᠷᠮᠠᠬᠠᠨ ᠭᠡᠦᠭᠡᠡᠴᠦᠳ ᠢ ᠭᠡᠳᠥᠢ᠌ᠨ ᠳᠠᠨᠢᠵᠤ ᠂ ᠬᠠᠢ᠌ᠷ᠎ᠠ ᠰᠤᠨᠭᠢᠯᠭᠡ ᠪᠠᠨ ᠬᠠᠷᠠᠮ ᠦᠭᠡᠶ ᠰᠤᠯᠢᠯᠴᠠᠬᠤ ᠰᠢᠪᠠᠨᠡᠭᠡ ᠨᠢ ᠵᠡᠭᠦᠤ ᠣᠳᠠᠰᠤ ᠰᠥᠪᠠᠯᠡᠭᠦ ᠰᠢᠭ᠌ ᠡᠶᠡᠯᠳᠡᠭ᠌ ᠪᠣᠯᠵᠤ ᠵᠢᠷᠦᠭᠡ ᠵᠢᠷᠦᠭᠡ ᠪᠠᠨ ᠴᠢᠩᠨᠠᠵᠤ ᠪᠠᠯ ᠪᠣᠷᠠᠮ ᠤᠨ ᠠᠮᠳᠠ ᠶᠢ ᠭᠡᠯᠡ ᠪᠠᠷ ᠪᠢᠰᠢ ᠰᠢᠪᠠᠨᠡᠭᠡ ᠪᠠᠷ ᠶᠢᠡᠨ ᠰᠢᠮᠠᠨ ᠵᠠᠯᠭᠢᠯᠠᠵᠤ ᠂ ᠢᠴᠢᠵᠤ ᠰᠢᠷᠪᠠᠭᠡᠳᠡᠭ᠍ᠰᠡᠨ ᠬᠠᠢ᠌ᠷ᠎ᠠ ᠨᠢ ᠰᠠᠷᠠᠨ ᠤ ᠳᠤᠶᠠᠭᠠᠨ ᠳᠤ ᠵᠠᠩᠭᠢᠷᠠᠨ ᠂ ᠰᠠᠳᠠᠷᠠᠵᠤ ᠥᠶᠡᠷᠯᠡᠭ᠍ᠰᠡᠨ ᠳᠤᠷᠠᠯᠠᠯ ᠨᠢ ᠳᠠᠪᠭᠢ ᠶᠢᠨ ᠭᠤᠤᠯ ᠤᠨ ᠬᠠᠭᠤᠷᠠᠢ ᠭᠦᠭᠡ ᠰᠠᠢ ᠣᠷᠤᠭᠤ ᠰᠤᠪᠣᠤᠨ ᠰᠢᠭ ᠠᠰᠬᠠᠷᠠᠨ᠎ᠠ ᠃

ᠪᠢ ᠴᠤ ᠡᠷ᠎ᠡ ᠶᠢᠨ ᠰᠢᠩᠰᠢ ᠵᠢᠪᠠᠷᠯᠠᠵᠤ ᠡᠡᠭ᠌ ᠰᠠᠴᠠᠭᠤ ᠨᠠᠰᠤ ᠲᠡᠶ ᠱᠢᠯᠠ ᠭᠡᠭ᠍ᠴᠢ ᠣᠷᠳᠤ ᠰᠠᠢ᠌ᠬᠠᠨ ᠭᠡᠵᠢᠭᠡ ᠨᠢ ᠨᠢᠷᠤᠭᠤ ᠶᠢᠨ ᠳᠤᠮᠳᠠ ᠪᠠᠨ ᠥᠶᠡᠯᠡᠭ᠍ᠰᠡᠨ ᠂ ᠭᠦᠷᠡᠩ ᠣᠯᠠᠭᠠᠨ ᠴᠢᠷᠠᠢ ᠳᠡᠭᠠᠨ ᠭᠡᠵᠢᠶᠡᠳᠡ ᠢᠨᠢᠶᠡᠮᠰᠦᠭᠯᠡᠯ ᠳᠤᠳᠤᠷᠠᠭᠤᠯᠤᠭᠰᠠᠨ ᠭᠡᠦᠭᠡᠨ ᠲᠡᠶ ᠳᠠᠨᠢᠯᠴᠠᠵᠤ ᠠᠴᠢᠶ᠎ᠠ ᠲᠡᠶ ᠳᠡᠮᠡᠭᠡ ᠭᠦᠳᠦᠯᠤᠨ ᠳᠠᠭᠠᠷᠠᠯᠳᠤᠵᠤ ᠶᠠᠪᠣᠭᠰᠠᠨ ᠶᠤᠮ ᠃ ᠰᠠᠤᠠᠭᠢᠯ ᠳᠤ ᠰᠢᠷᠠᠵᠤ ᠳᠠᠯᠪᠢᠭᠰᠠᠨ ᠵᠡᠭᠦᠨ ᠬᠤᠰᠢᠭᠤᠨ ᠤ ᠭᠡᠦᠭᠡᠡᠴᠦᠳ ᠡᠴᠡ ᠥᠷᠭᠦᠯᠵᠢ ᠢᠨᠢᠶᠠᠵᠤ ᠴᠠᠭᠢᠭᠤᠷ ᠴᠠᠭᠠᠨ ᠰᠢᠳᠤ ᠪᠠᠨ ᠢᠷᠠᠯᠵᠠᠭᠤᠯᠵᠤ ᠶᠠᠪᠣᠳᠠᠭ ᠽᠤᠮᠤᠤ ᠡᠭᠡᠴᠢ ᠂ ᠪᠠᠶᠠᠰᠬᠤ ᠭᠤᠮᠤᠳᠠᠬᠤ ᠨᠢ ᠠᠮᠠᠷᠬᠠᠨ ᠪᠠᠢ᠌ᠳᠠᠭ ᠱᠢᠮᠤᠤ ᠭᠡᠦᠭᠡᠨ ᠂ ᠴᠡᠷᠢᠭ᠌ ᠰᠢᠭ᠌ ᠬᠤᠪᠴᠠᠰᠤ ᠲᠡᠶ ᠴᠠᠴᠠᠨ ᠭᠡᠯᠡᠨ ᠳᠡᠭᠡᠨ ᠢᠨᠢᠶᠠᠳᠤ ᠣᠶᠤᠭᠰᠠᠨ ᠴᠡᠴᠡᠭ᠌ ᠭᠡᠦᠭᠡᠨ ᠂ ᠳᠠᠭᠤᠤ ᠰᠠᠢ᠌ᠬᠠᠨ ᠳᠠᠭᠤᠯᠠᠵᠤ ᠥᠭᠡ ᠰᠠᠢ᠌ᠬᠠᠨ ᠶᠠᠷᠢᠳᠠᠭ ᠣᠰᠬᠠᠯ ᠴᠤᠬᠤᠷ ᠨᠢᠳᠤ ᠲᠡᠶ ᠳ᠋ᠠᠰᠢᠳᠤᠯᠮ᠎ᠠ ᠭᠡᠦᠭᠡᠨ ᠂ ᠰᠡᠷᠭᠦᠯᠡᠩ ᠵᠠᠩ ᠲᠡᠶ ᠰᠠᠳᠠᠷ ᠣᠬᠠᠭᠠᠨ ᠲᠡᠶ ᠰᠠᠷᠠᠨ᠎ᠠ ᠭᠡᠦᠭᠡᠨ ᠁ ᠨᠤᠭᠦᠳ ᠪᠠᠢ᠌ᠯᠴᠠᠯ᠎ᠠ ᠃ ᠪᠠᠰᠠ ᠴᠤ ᠢᠷᠭᠤᠢ ᠰᠠᠢ᠌ᠬᠠᠨ ᠳᠠᠭᠤ ᠬᠤᠭᠤᠯᠠᠢ ᠲᠡᠶ ᠳᠠᠩᠰᠤᠭ ᠰᠠᠢ᠌ᠬᠠᠨ ᠦᠨᠦᠷ ᠳᠠᠨᠤᠷ ᠶᠢᠡᠨ ᠬᠠᠩᠬᠤᠯᠤᠭᠤᠯᠤᠭᠰᠠᠨ ᠭᠤᠶᠤ ᠴᠡᠮᠴᠡᠭᠡᠷ ᠪᠦᠰᠡᠭᠦᠢ᠌ᠴᠦᠳ ᠴᠤ ᠣᠯᠠᠨ ᠣᠯᠠᠨ ᠪᠠᠢ᠌ᠯᠴᠠᠯ᠎ᠠ ᠃ ᠪᠢ ᠳᠠᠳᠠ ᠨᠡᠷ ᠢ ᠡᠭᠡᠴᠢ ᠳᠠᠭᠤᠳᠠᠵᠤ ᠠᠪᠣᠭᠠᠢ᠌ᠯᠠᠬᠤ ᠳᠤ ᠳᠠᠳᠠ ᠨᠠᠮᠠᠶ᠋ᠢ ᠳᠡᠭᠦᠤ ᠪᠠᠨ ᠭᠡᠵᠤ ᠥᠭᠦᠭᠡᠷᠳᠡᠨ ᠬᠠᠢ᠌ᠷᠠᠯᠠᠵᠤ ᠂ ᠳᠡᠨᠡᠭ᠌ ᠠᠮᠢᠳᠠᠨ ᠬᠤᠷᠳᠤᠨ ᠡᠷ᠎ᠡ ᠪᠣᠯ ᠭᠡᠭᠦ ᠰᠢᠭ᠌ ᠠᠷᠢᠭᠤᠨ ᠰᠠᠢ᠌ᠬᠠᠨ ᠰᠠᠤᠠᠭᠢᠯ ᠵᠢᠷᠦᠭᠡᠨ ᠡᠴᠡ ᠪᠠᠨ ᠢᠯᠡᠭᠦᠤ ᠣᠯᠵᠠᠷᠬᠠᠭᠰᠠᠨ ᠥᠯᠢᠭᠡᠷ ᠳᠤᠮᠤᠭ ᠰᠢᠤᠬᠠᠨ ᠶᠠᠭᠤᠮ᠎ᠠ ᠪᠠᠨ ᠶᠠᠷᠢᠵᠤ ᠂ ᠵᠢᠭᠠᠬᠠᠨ ᠵᠠᠪ ᠭᠠᠷᠪᠠᠯ ᠭᠦᠵᠦᠷ ᠨᠠᠭᠠᠤᠠᠴᠤ ᠨᠠᠮᠠᠶ᠋ᠢ ᠣᠨᠠᠭᠠᠭᠠᠤᠨ ᠳᠠᠭᠤᠤ ᠳᠠᠭᠤᠯᠠᠭᠤᠯᠵᠤ ᠳᠤᠭᠯᠠᠳᠠᠭ ᠪᠠᠢ᠌ᠯ᠎ᠠ ᠃ ᠳᠠᠷᠠ ᠦᠶᠡᠰ ᠪᠦᠰᠡᠭᠦᠢ ᠭᠦᠮᠤᠨ ᠤ ᠣᠷᠢᠨ ᠵᠥᠭᠡᠯᠡᠨ ᠵᠠᠩ ᠠᠭᠠᠯᠢ ᠂ ᠠᠵᠢᠯ ᠣᠢ᠌ᠯᠠ ᠶᠢ ᠣᠢ᠌ᠯᠠᠭᠠᠵᠤ ᠂ ᠱᠢᠯᠠ ᠬᠤᠵᠢᠮ ᠪᠠᠰᠠ ᠴᠤ ᠡᠢ᠌ᠮᠤ ᠰᠠᠢ᠌ᠬᠠᠨ ᠪᠦᠰᠡᠭᠦᠢ ᠪᠠᠢ᠌ᠬᠤ ᠴᠤ ᠪᠣᠢ ᠭᠡᠵᠤ ᠵᠥᠩᠳᠡᠭᠡᠨ ᠪᠤᠳᠤᠬᠳᠡᠨ᠎ᠡ ᠃ ᠳᠠᠳᠠᠨ ᠤ ᠬᠠᠢ᠌ᠷ᠎ᠠ ᠰᠠᠤᠠᠭᠢᠯ ᠤᠨ ᠭᠦᠳᠡᠯᠭᠡᠭᠡᠨ ᠣᠬᠠᠭᠠᠨ ᠪᠣᠳᠤᠯ ᠢ ᠮᠢᠨᠢ ᠡᠪᠳᠡᠵᠤ ᠂ ᠠᠮᠤᠷᠯᠢᠩᠭ᠋ᠤᠢ ᠪᠠᠢ᠌ᠭᠰᠠᠨ ᠡᠮᠨᠡᠭ᠌ ᠪᠠᠭ᠎ᠠ ᠨᠠᠰᠤ ᠶᠢ ᠮᠢᠨᠢ ᠥᠷᠭᠦᠭᠡᠨ ᠰᠤᠴᠢᠭᠠᠪᠠ ︕ ᠪᠣᠯᠴᠢᠩ ᠰᠢᠷᠪᠣᠰᠤ ᠨᠢ ᠭᠦᠢᠴᠡᠭ᠍ᠰᠡᠨ ᠬᠤᠶᠠᠷ ᠬᠤᠰᠢᠭᠤᠨ ᠤ ᠳᠤᠮᠤ ᠡᠷᠡᠴᠦᠳ ᠢ ᠭᠠᠢ᠌ᠬᠠᠵᠤ ᠬᠤᠶᠠᠷ ᠤᠨ ᠬᠤᠭᠤᠷᠤᠠᠳᠤ ᠭᠤᠷᠪᠠ ᠶᠢᠨ ᠳᠤᠮᠳᠠ ᠬᠤᠴᠤᠷᠤᠨ᠎ᠠ ᠃

ᠴᠠᠭ ᠬᠤᠭᠤᠴᠠᠭ᠎ᠠ ᠶᠢᠨ ᠥᠩᠭᠡᠷᠡᠭᠦ ᠭᠡᠭ᠍ᠴᠢ ᠶᠠᠭᠤᠳᠠᠢ ᠬᠤᠷᠳᠤᠨ ᠠᠵᠠᠢ︕ ᠠᠷᠪᠠᠨ ᠳᠠᠪᠤᠨ ᠡᠳᠦᠷ ᠤᠨ ᠳᠡᠮᠡᠴᠡᠭᠡᠨ ᠳᠤ ᠠᠯᠠᠩ ᠪᠣᠯᠬᠤ ᠪᠣᠳᠠ ᠰᠤᠬᠠᠢ ᠪᠠᠷ ᠳᠡᠪᠢᠰᠭᠡᠷ ᠳᠠᠯᠪᠢᠭᠰᠠᠨ ᠥᠷᠭᠡᠨ ᠦᠨᠳᠦᠷ ᠬᠠᠰᠢᠯᠭ᠎ᠠ ᠪᠣᠰᠴᠤ ᠪᠣᠯᠠᠩᠭᠢᠷ ᠵᠥᠭ᠌ ᠬᠠᠠᠳᠤᠭᠰᠠᠨ ᠳᠡᠷᠭᠡ ᠣᠨᠤᠭ᠎ᠠ ᠳᠠᠯᠳᠠᠷᠠᠮ᠎ᠠ ᠰᠤᠪᠠᠭ ᠵᠥᠰᠦᠭ᠍ᠳᠡᠨ ᠬᠠᠭᠠᠷᠠᠵᠤ ᠡᠯᠡᠰᠤᠨ ᠬᠠᠮᠠᠷ ᠤᠳ ᠢ ᠳᠠᠰᠤ ᠭᠡᠷᠴᠢᠨ ᠡᠷᠭᠢ ᠭᠠᠷᠭᠠᠭᠰᠠᠨ ᠪᠠᠢ᠌ᠯ᠎ᠠ ᠃ ᠠᠵᠢᠯ ᠳᠠᠭᠤᠰᠤᠭᠰᠠᠨ ᠬᠠᠮᠤᠭ ᠰᠡᠭᠦᠯᠴᠢ ᠶᠢᠨ ᠣᠷᠤᠢ ᠬᠤᠶᠠᠷ ᠬᠤᠰᠢᠭᠤᠨ ᠤ ᠳᠠᠷᠤᠭ᠎ᠠ ᠱᠦᠵᠢ ᠠᠭᠤ ᠳᠦᠭᠦᠷᠵᠡ ᠂ ᠠᠪᠠᠷᠢ ᠫᠠᠯᠠᠩ ᠂ ᠠᠬ᠎ᠠ ᠫᠧᠯᠵᠢ ᠨᠡᠷ ᠣᠯᠠᠨ ᠲᠡᠶ ᠪᠠᠨ ᠵᠦᠪᠳᠠᠯᠴᠠᠵᠤ ᠠᠵᠢᠯ ᠤᠨ ᠠᠮᠵᠢᠯᠳᠠ ᠪᠦᠳᠦᠭᠡᠯ ᠶᠢᠡᠨ ᠳ᠋ᠦ᠋ᠩᠨᠠᠨ ᠬᠠᠢ᠌ᠷ᠎ᠠ ᠳᠠᠯᠠᠷᠬᠠᠯ ᠶᠢᠡᠨ ᠰᠤᠯᠢᠯᠴᠠᠵᠤ ᠂ ᠳᠠᠭᠤᠤ ᠪᠦᠵᠢᠭ᠌ ᠤᠨ ᠣᠷᠤᠯᠳᠤᠭᠠᠨ ᠲᠡᠶ ᠨᠠᠢ᠌ᠷ ᠪᠣᠯᠪᠠ ᠃ ᠨᠠᠰᠤᠳᠠᠢ᠌ᠴᠤᠳ ᠠᠷᠢᠭᠢ ᠶᠠᠷᠢᠶᠠᠨ ᠳᠠᠭᠠᠨ ᠰᠤᠭᠳᠤᠭᠤᠷᠠᠵᠤ ᠳᠤᠮᠤᠭ ᠳᠡᠦᠭᠡ ᠪᠠᠨ ᠡᠬᠦᠰᠬᠡᠵᠤ ᠭᠦᠭᠡ ᠵᠠᠭ ᠤᠨ ᠴᠤᠭ ᠮᠠᠨᠠᠨ᠎ᠠ ᠃ ᠵᠠᠯᠠᠭᠤ ᠢᠳᠠᠷᠴᠤᠳ ᠤᠨ ᠭᠦᠭᠡᠷᠡᠵᠤ ᠭᠦᠪᠦᠯᠵᠡᠭ᠍ᠰᠡᠨ ᠬᠠᠢ᠌ᠷ᠎ᠠ ᠰᠤᠨᠭᠢᠯᠭᠡ ᠶᠢᠨ ᠰᠢᠪᠠᠨᠡᠭᠡ ᠴᠡᠩᠭᠡᠷ ᠳᠡᠭ᠍ᠷᠢ ᠳᠤ ᠴᠠᠯᠭᠢᠯᠠᠵᠤ ᠂ ᠳᠠᠯ᠎ᠠ ᠶᠢᠨ ᠰᠠᠯᠭᠢ ᠪᠠᠷ ᠢᠰᠭᠢᠷᠡᠭᠦᠯᠤᠨ ᠳᠠᠩᠨᠠᠢ ᠶᠢᠨ ᠰᠤᠳᠠᠯ ᠡᠴᠡ ᠨᠢ ᠬᠠᠢ᠌ᠷ᠎ᠠ ᠰᠢᠭᠦᠷᠡᠨ᠎ᠡ᠃ ᠰᠠᠯᠵᠤ ᠶᠠᠳᠠᠭᠰᠠᠨ ᠬᠠᠢ᠌ᠷ᠎ᠠ ᠶᠢᠨ ᠰᠢᠪᠠᠨᠡᠭᠡ ᠳᠠᠪᠭᠢ ᠶᠢᠨ ᠭᠤᠤᠯ ᠶᠢᠡᠷ ᠳᠠᠯᠪᠠᠵᠤ ᠣᠷᠤᠰᠤᠭᠠᠤᠨ ᠪᠣᠯᠵᠤᠭᠠᠨ ᠤ ᠬᠠᠰᠢᠯᠭ᠎ᠠ ᠳᠤ ᠳᠤᠯᠵᠤ ᠳᠤᠨᠤᠨ᠎ᠠ ᠃ ᠪᠠᠭᠠᠴᠤᠳ ᠭᠡᠦᠭᠡᠤᠨ ᠰᠠᠷᠠᠨ ᠤ ᠳᠤᠶᠠᠭᠠᠨ ᠳᠤ ᠠᠯᠴᠢᠭᠤᠷ ᠬᠠᠶᠠᠵᠤ ᠳᠠᠭᠤᠤ ᠠᠶᠠᠯᠠᠭᠤᠯᠵᠤ ᠪᠠᠢ᠌ᠭᠠᠤᠨ ᠬᠠᠷ᠎ᠠ ᠨᠣᠢ᠌ᠷ ᠶᠢᠡᠷ ᠶᠢᠡᠨ ᠨᠠᠮ ᠴᠤᠭᠢᠭᠤᠯᠵᠤ ᠣᠠᠳᠠᠵᠤ ᠬᠤᠴᠤᠷᠤᠨ᠎ᠠ ᠃ ᠮᠠᠷᠭᠠᠰᠢ ᠥᠷᠯᠦᠭᠡ ᠨᠢ ᠨᠢᠳᠤ ᠠᠨᠢᠭᠰᠠᠨ ᠦᠭᠡᠶ ᠬᠤᠨᠤᠭᠰᠠᠨ ᠠᠷᠢᠭᠢ ᠂ ᠬᠠᠢ᠌ᠷ᠎ᠠ ᠂ ᠵᠡᠭᠦᠳᠤ ᠭᠤᠷᠪᠠ ᠪᠠᠷ ᠭᠡᠯᠭᠢᠯᠳᠦᠭ᠍ᠰᠡᠨ ᠭᠦᠭ᠍ᠰᠢᠨ ᠵᠠᠯᠠᠭᠤ ᠪᠠᠭᠠᠴᠤᠳ ᠪᠠᠷᠠᠭ᠎ᠠ ᠶᠡᠭᠦᠢ ᠪᠠᠨ ᠳᠢᠭᠯᠡᠨ ᠭᠡᠷ ᠮᠠᠢ᠌ᠬᠠᠨ ᠶᠢᠡᠨ ᠪᠠᠭᠤᠯᠭᠠᠵᠤ ᠣᠨᠤᠭ᠎ᠠ ᠮᠠᠯ ᠶᠢᠡᠨ ᠬᠤᠰᠢᠯᠠᠵᠤ ᠳᠤᠬᠤᠭᠠᠤᠨ ᠬᠤᠶᠠᠷ ᠵᠥᠭ᠌ ᠰᠠᠯᠤᠨ ᠮᠤᠷᠳᠠᠬᠤ ᠪᠣᠯᠤᠯ᠎ᠠ ᠃

ᠳᠠᠪᠭᠢ ᠶᠢᠨ ᠭᠤᠤᠯ ᠬᠠᠢ᠌ᠷ᠎ᠠ ᠪᠠᠷ ᠦᠶᠡᠷᠯᠠᠵᠤ ᠂ ᠳᠡᠮᠡᠭᠡᠨ ᠤ ᠪᠦᠭᠦᠭ ᠰᠢᠭ᠌ ᠵᠠᠮ ᠰᠠᠯᠠᠭᠠᠯᠠᠬᠤ ᠣᠴᠢᠷ ᠲᠤ ᠪᠠᠷᠢᠭᠳᠠᠨ ᠪᠠᠶᠠᠷ ᠭᠤᠮᠤᠳᠠᠯ ᠂ ᠣᠢ᠌ᠤᠠᠬᠠᠷ ᠵᠤᠪᠠᠨᠢᠯ ᠶᠢᠡᠨ ᠳᠠᠠᠳᠠ ᠬᠤᠴᠤᠷᠭᠠᠭᠠᠤᠨ ᠪᠦᠯᠦᠭ᠌ ᠪᠦᠯᠦᠭ᠌ ᠶᠢᠡᠷ ᠳᠠᠰᠤᠷᠠᠨ ᠳᠠᠨᠢᠯ ᠳᠠᠰᠤᠯ ᠳᠠᠩᠨᠠᠢ ᠶᠢᠨ ᠰᠤᠳᠠᠯ ᠶᠢᠡᠨ ᠰᠠᠯᠭᠠᠵᠤ ᠬᠤᠰᠢᠭᠤ ᠨᠤᠳᠤᠭ ᠤᠨ ᠶᠢᠡᠨ ᠵᠥᠭ᠌ ᠠᠶᠠᠷᠯᠠᠨ ᠤᠳᠤᠨ᠎ᠡ︕ ᠡᠨᠡ ᠊ᠭ᠍ᠱᠡᠨ ᠳᠤ ᠽᠤᠮᠤᠤ ᠡᠭᠡᠴᠢ ᠢᠷᠠᠵᠤ ᠬᠠᠴᠠᠷ ᠡᠴᠡ ᠮᠢᠨᠢ ᠣᠷᠤᠮ ᠭᠠᠷᠳᠠᠯ᠎ᠠ ᠥᠨᠦᠰᠴᠢᠭᠡᠤᠨ 《ᠬᠤᠵᠢᠮ ᠮᠠᠨ ᠤ ᠨᠤᠳᠤᠭ ᠲᠤ ᠭᠦᠷᠭᠡᠨ ᠪᠣᠯᠬᠤ ᠪᠠᠷ ᠢᠷ᠎ᠠ》 ᠭᠡᠵᠤ ᠵᠡᠭᠦᠳᠤᠨ ᠳᠤ ᠦᠭᠡᠶ ᠥᠭᠡ ᠂ ᠵᠢᠷᠦᠭᠡᠨ ᠳᠤ ᠦᠭᠡᠶ ᠦᠨᠦᠰᠤᠯᠳᠠ ᠪᠠᠨ ᠥᠯᠡᠳᠡᠭᠡᠭᠡᠤᠨ ᠳᠡᠮᠡᠭᠡᠨ ᠳᠡᠭᠡᠨ ᠮᠤᠷᠳᠠᠵᠤ ᠡᠷᠭᠢᠵᠤ ᠬᠠᠷᠠᠯ ᠦᠭᠡᠶ ᠳᠤᠭᠤᠰᠤ ᠳᠠᠳᠠᠭᠤᠯᠤᠨ ᠶᠠᠪᠣᠯ᠎ᠠ ᠃ ᠪᠢ ᠬᠣᠢ᠌ᠨ᠎ᠠ ᠡᠴᠡ ᠨᠢ ᠡᠭᠡᠴᠢ ᠡ ︕ ᠭᠦᠯᠢᠶᠡᠵᠤ ᠪᠠᠢ ᠭᠡᠤᠨ ᠭᠦᠶ‍ᠦᠯᠭᠡᠮᠡᠷ ᠪᠣᠯᠤᠭᠰᠠᠨ ᠴᠤ ᠶᠠᠮᠠᠷ ᠠᠷᠭ᠎ᠠ ᠪᠢᠯᠠ ︕ ᠦᠪᠡᠷ ᠤᠨ ᠡᠷᠭᠡ ᠦᠭᠡᠶ ᠳᠡᠮᠡᠭᠡᠨ ᠤ ᠪᠠᠨᠬᠠᠮᠠᠷ ᠢ ᠳᠠᠳᠠᠨ ᠡᠷᠭᠢᠭᠦᠯᠵᠤ ᠣᠯᠠᠨ ᠤ ᠪᠠᠨ ᠠᠷᠤ ᠡᠴᠡ ᠵᠠᠬ᠎ᠠ ᠦᠭᠡᠶ ᠪᠣᠳᠤᠯ ᠂ ᠪᠣᠢ᠌ᠵᠢᠭ᠎ᠠ ᠦᠭᠡᠶ ᠣᠬᠠᠭᠠᠨ ᠳᠠᠭᠠᠨ ᠪᠠᠯᠠᠷᠠᠵᠤ ᠰᠡᠭᠡᠯᠡᠭᠦᠯᠦᠨ᠎ᠡ ᠃ ᠪᠠᠷᠤᠭᠯᠠᠪᠠᠯ ᠽᠤᠮᠤᠤ ᠡᠭᠡᠴᠢ ᠪᠠᠯᠰᠠᠩ ᠠᠬ᠎ᠠ ᠳᠤ ᠥᠯᠡᠳᠡᠭᠡᠭᠦ ᠬᠠᠢ᠌ᠷ᠎ᠠ ᠶᠢᠨ ᠦᠨᠦᠰᠤᠯᠳᠠ ᠪᠠᠨ ᠮᠢᠨᠤ ᠬᠠᠴᠠᠷ ᠳᠡᠭᠡᠷ᠎ᠡ ᠳᠠᠮᠠᠭᠠᠯᠠᠭᠰᠠᠨ ᠪᠠᠢ᠌ᠬ᠎ᠠ ︕

ᠨᠤᠳᠤᠭ ᠤᠨ ᠮᠢᠨᠢ ᠢᠷᠭᠤᠢ ᠰᠠᠢ᠌ᠬᠠᠨ ᠬᠠᠪᠣᠷ ᠣᠢ ᠲᠦᠮᠡᠨ ᠪᠣᠳᠠᠰ ᠢ ᠦᠯᠢᠶᠠᠨ ᠰᠡᠷᠭᠦᠭᠡᠵᠤ ᠴᠡᠩᠭᠡᠷ ᠳᠤᠷᠭᠠᠨ ᠣᠨᠢᠶᠠᠷ ᠳᠠᠯ᠎ᠠ ᠶᠢ ᠵᠦᠰᠤᠨ ᠵᠢᠷᠢᠯᠵᠡᠭᠦ ᠳᠤ ᠳᠠᠪᠭᠢ ᠶᠢᠨ ᠭᠤᠤᠯ ᠤᠨ ᠣᠯᠠᠭᠠᠨ ᠦᠶᠡᠷ ᠳᠡᠮᠡᠭᠡᠨ ᠰᠥᠷᠦᠭ᠌ ᠪᠦᠭᠦᠯᠡᠭᠦ ᠰᠢᠭ᠌ ᠣᠪᠣᠯᠵᠠᠨ ᠳᠠᠪᠠᠯᠠᠭᠠᠯᠠᠵᠤ ᠳᠤᠪᠣᠩ ᠳᠤᠯᠤᠭᠠᠢ ᠂ ᠳᠠᠷᠠᠰᠤ ᠬᠤᠯᠤᠰᠤ ᠶᠢ ᠬᠤᠭᠤᠴᠠᠨ ᠳᠡᠭ᠍ᠰᠢᠯᠡᠵᠤ ᠦᠬᠢᠷᠠᠵᠤ ᠭᠠᠩᠳᠠᠭᠰᠠᠨ ᠬᠠᠭᠤᠷᠠᠢ ᠭᠦᠷᠦᠰᠤ ᠰᠢᠷ᠎ᠠ ᠳᠠᠯ᠎ᠠ ᠶᠢ ᠪᠦᠷᠭᠦᠨ ᠣᠷᠤᠰᠴᠤ ᠭᠦᠷᠳᠤ ᠶᠢᠨ ᠭᠦᠳᠡᠭᠡ ᠂ ᠵᠠᠯ᠎ᠠ ᠪᠣᠳᠠ ᠂ ᠬᠤᠤᠠᠳᠤᠭ ᠨᠠᠮᠤᠭ᠎ᠠ ᠂ ᠪᠠᠭ᠎ᠠ ᠰᠠᠢ᠌ᠷ ᠂ ᠬᠠᠷ᠎ᠠ ᠮᠤᠷᠢᠨ ᠤ ᠭᠦᠯ ᠂ ᠭᠦᠭᠡ ᠬᠤᠯᠤᠰᠤᠨ ᠵᠡᠷᠭᠡ ᠭᠠᠵᠠᠷ ᠣᠷᠤᠨ ᠢ ᠦᠪᠴᠢ ᠣᠰᠤᠯᠠᠵᠤ ᠭᠦᠯ ᠦᠭᠡᠶ ᠳᠠᠯᠠᠢ ᠪᠣᠯᠭᠠᠪᠠ ᠃ ᠪᠣᠯᠠᠩᠭᠢᠷ ᠤᠨ ᠠᠷᠠᠤᠨ ᠲᠦᠮᠡᠨ ᠴᠤ ᠰᠠᠨᠠᠭᠠᠨ ᠳᠠᠭᠠᠨ ᠭᠦᠷᠴᠤ ᠂ ᠪᠣᠶᠠᠨ ᠶᠢᠡᠨ ᠳᠠᠷᠠᠯᠠᠵᠤ ᠂ ᠪᠣᠬ᠎ᠠ ᠨᠢ ᠳᠤᠭᠤᠯᠯᠠᠭᠠᠤᠨ ᠭᠠᠩᠳᠠᠵᠤ ᠬᠠᠳᠠᠭᠰᠠᠨ ᠭᠠᠵᠠᠷ ᠤᠨ ᠭᠦᠷᠦᠰᠤ ᠰᠢᠷᠤᠢ ᠂ ᠡᠪᠠᠰᠤ ᠣᠷᠭᠤᠮᠠᠯ ᠣᠮᠳᠠ ᠪᠠᠨ ᠣᠯᠵᠤ ᠂ ᠦᠨᠳᠦᠰᠦ ᠪᠠᠨ ᠰᠤᠩᠭ᠋ᠠᠬᠤ ᠳᠤ ᠭᠦᠷᠵᠡ ᠬᠤᠵᠢᠷ ᠭᠦᠯ ᠠᠯᠳᠠᠵᠤ ᠳᠤᠭᠤᠭᠳᠠᠵᠤ ᠠᠷᠢᠯᠪᠠ ᠃ ᠵᠡᠭᠦᠨ ᠬᠤᠰᠢᠭᠤᠨ ᠤ ᠬᠤᠩᠬᠠᠳᠤ ᠡᠷᠭᠢ ᠡᠴᠡ ᠣᠯᠠᠭᠠᠨ ᠪᠦᠭᠡᠷᠡᠭ᠌ ᠭᠤᠷᠪᠠᠨ ᠳᠤᠯᠤᠭᠠᠢ ᠂ ᠬᠠᠢ᠌ᠷᠠᠳᠤ ᠶᠢᠨ ᠬᠠᠯᠵᠠᠨ ᠂ ᠰᠢᠷ᠎ᠠ ᠭᠤᠤᠯ ᠂ ᠴᠠᠭᠠᠨ ᠨᠠᠮᠤᠭ᠎ᠠ ᠁ ᠵᠡᠷᠭᠡ ᠭᠠᠵᠠᠷ ᠨᠤᠳᠤᠭ ᠤᠨ ᠡᠪᠠᠰᠤ ᠳᠤᠭᠤᠰᠤ ᠦᠶᠡᠷ ᠤᠨ ᠭᠦᠯ ᠡᠴᠡ ᠵᠠᠢ᠌ᠯᠠᠵᠤ ᠂ ᠦᠷᠦᠮ᠎ᠡ ᠳᠤᠭᠳᠠᠵᠤ ᠥᠭᠡᠭᠦ ᠪᠦᠮᠪᠦᠯᠵᠡᠭ᠍ᠰᠡᠨ ᠦᠩ ᠰᠢᠮᠡᠯᠢᠭ᠌ ᠬᠤᠷᠸ᠎ᠠ ᠪᠣᠯᠪᠠ ᠃ ᠡᠨᠡᠭᠦ ᠣᠢ᠌ᠯᠠᠰ ᠪᠦᠳᠦᠭᠡᠯ ᠤᠨ ᠶᠢᠡᠨ ᠦᠷ᠎ᠡ ᠳ᠋ᠦ᠋ᠩ ᠳᠤ ᠬᠤᠶᠠᠷ ᠬᠤᠰᠢᠭᠤᠨ ᠤ ᠠᠷᠠᠤᠨ ᠮᠠᠩᠨᠠᠢ ᠳᠠᠨᠢ᠌ᠨ ᠪᠠᠶᠠᠷᠯᠠᠵᠤ ᠂ ᠠᠰᠬᠠᠷᠠᠭᠰᠠᠨ ᠭᠦᠯᠦᠰᠤ ᠠᠯᠳᠠ ᠪᠣᠯᠤᠨ ᠪᠦᠷᠢᠯᠳᠦᠵᠤ ᠂ ᠠᠯᠢᠶ᠎ᠠ ᠭᠦᠭᠡᠷᠦᠭᠦᠨ ᠦᠷ᠎ᠡ ᠬᠣᠢ᠌ᠴᠢᠰ ᠤᠨ ᠵᠠᠶᠠᠭ᠎ᠠ ᠳᠠᠪᠢᠯᠠᠩ ᠳᠡᠷᠭᠡᠯᠰᠢᠵᠤ ᠂ ᠵᠠᠬ᠎ᠠ ᠨᠢ ᠨᠡᠢ᠌ᠯᠡᠭ᠍ᠰᠡᠨ ᠳᠤᠷᠭᠠᠨ ᠨᠤᠳᠤᠭ ᠤᠨ ᠶᠢᠡᠨ ᠡᠯᠢᠭᠡᠨ ᠳᠡᠭᠡᠷ᠎ᠡ ᠵᠠᠩ ᠶᠢᠡᠨ ᠮᠡᠳᠡᠯᠴᠡᠭ᠍ᠰᠡᠨ ᠵᠠᠯᠠᠭᠤᠰ ᠤᠨ ᠬᠠᠢ᠌ᠷ᠎ᠠ ᠨᠤᠳᠤᠭ ᠬᠤᠯᠪᠤᠨ ᠰᠤᠯᠤᠩᠭ᠋ᠠᠷᠠᠵᠤ ᠂ ᠬᠤᠶᠠᠷ ᠬᠤᠰᠢᠭᠤᠨ ᠳᠤ ᠬᠤᠤᠰᠯᠠᠨ ᠨᠢᠰᠭᠦ ᠬᠤᠨ ᠤ ᠨᠡᠭᠦᠳᠡᠯ ᠴᠤ ᠣᠯᠠᠰᠢᠷᠠᠪᠠ ᠃

ᠨᠤᠳᠤᠭ ᠣᠰᠤᠨ ᠤ ᠦᠪ ᠭᠦᠷᠦᠩᠭᠡ ᠂ ᠥᠩᠭᠡ ᠦᠵᠡᠮᠵᠢ ᠵᠠᠭᠠᠭ ᠱᠤᠭᠤᠮ ᠭᠡᠭ᠍ᠴᠢ ᠣᠢ ᠣᠬᠠᠭᠠᠠᠳᠤ ᠭᠦᠮᠦᠰ ᠤᠨ ᠴᠢᠰᠤ ᠭᠦᠯᠦᠰᠤ ᠪᠠᠷ ᠪᠦᠷᠢᠯᠳᠦᠭ᠍ᠰᠡᠨ ᠪᠠᠢ᠌ᠳᠠᠭ ᠶᠤᠮ ᠪᠠᠢ᠌ᠵᠠᠢ ᠃ ᠨᠤᠳᠤᠭ ᠣᠰᠤ ᠪᠠᠨ ᠠᠮᠢ ᠭᠤᠤᠯ ᠲᠡᠶ ᠪᠠᠨ ᠬᠤᠯᠪᠣᠵᠤ ᠶᠠᠪᠣᠭᠰᠠᠨ ᠠᠬᠠᠮᠠᠤᠨ ᠳᠡᠭᠡᠳᠦᠰ ᠠᠪᠠᠷᠢ ᠫᠠᠯᠠᠩ ᠂ ᠠᠭᠤ ᠳᠦᠭᠦᠷᠵᠡ ᠂ ᠠᠬ᠎ᠠ ᠫᠧᠯᠵᠢ ᠁ ᠨᠡᠷ ᠠᠷᠠᠤᠨ ᠣᠯᠠᠨ ᠳᠠᠭᠠᠨ ᠮᠥᠩᠭᠦᠨ ᠳᠦᠷᠦᠭᠡ ᠥᠯᠡᠳᠡᠭᠡᠵᠤ ᠠᠷᠢᠭᠤᠨ ᠨᠤᠳᠤᠭ ᠤᠨ ᠶᠢᠡᠨ ᠭᠦᠷᠦᠰᠤᠨ ᠳᠤ ᠠᠯᠳᠠ ᠪᠣᠯᠤᠨ ᠰᠢᠭᠢᠳᠦᠭ᠍ᠰᠡᠨ ︕ ᠦᠪ ᠶᠢᠡᠨ ᠳᠡᠭᠡᠳᠦᠯᠡᠵᠤ ᠦᠨᠳᠦᠰᠦ ᠪᠠᠨ ᠬᠠᠢ᠌ᠬᠤ ᠳᠤ ᠳᠠᠨᠠᠷ ᠮᠢᠨᠢ ᠦᠨᠢ ᠮᠥᠩᠭᠡ ᠣᠷᠤᠰᠢᠭᠰᠠᠭᠠᠷ ︕ ᠣᠳᠤ ᠰᠤᠳᠤ ᠪᠣᠯᠤᠭᠰᠠᠨ ᠭᠠᠪᠢᠶ᠎ᠠ ᠵᠢᠦᠡᠭᠦᠯ ᠨᠢ ᠪᠠᠯᠠᠷᠠᠰᠢ ᠦᠭᠡᠶ ᠦᠪ ᠶᠢᠡᠨ ᠮᠠᠨᠠᠵᠤ ᠭᠦᠭ᠍ᠵᠢᠭ᠍ᠰᠡᠭᠡᠷ ︕


ᠬᠤᠶᠠᠷ


ᠳᠡᠭ᠍ᠷᠢ ᠰᠥᠯᠳᠡᠯᠡᠭ᠍ᠰᠡᠨ ᠨᠤᠳᠤᠭ ᠤᠨ ᠬᠠᠢ᠌ᠷ᠎ᠠ ᠳᠡᠭᠡᠷ᠎ᠡ ᠦᠰᠴᠦ ᠂ ᠠᠭᠳᠠ ᠮᠤᠷᠢᠨ ᠤ ᠢᠳᠡᠭᠡᠯ ᠶᠢᠡᠷ ᠨᠤᠳᠤᠭ ᠶᠢᠡᠨ ᠮᠠᠨᠠᠭᠰᠠᠨ ᠮᠤᠩᠭ᠋ᠤᠯ ᠲᠦᠮᠡᠨ ᠳᠤ ᠴᠡᠴᠡᠭᠡᠰ ᠤᠨ ᠦᠨᠦᠷ ᠂ ᠴᠡᠩᠭᠡᠷ ᠠᠭᠠᠷ ᠂ ᠣᠤᠭᠤᠭᠰᠠᠨ ᠣᠰᠤ ᠂ ᠣᠨᠠᠭᠰᠠᠨ ᠰᠢᠷᠤᠢ ᠂ ᠭᠦᠭᠡ ᠭᠤᠯᠤᠮᠳᠠ ᠂ ᠭᠦᠯᠪᠠᠷᠢᠭ᠍ᠰᠡᠨ ᠨᠤᠳᠤᠭ ᠨᠢ ᠯᠠ ᠠᠮᠢᠨ ᠭᠤᠤᠯ ᠤᠨ ᠭᠢᠨᠢ ᠠᠯᠳᠠ ᠪᠠᠢ᠌ᠵᠤ ᠂ ᠡᠪᠦᠭᠡ ᠳᠡᠭᠡᠳᠦᠰ ᠡᠴᠡ ᠦᠶ᠎ᠡ ᠦᠶ᠎ᠡ ᠥᠯᠡᠳᠡᠭᠡᠵᠤ ᠂ ᠬᠠᠢ᠌ᠷᠠᠯᠠᠵᠤ ᠬᠠᠮᠠᠭᠠᠯᠠᠵᠤ ᠢᠷᠡᠭ᠍ᠰᠡᠨ ᠦᠪ ᠨᠢ ᠭᠠᠭᠴᠠᠬᠠᠨ ᠨᠤᠳᠤᠭ ᠪᠢᠯᠠ ︕ ᠬᠠᠷᠢᠨ ᠪᠠᠢ᠌ᠭᠠᠯᠢ ᠶᠢ ᠪᠠᠷᠠᠬᠤ ᠪᠠᠷ ᠦᠷᠡᠵᠢᠵᠤ ᠪᠣᠰᠤᠳ ᠢ ᠯᠠ ᠮᠦᠯᠵᠢᠨ ᠳᠤᠩᠭᠢᠳᠠᠭ ᠦᠨᠳᠦᠰᠦᠳᠠᠨ ᠡᠴᠡ ᠪᠦᠮᠪᠦᠷᠴᠡᠭ᠌ ᠴᠤ ᠠᠶᠤᠨ ᠳᠠᠭᠵᠢᠨ᠎ᠠ ᠪᠠᠢ᠌ᠬ᠎ᠠ ︕ ᠮᠦᠨᠴᠤ ᠨᠤᠳᠤᠭ ᠪᠠᠯᠴᠢᠭᠡᠷ ᠤᠨ ᠵᠠᠭᠠᠭ ᠱᠤᠭᠤᠮ ᠳ᠋ᠠᠭᠢ ᠮᠥᠷᠭᠦᠯᠳᠦᠭᠡᠨ ᠵᠢᠭᠤᠷᠠᠯᠳᠤᠭᠠᠨ ᠨᠢ ᠠᠷᠠᠤᠨ ᠲᠦᠮᠡᠨ ᠤ ᠡᠷᠡᠭᠦᠯ ᠡᠩᠭᠡ ᠶᠢᠨ ᠴᠢᠰᠤᠳᠤ ᠰᠤᠷᠭᠠᠮᠵᠢ ᠂ ᠴᠠᠭᠠᠰᠤᠳᠤ ᠳᠡᠦᠭᠡ ᠪᠣᠯᠤᠨ ᠦᠶ᠎ᠡ ᠦᠶ᠎ᠡ ᠥᠷᠭᠦᠯᠵᠢᠯᠡᠨ᠎ᠡ ᠃

ᠣᠨᠠᠭᠠᠨ ᠪᠠᠭ᠎ᠠ ᠶᠢᠨ ᠮᠦᠷ ᠶᠢᠡᠷ ᠶᠢᠡᠨ ᠳᠠᠮᠠᠭᠠᠯᠠᠵᠤ ᠂ ᠨᠢᠯᠪᠣᠰᠤ ᠪᠠᠷ ᠶᠢᠡᠨ ᠣᠭᠢᠶᠠᠭᠰᠠᠨ ᠨᠤᠳᠤᠭ ᠮᠢᠨᠢ ᠭᠡᠭ᠍ᠰᠡᠭᠡᠷ ᠭᠡᠯᠡᠭᠦ ᠥᠭᠡ ᠮᠢᠨᠢ ᠭᠡᠯᠡᠨ ᠳᠤ ᠣᠷᠢᠶᠠᠯᠳᠤᠨ ᠭᠡᠨ ᠡᠴᠡ ᠠᠰᠠᠭᠤᠭᠰᠠᠨ ᠴᠤ ᠮᠡᠳᠡᠭᠦ ᠦᠭᠡᠶ ᠭᠡᠭᠡᠭ᠍ᠳᠡᠭᠦ ᠰᠢᠬᠠᠭᠰᠠᠨ1976 ᠣᠨ ᠤ ᠭᠦᠭᠡᠭᠡ ᠡᠪᠦᠯ ᠤᠨ ᠭᠤᠷᠪᠠᠨ ᠶ‍ᠢᠰᠤ ᠶᠢᠨ ᠶᠠᠰᠤ ᠶᠠᠩᠭᠢᠨᠠᠮ᠎ᠠ ᠭᠦᠢᠳᠡᠨ ᠳᠤ ᠪᠣᠯᠤᠭᠰᠠᠨ ᠨᠤᠳᠤᠭ ᠪᠣᠯᠢᠶᠠᠯᠳᠤᠭᠰᠠᠨ ᠴᠢᠰᠤᠳᠤ ᠭᠡᠷᠡᠭ᠌ ᠂ ᠨᠤᠳᠤᠭ ᠶᠢᠡᠨ ᠭᠡᠵᠤ ᠯᠠ ᠨᠢᠭᠦᠯ ᠭᠢᠭ᠍ᠰᠡᠨ ᠬᠠᠷᠠᠰᠠᠯᠳᠤ ᠣᠴᠢᠷ ᠳᠡᠦᠭᠡᠨ ᠳᠤ ᠴᠢᠰᠤᠨ ᠳᠤᠯᠪᠣ ᠂ ᠴᠠᠭᠠᠰᠤᠨ ᠳᠤ ᠣᠰᠤᠨ ᠳᠤᠯᠪᠣ ᠪᠣᠯᠤᠨ ᠥᠯᠡᠳᠡᠭᠦ ᠪᠠᠷ ᠮᠢᠨᠤ ᠪᠢᠷ ᠤᠨ ᠥᠵᠦᠭᠦᠷ ᠡᠴᠡ ᠣᠷᠤᠰᠤᠨ᠎ᠠ ᠃

ᠴᠠᠭᠠᠠᠠᠤᠰᠤᠨ (ᠳᠤᠯᠠᠭᠠᠨ ᠰᠢᠶᠠᠨ)‍ ᠤ ᠰᠢᠷᠠᠭ᠎ᠠ ᠭᠠᠴᠠᠭ᠎ᠠ ᠶᠢᠨ ᠱᠢ ᠾᠧ ᠳᠠᠨ ᠳᠤᠰᠬᠤᠨ ᠤ ᠭᠢᠳᠠᠤᠨ ᠲᠦᠪᠡᠳᠴᠤᠳ ᠶᠠᠪ ᠤᠨ ᠨᠥᠭᠡ ᠪᠠᠷ ᠨᠠᠷᠠ ᠡᠭᠡᠭᠡᠵᠤ ᠂ ᠶᠠᠩᠭ᠋ᠠᠷᠴᠠᠭ ᠤᠨ ᠤᠯᠦᠡᠭ᠌ ᠶᠢᠡᠷ ᠡᠯᠵᠢᠭᠡ ᠬᠤᠰᠢᠯᠠᠭᠠᠤᠨ ᠪᠣᠯᠠᠩᠭᠢᠷ ᠤᠨ ᠪᠤᠯᠦᠩ ᠳᠡᠰᠭᠡᠨ ᠂ ᠪᠠᠮᠪᠣᠳᠤ ᠶᠢᠨ ᠴᠤᠬᠤᠷ ᠂ ᠭᠦᠷᠡᠩ ᠭᠦᠳᠡᠭᠡ ᠵᠡᠷᠭᠡ ᠦᠩ ᠰᠢᠮᠡᠯᠢᠭ᠌ ᠡᠪᠠᠰᠤ ᠣᠷᠭᠤᠮᠠᠯ ᠲᠡᠶ ᠨᠤᠳᠤᠭ ᠪᠠᠯᠴᠢᠭᠡᠷ ᠢ ᠡᠵᠡᠷᠭᠡᠭ᠍ᠯᠡᠨ ᠡᠵᠡᠯᠡᠵᠤ ᠂ ᠣᠨᠤᠭ᠎ᠠ ᠮᠠᠯ ᠬᠤᠯᠠᠭᠠᠢ᠌ᠯᠠᠨ ᠠᠢ᠌ᠯ ᠰᠠᠭᠠᠬᠠᠯᠳᠠ ᠶᠢ ᠥᠢᠮᠡᠭᠦᠯᠵᠤ ᠢᠷᠡᠭᠦ ᠪᠠᠷ ᠳᠠᠪᠢᠨ ᠨᠠᠰᠤ ᠶᠢ ᠴᠠᠭᠢᠵᠤ ᠳᠠᠯ᠎ᠠ ᠶᠢᠨ ᠬᠠᠷᠴᠠᠭᠠᠢ ᠰᠢᠭ ᠱᠤᠤᠭᠢᠵᠤ ᠶᠠᠪᠣᠭᠰᠠᠨ ᠠᠪᠠᠷᠢ ᠫᠠᠯᠠᠩ ᠣᠯᠠᠨ ᠳᠠᠭᠠᠨ ᠵᠠᠷ ᠳᠠᠯᠪᠢᠵᠤ 《ᠠᠯᠳᠠᠨ ᠨᠤᠳᠤᠭ ᠲᠤ ᠮᠢᠨᠢ ᠭᠡᠨ ᠬᠠᠯᠳᠠᠵᠤ ᠂ ᠠᠷᠠᠤᠨ ᠤᠨ ᠠᠮᠤᠭᠤᠯᠠᠩ ᠢ ᠭᠡᠨ ᠡᠪᠳᠡᠪᠠᠯ ᠪᠢᠳᠠ ᠡᠰᠡᠷᠭᠦᠴᠡᠭᠦ ᠶᠤᠰᠤᠳᠠᠢ》 ᠭᠡᠵᠤ ᠠᠷᠪᠠᠨ ᠳᠠᠪᠤᠨ ᠨᠠᠰᠤᠨ ᠡᠴᠡ ᠥᠭᠡᠳᠡᠭᠢ ᠱᠤᠪᠣᠢ᠌ᠭᠰᠠᠨ ᠡᠷ᠎ᠡ ᠭᠦᠢᠰᠤ ᠲᠡᠶ ᠪᠦᠭᠦᠨ ᠶᠢᠡᠨ ᠴᠤᠭᠯᠠᠭᠤᠯᠤᠨ ᠂ ᠠᠳᠠᠨ ᠳᠡᠮᠡᠭᠡ ᠠᠭᠰᠤᠮ ᠪᠣᠤᠷ᠎ᠠ ᠪᠠᠨ ᠣᠨᠤᠵᠤ ᠮᠤᠳᠤ ᠴᠢᠯᠠᠭᠤ ᠮᠢᠯᠠᠭ᠎ᠠ ᠰᠢᠳᠠᠮ ᠶᠢᠡᠨ ᠪᠠᠷᠢᠭᠠᠤᠨ ᠭᠠᠷᠴᠤ ᠢᠷᠠᠯ᠎ᠠ ᠃ ᠡᠨᠡᠭᠦ ᠴᠤᠭ ᠰᠦᠯᠳᠡ ᠪᠠᠳᠠᠷᠠᠭᠰᠠᠨ ᠴᠢᠭᠢᠷᠠᠭ ᠪᠠᠵᠢᠷᠠᠭᠤᠨ ᠰᠢᠷ᠎ᠠ ᠡᠷ᠎ᠡ ᠬᠠᠷ᠎ᠠ ᠭᠦᠪᠠᠭᠡ ᠲᠡᠶ ᠴᠠᠭᠠᠨ ᠳᠠᠪᠠᠯ ᠢ ᠴᠢᠪ ᠳᠤᠰᠳᠠᠯ᠎ᠠ ᠪᠦᠰᠡᠯᠡᠵᠤ ᠬᠠᠮᠵᠢᠭ ᠳᠠᠳᠠᠭᠰᠠᠨ ᠪᠣᠯᠭᠠᠷᠢᠨ ᠭᠤᠳᠤᠯ ᠢᠰᠭᠦᠯᠦᠭᠡᠤᠨ ᠣᠯᠠᠨ ᠶᠢᠡᠨ ᠳᠠᠭᠠᠭᠤᠯᠤᠨ ᠵᠠᠷᠯᠢᠭᠳᠠᠵᠤ ᠪᠠᠢ᠌ᠬᠤ ᠨᠢ ᠰᠲ᠋ᠠᠯᠢᠨ ᠤ ᠣᠳᠤᠷᠢᠳᠤᠭᠰᠠᠨ ᠵᠦᠪᠯᠠᠯᠳᠤ ᠬᠤᠯᠪᠣᠭᠠᠳᠤ ᠣᠯᠤᠰ ᠤᠨ ᠨᠤᠳᠤᠭ ᠳᠡᠪᠢᠰᠭᠡᠷ ᠶᠢᠡᠨ ᠬᠠᠮᠠᠭᠠᠯᠠᠬᠤ ᠪᠠᠷ ᠭᠧᠷᠮᠡᠨ ᠲᠡᠶ ᠳᠤᠯᠤᠯᠳᠤᠭᠰᠠᠨ 《ᠮᠤᠰᠺᠧᠨ ᠶᠢ ᠬᠠᠮᠠᠭᠠᠯᠠᠬᠤ ᠳᠠᠢ᠌ᠯᠠᠯᠳᠤᠭᠠᠨ》‍ ᠤ ᠣᠬᠠᠭᠠᠨ ᠪᠣᠳᠤᠯᠭ᠎ᠠ ᠲᠡᠶ ᠳᠦᠰᠦᠭᠡ ᠲᠡᠶ ᠪᠠᠢ᠌ᠯ᠎ᠠ ᠃

ᠡᠨᠡ ᠣᠳᠠᠭ᠎ᠠ ᠳᠠᠪᠢ ᠭᠠᠷᠤᠢ ᠭᠦᠮᠤᠨ ᠭᠣᠢ᠌ᠪᠢᠯ ᠭᠦᠶ‍ᠦᠭ᠍ᠰᠡᠨ ᠰᠡᠷᠡᠭᠡ ᠠᠳᠠᠤᠨ ᠶᠢᠡᠨ ᠣᠨᠤᠵᠤ ᠡᠳᠦᠷ ᠰᠦᠨᠢ ᠬᠤᠶᠠᠷ ᠤᠨ ᠵᠠᠢ ᠪᠠᠷ ᠰᠢᠷᠠᠭ᠎ᠠ ᠶᠢᠨ ᠭᠢᠳᠠᠤᠨ ᠳᠦᠪᠠᠳᠴᠤᠳ ᠢ ᠡᠯᠵᠢᠭᠡ ᠲᠡᠶ᠂ ᠡᠵᠡᠨ ᠲᠡᠶ᠂ ᠮᠠᠯ ᠲᠡᠶ ᠨᠢ ᠬᠤᠯᠢᠵᠤ ᠬᠤᠤᠠᠬᠤᠭᠠᠤᠨ ᠨᠤᠳᠤᠭ ᠤᠨ ᠵᠠᠭᠠᠭ ᠪᠤᠯᠦᠩ ᠳᠡᠰᠭᠡᠨ ᠢ ᠭᠠᠳᠤᠯᠤᠭᠤᠯᠵᠤ ᠳᠠᠯᠪᠢᠪᠠ ᠃ ᠡᠨᠡ ᠣᠳᠠᠭᠠᠨ ᠤ ᠰᠢᠷᠦᠭᠦᠨ ᠭᠦᠳᠡᠯᠭᠡᠭᠡᠨ ᠳᠡᠭᠡᠨ ᠰᠠᠷᠠᠮᠵᠢ ᠳᠠᠯᠪᠢᠵᠤ ᠂ ᠬᠠᠷᠠᠭᠤᠯ ᠮᠠᠨᠠᠭ᠎ᠠ ᠵᠤᠭᠰᠤᠨ ᠠᠢ᠌ᠯ ᠰᠠᠭᠠᠬᠠᠯᠳᠠ ᠪᠠᠨ ᠡᠷᠭᠢᠵᠤ ᠮᠠᠯ ᠠᠬᠤᠢ ᠪᠠᠨ ᠬᠠᠮᠠᠭᠠᠯᠠᠵᠤ ᠳᠥᠪᠬᠢᠨᠡᠬᠦᠯᠵᠤ ᠪᠠᠢ᠌ᠳᠠᠯ᠎ᠠ ᠰᠢᠷᠠᠭ᠎ᠠ ᠶᠢᠨ ᠭᠢᠳᠠᠤᠨ ᠲᠦᠪᠡᠳ ᠬᠠᠮᠳᠤᠷᠠᠭᠰᠠᠨ ᠵᠠᠭᠤ ᠵᠡᠷᠭᠡ ᠭᠦᠮᠦᠰ ᠳᠡᠷᠭᠡ ᠣᠨᠤᠭ᠎ᠠ ᠪᠠᠨ ᠪᠤᠯᠦᠩ ᠳᠡᠰᠭᠡᠨ ᠳᠤ ᠬᠠᠶᠠᠭᠠᠤᠨ ᠶᠠᠪᠠᠭᠠᠨ ᠶᠢᠡᠷ ᠭᠠᠷ ᠲᠠᠭᠠᠨ ᠭᠦᠷᠵᠡ ᠂ ᠰᠠᠪᠠᠷ ᠂ ᠱᠤᠷᠤ ᠪᠠᠷᠢᠭᠠᠤᠨ ᠴᠤᠬᠤᠷ ᠡᠯᠡᠰᠤ ᠳᠠᠮᠵᠢᠨ ᠭᠠᠷᠴᠤ ᠢᠷᠠᠪᠠ ᠃ ᠡᠨᠡ ᠦᠶᠡᠰ ᠭᠡᠷᠪᠡ ᠬᠤᠤᠠᠬᠤᠯᠳᠤᠨ ᠪᠠᠷᠢᠯᠳᠤᠵᠤ ᠴᠤᠭᠢᠷᠠᠯᠳᠤᠭᠰᠠᠨ ᠪᠣᠯ ᠮᠠᠨ ᠤ ᠭᠢᠨ ᠴᠢᠰᠤᠨ ᠳᠠᠯᠠᠢ ᠪᠣᠯᠵᠤ ᠳᠡᠮᠡᠭᠡ ᠣᠨᠤᠭ᠎ᠠ ᠪᠠᠨ ᠴᠤ ᠰᠢᠷᠬᠠᠳᠤᠭᠤᠯᠬᠤ ᠶᠤᠮ ᠪᠠᠢ᠌ᠯ᠎ᠠ ᠃ ᠡᠨᠡᠭᠦ ᠪᠠᠴᠢᠮ ᠵᠠᠩᠭᠢᠯᠠᠭ᠎ᠠ ᠶᠢᠨ ᠦᠶ᠎ᠡ ᠳᠤ ᠠᠪᠠᠷᠢ ᠫᠠᠯᠠᠩ ᠣᠯᠠᠨ ᠶᠢᠡᠨ ᠳᠠᠢ᠌ᠴᠢᠯᠠᠵᠤ ᠂ ᠳᠠᠳᠠᠨ ᠤ ᠭᠦᠮᠤᠨ ᠣᠯᠠᠨ ᠵᠡᠪᠰᠡᠭ᠌ ᠬᠤᠷᠴᠠ ᠪᠢᠳᠠ ᠭᠡᠰᠡᠭ᠌ ᠣᠬᠤᠷᠢᠵᠤ ᠳᠠᠰᠤᠭ ᠪᠦᠯᠦᠭ᠌ ᠬᠤᠪᠢᠶᠠᠵᠤ ᠴᠤᠭᠢᠬᠤ ᠭᠡᠷᠡᠭ᠍ᠳᠡᠢ ᠃ ᠣᠳᠤ ᠵᠠᠷᠢᠮ ᠨᠢ ᠳᠡᠮᠡᠭᠡᠨ ᠤ ᠪᠠᠨ ᠵᠤᠭᠳᠤᠷ ᠬᠠᠢ᠌ᠴᠢᠯᠠᠵᠤ ᠳᠦᠭᠦᠪᠦᠷᠢ ᠶᠠᠰᠤ ᠂ ᠵᠠᠷᠢᠮ ᠨᠢ ᠳᠠᠯᠢᠩ ᠰᠠᠪᠠ ᠪᠠᠨ ᠠᠪᠴᠤ ᠳᠦᠭᠦᠪᠦᠷᠢ ᠵᠢᠨ ᠴᠢᠯᠠᠭᠤ ᠳᠡᠭᠦᠭᠦ ᠪᠠᠷ ᠮᠤᠷᠳᠠ ᠭᠡᠯ᠎ᠡ ᠃ ᠣᠳᠠᠭᠰᠠᠨ ᠳᠦᠳᠡᠭ᠍ᠰᠡᠨ ᠦᠭᠡᠶ ᠳᠦᠭᠦᠪᠦᠷᠢ ᠶᠢᠨ ᠴᠢᠯᠠᠭᠤ ᠲᠦᠩᠭᠢᠨᠠᠵᠤ ᠂ ᠡᠴᠡᠭ᠍ᠰᠡᠨ ᠢᠮᠠᠭ᠎ᠠ ᠰᠢᠭ ᠡᠯᠡᠰᠤ ᠳᠠᠮᠵᠢᠭᠠᠤᠨ ᠰᠤᠪᠣᠷᠠᠵᠤ ᠪᠠᠢ᠌ᠭᠰᠠᠨ ᠭᠦᠮᠦᠰ ᠤᠨ ᠳᠤᠯᠤᠭᠠᠢ ᠳᠦᠷᠦᠭᠦᠤ ᠳᠡᠭᠡᠷ᠎ᠡ ᠮᠦᠨᠳᠤᠷ ᠰᠢᠭ᠌ ᠪᠠᠭᠤᠬᠤ ᠳᠤ ᠪᠣᠳᠠᠷᠠᠵᠤ ᠳᠤᠳᠠᠭᠠᠨ ᠰᠢᠪᠠᠭ ᠰᠢᠷᠠᠯᠵᠢ ᠳᠤ ᠪᠠᠶ᠎ᠠ ᠪᠠᠨ ᠳᠠᠯᠳᠠᠯᠠᠨ᠎ᠠ︕ ᠡᠨᠡ ᠊ᠭ᠍ᠱᠡᠨ ᠳᠤ ᠪᠦᠭᠦᠳᠡᠭᠡᠷ ᠶᠢᠡᠨ ᠬᠠᠢ᠌ᠭᠢᠷᠠᠵᠤ ᠳᠡᠮᠡᠭᠡ ᠪᠠᠷ ᠶᠢᠡᠨ ᠳᠠᠪᠠᠯᠭᠠᠵᠤ ᠭᠦᠷᠦᠭᠡᠤᠨ ᠭᠦᠷᠵᠡ ᠱᠤᠷᠤ ᠂ ᠰᠠᠪᠠᠷ ᠳᠠᠮᠤᠷ ᠢ ᠨᠢ ᠪᠣᠯᠢᠶᠠᠵᠤ ᠠᠪᠤᠯ᠎ᠡ᠃

ᠡᠨᠡ ᠨᠢ ᠬᠡᠳᠦᠢ᠌ᠪᠡᠷ ᠬᠠᠤᠯᠢ ᠶᠤᠰᠤᠨ ᠳᠤ ᠨᠡᠢ᠌ᠴᠡᠭᠦ ᠦᠭᠡᠶ ᠴᠢᠰᠤᠳᠤ ᠭᠡᠷᠡᠭ᠌ ᠪᠣᠯᠤᠭᠰᠠᠨ ᠪᠣᠯᠪᠠᠴᠤ ᠣᠤᠭᠤᠭᠰᠠᠨ ᠣᠰᠤ ᠣᠨᠠᠭᠰᠠᠨ ᠰᠢᠷᠤᠢ ᠪᠠᠨ ᠬᠡᠬᠦ ᠳᠤ ᠠᠮᠢ ᠪᠠᠨ ᠭᠡᠭᠡᠪᠠᠴᠤ ᠪᠣᠴᠠᠬᠤ ᠦᠭᠡᠶ ᠵᠤᠷᠢᠭ ᠰᠦᠰᠦ ᠲᠡᠶ ᠪᠠᠭᠠᠳᠤᠷ ᠡᠷᠡᠴᠦᠳ ᠢ ᠶᠠᠭᠤ ᠪᠠᠷ ᠬᠤᠷᠢᠭᠯᠠᠵᠤ ᠴᠤ ᠳᠡᠢ᠌ᠯᠭᠦ ᠦᠭᠡᠶ ᠪᠠᠢ᠌ᠯ᠎ᠠ ᠃ ᠣᠬᠠᠭᠠᠨ ᠰᠠᠨᠠᠭ᠎ᠠ ᠬᠤᠷᠴᠠ ᠠᠬᠠᠮᠠᠤᠨ ᠨᠠᠰᠤᠳᠠᠢ᠌ᠴᠤᠳ ᠣᠴᠢᠷ ᠶᠠᠪᠣᠳᠠᠯ ᠶᠢᠡᠨ ᠵᠦᠪᠳᠠᠯᠴᠠᠵᠤ ᠥᠭᠡ ᠵᠠᠩᠭᠢ ᠪᠠᠨ ᠠᠪᠣᠯᠴᠠᠨ᠎ᠠ ᠃ ᠰᠦᠷ ᠰᠦᠯᠳᠡ ᠪᠠᠳᠠᠷᠠᠭᠰᠠᠨ ᠳᠤᠮᠤ ᠪᠠᠵᠢᠷᠠᠭᠤᠨ ᠡᠷᠡᠴᠦᠳ ᠣᠨᠢ ᠡᠴᠡ ᠪᠦᠳᠦᠭᠦᠨ ᠣᠯᠠᠭᠠᠨ ᠰᠤᠬᠠᠢ ᠳᠠᠯᠠᠯᠵᠤ ᠬᠠᠢ᠌ᠭᠢᠷᠠᠵᠤ ᠢᠷᠡᠭᠦ ᠳᠤ ᠭᠡᠴᠢᠨᠡᠨ ᠭᠦᠮᠤᠨ ᠴᠤ ᠭᠡᠤᠨ ᠡᠮᠦᠨ᠎ᠡ ᠨᠢ ᠭᠠᠷᠬᠤ ᠦᠭᠡᠶ ᠰᠦᠷ ᠵᠢᠪᠬᠤᠭ᠎ᠠ ᠲᠡᠶ ᠪᠠᠢ᠌ᠯ᠎ᠠ ᠃ ᠪᠣᠯᠴᠢᠩ ᠰᠢᠷᠪᠣᠰᠤ ᠵᠠᠩᠭᠢᠳᠤᠭᠰᠠᠨ ᠳᠠᠮᠢᠷ ᠳᠡᠩᠭᠡᠭᠡ ᠲᠡᠶ ᠡᠷᠡᠴᠦᠳ ᠳᠡᠮᠡᠭᠡ ᠪᠣᠤᠷ᠎ᠠ ᠪᠠᠷ ᠶᠢᠡᠨ ᠳᠠᠪᠠᠯᠭᠠᠵᠤ ᠳᠤᠭᠤᠰᠤ ᠮᠠᠨᠠᠨ ᠪᠤᠳᠡᠷᠡᠭᠤᠯᠵᠤ ᠶᠠᠪᠣᠬᠤ ᠨᠢ ᠨᠡᠭᠡᠷᠡᠨ ᠴᠤ ᠣᠮᠤᠭ ᠰᠥᠷ ᠬᠠᠷᠠᠭᠳᠠᠨ᠎ᠠ ᠃ ᠪᠠᠷ ( ᠪᠠᠷᠰ ) ᠪᠠᠷᠢᠮ᠎ᠠ ᠱᠠᠷ ᠱᠤᠯᠤᠮ᠎ᠠ ᠡᠷᠡᠴᠦᠳ ᠤᠨ ᠴᠤᠭ ᠰᠦᠯᠳᠡ ᠶᠢ ᠭᠡᠯᠡᠭᠡᠤᠨ ᠶᠠᠭᠠᠭᠢᠬᠤ ᠪᠣᠢ ︖ ᠡᠭᠦᠨ ᠡᠴᠡ ᠬᠣᠢ᠌ᠰᠢ ᠯᠠ ᠭᠢᠳᠠᠤᠨ ᠲᠦᠪᠡᠳ ᠮᠠᠯᠴᠢᠨ ᠨᠤᠳᠤᠭ ᠪᠠᠯᠴᠢᠭᠡᠷ ᠣᠷᠤᠭᠤ ᠳᠦᠷᠢᠮᠡᠭᠡᠢ᠌ᠯᠡᠭᠦ ᠪᠠᠨ ᠵᠤᠬᠰᠤᠵᠤ ᠪᠠᠭ᠎ᠠ ᠴᠤ ᠭᠡᠰᠡᠨ ᠭᠦᠯ ᠳᠠᠪᠵᠢᠶᠠᠷᠠᠯ᠎ᠠ ︕

ᠡᠨᠡᠭᠦ ᠠᠷᠠᠤᠨ ᠤᠨ ᠳᠤᠳᠤᠭᠠᠳᠤ ᠶᠢᠨ ᠵᠦᠷᠢᠴᠠᠯ ᠮᠥᠷᠭᠦᠯᠳᠦᠭᠡᠨ ᠳᠤ ᠶᠠᠰᠤ ᠬᠤᠭᠤᠷᠠᠵᠤ ᠴᠢᠰᠤ ᠣᠷᠤᠰᠬᠠᠭᠰᠠᠨ ᠠᠬ᠎ᠠ ᠳᠡᠭᠦᠤ ᠦᠨᠳᠦᠰᠦᠳᠠᠨ ᠤ ᠳᠤᠳᠠᠭᠤ ᠵᠡᠮᠳᠡᠭ᠌ ᠪᠣᠯᠤᠭᠰᠠᠨ ᠣᠯᠤᠰ ᠤᠳ ᠲᠤ ᠦᠷᠦ ᠡᠪᠠᠦᠡᠴᠤ ᠰᠠᠤᠠᠭᠢᠯ ᠵᠤᠪᠠᠬᠤ ᠦᠭᠡᠶ ᠪᠠᠢ᠌ᠬᠤ ᠶᠢᠨ ᠠᠷᠭ᠎ᠠ ᠦᠭᠡᠶ ᠪᠢᠯᠠ ︕ ᠭᠦᠮᠤᠨ ᠭᠡᠭ᠍ᠴᠢ ᠬᠤᠷᠸ᠎ᠠ ᠳᠤ ᠢᠩᠭᠢᠵᠤ ᠯᠠ ᠵᠤᠪᠠᠯᠠᠩ ᠶᠢᠡᠨ ᠬᠠᠢ᠌ᠵᠤ ᠵᠦᠷᠢᠴᠠᠯ ᠶᠢᠡᠷ ᠳᠦᠭᠦᠷᠴᠤ ᠂ ᠡ᠊ᠯᠳᠡᠪ ᠶᠢᠡᠷ ᠡᠷᠭᠢᠯᠳᠦᠵᠤ ᠪᠠᠢ᠌ᠭᠠᠤᠨ ᠣᠯᠠᠷᠢᠵᠤ ᠣᠬᠠᠭᠠᠷᠠᠵᠤ ᠂ ᠥᠷᠡᠭ᠍ᠳᠡᠵᠤ ᠣᠰᠠᠤᠠᠴᠤ ᠶᠠᠪᠣᠳᠠᠭ ᠰᠠᠨ ︕ ᠡᠨᠡᠭᠦ ᠨᠢᠳᠤ ᠪᠠᠷ ᠦᠵᠡᠵᠤ ᠪᠠᠶ᠎ᠠ ᠪᠠᠷ ᠳᠤᠭᠤᠯᠤᠭᠰᠠᠨ ᠠᠷᠠᠤᠨ ᠤᠨ ᠳᠤᠳᠤᠭᠠᠳᠤ ᠶᠢᠨ ᠮᠥᠷᠭᠦᠯᠳᠦᠭᠡᠨ ᠳᠤ ᠦᠶ᠎ᠡ ᠦᠶ᠎ᠡ ᠵᠢᠷᠦᠭᠡ ᠰᠢᠮᠰᠢᠷᠠᠵᠤ ᠳᠠᠭᠢᠵᠤ ᠡᠢ᠌ᠮᠤ ᠭᠡᠷᠡᠭ᠌ ᠡᠭᠦᠰᠭᠦ ᠦᠭᠡᠶ ᠪᠣᠯᠳᠤᠭᠠᠢ ᠭᠡᠵᠤ ᠵᠠᠯᠪᠠᠷᠢᠵᠤ ᠶᠠᠪᠣᠯ᠎ᠠ ︕ ᠨᠤᠳᠤᠭ ᠤᠨ ᠦᠪ ᠠᠯᠳᠠᠨ ᠰᠢᠷᠤᠢ ᠂ ᠠᠷᠢᠭᠤᠨ ᠣᠰᠤ ᠶᠠᠭᠠᠭᠢᠵᠤ ᠪᠦᠳᠤᠨ ᠪᠦᠯᠢᠶᠡᠨ ᠶᠢᠡᠷ ᠶᠢᠡᠨ ᠦᠶ᠎ᠡ ᠣᠯᠠᠷᠢᠨ ᠣᠯᠠᠮᠵᠢᠯᠠᠭᠳᠠᠵᠤ ᠬᠣᠢ᠌ᠴᠢᠰ ᠤᠨ ᠮᠥᠩᠭᠡ ᠥᠯᠦᠭᠡᠢ ᠪᠣᠯᠵᠤ ᠶᠠᠪᠣᠭ᠎ᠠ ᠶᠢ ᠣᠬᠠᠭᠠᠷᠠᠵᠤ ᠦᠪᠯᠠᠵᠤ ᠂ ᠬᠠᠢ᠌ᠷᠠᠯᠠᠵᠤ ᠬᠠᠮᠠᠭᠠᠯᠠᠬᠤ ᠨᠢ ᠵᠣᠢ᠌ᠳᠠᠢ ︕

ᠨᠠᠰᠤ ᠵᠢᠯ ᠤᠨ ᠰᠡᠭᠦᠳᠡᠷ ᠳᠠᠭᠠᠵᠤ ᠣᠬᠠᠭᠠᠨ ᠰᠠᠨᠠᠭ᠎ᠠ ᠳᠡᠭ᠍ᠰᠢᠷᠡᠭᠦ ᠳᠤᠰᠤᠮ ᠥᠯᠦᠭᠡᠢ ᠨᠤᠳᠤᠭ ᠶᠢᠡᠨ ᠣᠯᠠᠮ ᠴᠤ ᠰᠠᠨᠠᠬᠤ ᠶᠤᠮ ᠪᠢᠯᠠ ︕ ᠦᠷᠦ ᠵᠥᠭᠡᠯᠡᠨ ᠶᠠᠰᠤ ᠬᠠᠳᠠᠭᠤ ᠨᠠᠰᠤᠳᠠᠨ ᠪᠣᠭᠤᠷᠤᠯᠴᠤᠳ ᠶᠢᠡᠨ ᠰᠠᠨᠠᠨ ᠰᠠᠨᠠᠨ ᠨᠢᠯᠪᠣᠰᠤᠷᠠᠵᠤ ᠰᠠᠨᠠᠭ᠎ᠠ ᠠᠬᠠᠷ ᠂ ᠰᠤᠷᠪᠢ ᠣᠯᠠᠨ ᠦᠷᠢ ᠪᠠᠨ ᠪᠥᠭ᠍ᠯᠡᠵᠤ ᠶᠠᠳᠠᠨ᠎ᠠ ᠃ ᠬᠤᠷᠸ᠎ᠠ ᠳᠤ ᠮᠥᠩᠭᠡ ᠣᠷᠤᠰᠢᠬᠤ ᠦᠭᠡᠶ ᠶᠢᠨ ᠣᠴᠢᠷ ᠡᠷᠯᠢᠭ ᠳᠠᠮᠤ ᠡ᠊ᠯᠳᠡᠪ ᠣᠷᠢᠯᠭ᠎ᠠ ᠪᠠᠷ ᠡᠨᠡ ᠣᠯᠠᠨ ᠳᠠᠮᠢᠷ ᠳᠦᠰᠢᠭ᠌ ᠲᠡᠶ ᠨᠠᠰᠤᠳᠠᠢ᠌ᠴᠤᠳ ᠢ ᠮᠢᠨᠢ ᠠᠪᠴᠤ ᠶᠠᠪᠣᠬᠤ ᠳᠤ ᠡᠯᠢᠭᠡ ᠡ᠊ᠮᠳᠡᠷᠡᠨ ᠨᠢᠯᠪᠣᠰᠤ ᠳᠤᠰᠤᠯᠠᠭᠤᠯᠵᠤ ᠡᠨᠡ ᠳᠤᠷᠠᠤᠠᠬᠠᠯ ᠤᠨ ᠶᠢᠡᠨ ᠡᠭᠢ ᠠᠳᠠᠭ ᠢ ᠳᠡᠪᠳᠦᠭᠡᠵᠤ ᠪᠢᠯᠠ ︕ ᠨᠤᠳᠤᠭ ᠣᠰᠤᠨ ᠤ ᠦᠪ ᠳ᠋ᠠᠭᠢ ᠨᠠᠷ᠎ᠠ ᠴᠤᠤᠳᠠᠢ ᠨᠠᠰᠤᠳᠠᠢ᠌ᠴᠤᠳ ᠠᠪᠣ ᠶᠢᠨ ᠮᠢᠨᠢ ᠠᠠᠳᠠ ᠡᠯᠢᠭᠡᠨ ᠰᠠᠳᠤᠨ ᠨᠡᠷ ᠪᠠᠢ᠌ᠭᠰᠠᠨ ᠶᠤᠮ ᠃ ᠭᠠᠯ ᠪᠦᠯᠤ ᠠᠪᠠᠷᠢ ᠫᠠᠯᠠᠩ ︕ ᠭᠠᠳᠤᠰᠤᠨ ᠡᠴᠡ ᠭᠡᠯᠭᠢᠵᠤ ᠣᠶᠠᠭᠰᠠᠨ ᠢᠭᠡᠷ᠎ᠡ ᠢᠰᠢᠭᠡ ᠰᠢᠭ᠌ ᠨᠤᠳᠤᠭ ᠤᠨ ᠶᠢᠡᠨ ᠬᠠᠯᠠᠭᠤᠨ ᠡᠯᠢᠭᠡᠨ ᠳᠤ ᠬᠠᠮᠳᠤ ᠥᠰᠦᠭ᠍ᠰᠡᠨ ᠶᠤᠮ ᠃ ᠳᠠᠭᠤᠤ ᠬᠤᠭᠤᠯᠠᠢ ᠪᠠᠷ ᠶᠢᠡᠨ ᠳᠠᠭᠤᠷᠢᠰᠤᠯᠴᠠᠵᠤ ᠳᠤᠮᠳᠠ ᠴᠢᠮᠦᠭᠡ ᠪᠠᠷ ᠶᠢᠡᠨ ᠳᠠᠨᠢᠯᠴᠠᠵᠤ ᠶᠠᠪᠣᠭᠰᠠᠨ ᠠᠭᠤ ᠳᠦᠭᠦᠷᠵᠡ ᠃ ᠵᠢᠷᠤᠭ᠎ᠠ ᠮᠤᠷᠢᠨ ᠤ ᠬᠤᠪᠢ ᠲᠡᠶ᠂ ᠵᠤᠷᠢᠭ ᠶᠢᠡᠷ ᠶᠢᠡᠨ ᠣᠬᠠᠭᠠᠨ ᠰᠠᠷᠠᠵᠤ ᠵᠠᠪ ᠭᠠᠷᠪᠠᠯ ᠠᠷᠢᠭᠢ ᠰᠠᠨᠠᠳᠠᠭ ᠳᠦᠷᠦᠭ᠍ᠰᠡᠨ ᠵᠢᠭᠡ ᠴᠤᠭᠳᠤᠪ ᠃ ᠣᠭᠤᠨᠤ ᠶᠢᠨ ᠬᠤᠶᠠᠷ ᠡᠪᠠᠷ ᠰᠢᠭ᠌ ᠳᠤᠭᠠᠯᠠᠪᠠᠯ ᠨᠠᠰᠤ ᠰᠠᠴᠠᠭᠤ ᠂ ᠳᠦᠭᠡᠯᠡᠪᠠᠯ ᠨᠢᠷᠤᠭᠤ ᠰᠠᠴᠠᠭᠤ ᠢᠵᠢᠯᠢ ᠳᠠᠰᠤᠯ ᠶᠠᠪᠣᠯᠴᠠᠭᠰᠠᠨ ᠨᠠᠨᠠᠢ ᠨᠠᠠᠳᠠᠭ ᠁


ᠭᠤᠷᠪᠠ


ᠮᠤᠩᠭ᠋ᠤᠯ ᠂ ᠮᠤᠷᠢ ᠂ ᠨᠤᠳᠤᠭ ᠭᠤᠷᠪᠠ ᠯᠠ ᠡᠭᠡ ᠦᠷ᠎ᠡ ᠰᠢᠭ᠌ ᠡᠯᠢᠭᠡᠨ ᠬᠠᠢ᠌ᠷ᠎ᠠ ᠪᠠᠷ ᠢᠵᠢᠯᠢᠰᠢᠵᠤ ᠮᠤᠩᠭ᠋ᠤᠯ ᠨᠢ ᠮᠤᠷᠢ ᠪᠠᠨ ᠰᠠᠨᠠᠬᠤ ᠳᠤ ᠮᠤᠷᠢ ᠨᠢ ᠨᠤᠳᠤᠭ ᠶᠢᠡᠨ ᠰᠠᠨᠠᠵᠤ ᠂ ᠨᠤᠳᠤᠭ ᠨᠢ ᠮᠥᠷᠦᠭᠡᠳᠦᠯ ᠶᠢᠡᠷ ᠴᠡᠯᠭᠡᠷᠡᠵᠤ ᠂ ᠭᠤᠷᠪᠠᠯᠵᠢᠨ ᠬᠠᠢ᠌ᠷ᠎ᠠ ᠳᠡᠭᠡᠷ᠎ᠡ ᠥᠩᠭᠡ ᠲᠡᠶ᠂ ᠦᠨ᠎ᠡ ᠲᠡᠶ᠂ ᠦᠨᠳᠦᠰᠦ ᠲᠡᠶ ᠶᠠᠪᠣᠵᠤ ᠢᠷᠠᠪᠠ ᠃ ᠨᠤᠳᠤᠭ ᠤᠨ ᠠᠯᠳᠠᠨ ᠭᠦᠷᠦᠰᠤᠨ ᠣᠷᠤᠭᠤ ᠮᠤᠩᠭ᠋ᠤᠯ ᠂ ᠮᠤᠷᠢ ᠬᠤᠶᠠᠷ ᠤᠨ ᠴᠢᠰᠤ ᠭᠦᠯᠦᠰᠤ ᠠᠭᠤᠰᠤᠨ ᠰᠢᠩᠭᠡᠵᠤ ᠂ ᠠᠭᠤᠳᠠᠮ ᠬᠠᠩᠭ᠋ᠠᠢ ᠶᠢᠨ ᠡᠭᠡ ᠠᠳᠠᠭ ᠂ ᠣᠰᠤᠨ ᠤ ᠴᠡᠩᠭᠡᠷ ᠳᠤᠯᠭᠢᠶᠠᠨ ᠳᠤ ᠮᠤᠩᠭ᠋ᠤᠯ ᠤᠨ ᠠᠶᠠᠯᠭᠤ ᠳᠠᠭᠤᠤ ᠮᠤᠷᠢᠨ ᠤ ᠳᠤᠭᠰᠢᠨ ᠳᠦᠪᠠᠷᠭᠡᠨ ᠮᠥᠩᠭᠡ ᠬᠠᠳᠠᠩᠰᠢᠭᠰᠠᠨ ᠪᠠᠢ᠌ᠳᠠᠭ ᠃ ᠡᠬᠡ ᠪᠠᠢ᠌ᠭᠠᠯᠢ ᠶᠢᠨ ᠡᠨᠡᠷᠢᠯᠳᠤ ᠡᠵᠡᠨ ᠨᠢ ᠮᠤᠩᠭ᠋ᠤᠯ ᠂ ᠮᠤᠷᠢ ᠬᠤᠶᠠᠷ ᠯᠠ ᠪᠠᠢ᠌ᠯ᠎ᠠ ᠭᠡᠭᠦ ᠳᠤ ᠠᠬᠠᠳᠠᠬᠤ ᠣᠴᠢᠷ ᠦᠭᠡᠶ᠃

ᠡᠭᠡ ᠨᠤᠳᠤᠭ ᠤᠨ ᠶᠢᠡᠨ ᠡᠵᠡᠨ ᠨᠢ ᠪᠣᠯᠬᠤ ᠭᠡᠭ᠍ᠴᠢ ᠭᠡᠴᠡᠭᠦᠤ ᠪᠣᠯᠤᠭᠰᠠᠨ ᠦᠨᠦᠳᠤᠷ ᠮᠤᠩᠭ᠋ᠤᠯ ᠂ ᠮᠤᠷᠢ ᠬᠤᠶᠠᠷ ᠨᠤᠳᠤᠭ ᠠᠯᠤᠰᠯᠠᠨ ᠰᠠᠤᠠᠭᠢᠯ ᠡᠵᠡᠭᠦᠢ᠌ᠷᠡᠵᠤ ᠂ ᠡᠯᠡᠷ ᠪᠠᠯᠠᠷ ᠣᠬᠠᠭᠠᠨ ᠡᠴᠡ ᠲᠦᠷᠦ ᠶᠢᠨ ᠭᠠᠯ ᠲᠦᠷᠦᠯᠵᠠᠨ ᠲᠦᠮᠡᠨ ᠤ ᠨᠢᠳᠤᠨ ᠳᠤ ᠳᠡᠭ᠍ᠰᠢᠷᠡᠭᠦ ᠦᠭᠡᠶ ᠨᠤᠳᠤᠭ ᠣᠰᠤ ᠳᠡᠩᠴᠡᠭᠦᠷᠢ ᠪᠠᠨ ᠠᠯᠳᠠᠨ ᠬᠠᠢ᠌ᠪᠠᠯᠵᠠᠬᠤ ᠳᠤ ᠳᠠᠪᠢᠨ ᠵᠢᠯ ᠤᠨ ᠣᠬᠤᠷ ᠨᠠᠰᠤ ᠲᠡᠶ ᠨᠤᠳᠤᠭ ᠪᠠᠯᠴᠢᠭᠡᠷ ᠤᠨ ᠳᠠᠭᠠᠭᠠᠴᠢᠯᠠᠯᠳᠠ ᠶᠢ ᠳᠠᠯ᠎ᠠ ᠶᠢᠨ ᠪᠣᠷᠤ ᠮᠠᠯᠴᠢᠤᠨ ᠮᠠᠨᠢ ᠯᠠ ᠳᠤᠰᠴᠤ ᠣᠷᠳᠤ ᠴᠠᠯᠮᠠᠨ ᠳᠤ ᠪᠦᠳᠦᠭᠦᠨ ᠭᠤᠶ᠎ᠠ ᠪᠠᠨ ᠣᠭᠤᠰᠤᠷᠯᠠᠭᠤᠯᠪᠠ ︕ ᠵᠠᠶᠠᠭᠠᠨ ᠳᠠᠭᠠᠨ ᠪᠢᠰᠢ ᠂ ᠲᠦᠷᠦ ᠳᠡᠭᠡᠨ ᠭᠤᠮᠤᠳᠠᠵᠤ ᠂ ᠲᠦᠷᠦ ᠳᠡᠭᠡᠨ ᠪᠢᠰᠢ ᠦᠪᠡᠷ ᠤᠨ ᠪᠠᠶ᠎ᠠ ᠶᠢᠨ ᠬᠠᠷᠢᠭᠤᠴᠠᠯᠭ᠎ᠠ ᠂ ᠠᠮᠤᠷ ᠳᠠᠢ᠌ᠪᠣᠩ ᠂ ᠵᠠᠯᠬᠠᠭᠤ ᠵᠠᠢ᠌ᠳᠠᠩ ᠳᠠᠭᠠᠨ ᠯᠠ ᠭᠡᠮᠰᠢᠭᠦ ᠪᠣᠯᠪᠠ ︕ ᠬᠤᠯᠠ ᠶᠢᠨ ᠬᠤᠯᠠ ᠳᠤ ᠴᠠᠢ᠌ᠷᠠᠬᠤ ᠪᠣᠭᠤᠷᠤᠯ ᠳᠡᠭᠡᠳᠦᠰ ᠴᠢᠰᠤᠨ ᠨᠢᠯᠪᠣᠰᠤ ᠪᠠᠷ ᠣᠭᠢᠯᠠᠨ᠎ᠠ ᠃ ᠬᠤᠶᠠᠷ ᠡᠳᠦᠷ ᠤᠨ ᠵᠢᠷᠭᠠᠯ ᠭᠦᠰᠡᠵᠤ ᠂ ᠬᠤᠷᠢᠨ ᠵᠢᠯ ᠤᠨ ᠰᠤᠶᠤᠯ ᠪᠣᠯᠪᠠᠰᠤᠷᠠᠯ ᠡᠴᠡ ᠬᠤᠴᠤᠷᠤᠭᠰᠠᠨ ᠣᠨ ᠵᠢᠯ ᠤᠨ ᠬᠠᠰᠭᠢᠷᠤᠯ ᠨᠤᠳᠤᠭ ᠣᠰᠤᠨ ᠤ ᠦᠪ ᠡᠴᠡ ᠵᠢᠷᠦᠭᠡ ᠣᠷᠤᠭᠤ ᠵᠡᠭᠦᠤ ᠱᠠᠭᠠᠨ᠎ᠠ ︕

ᠵᠤᠬᠢᠶᠠᠭᠴᠢ᠄ ᠳᠦᠭᠦᠷᠡᠩᠰᠦ᠋ᠷᠦᠩ
ᠢᠷᠡᠯᠲᠡ᠄ ᠨᠠᠷᠠᠨᠴᠡᠴᠡᠭ ᠬᠠᠩᠭᠠᠪᠠ
ᠬᠠᠷᠢᠶ᠎ᠠ᠄ ᠨᠠᠢᠷᠠᠭᠤᠯᠤᠯ
ᠳᠠᠷᠤᠮ᠄ 12706
ᠴᠠᠭ᠄ 2007 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ