ᠨᠡᠪᠲᠡᠷᠡᠨ ᠤᠷᠤᠬᠤ
ᠤᠯᠠᠭᠠᠨᠴᠠᠪ ᠨᠣᠲᠣᠭ ᠣᠰᠣᠨ

ᠣᠯᠠᠨ ᠣᠯᠠᠨ ᠦᠨᠳᠦᠰᠦᠳᠠᠨ ᠶᠠᠰᠤᠳᠠᠨ ᠤ ᠣᠷᠤᠰᠢᠯ ᠠᠮᠢᠳᠤᠷᠠᠯ ᠤᠨ ᠣᠯᠠ ᠮᠤᠢᠷ᠂ ᠣᠨ ᠤ ᠭᠦᠷᠳᠤ ᠭᠦᠯᠦᠭ᠌ ᠤᠨ ᠳᠤᠭᠤᠰᠤ ᠲᠡᠶ ᠬᠠᠮᠳᠤ ᠣᠯᠠᠭᠠᠠᠴᠠᠪ ᠤᠨ ᠠᠭᠤᠳᠠᠮ ᠨᠤᠳᠤᠭ ᠤᠨ  ᠦᠷᠤᠴᠠᠨ ᠳᠤ ᠳᠡᠦᠭᠡ ᠪᠣᠯᠤᠨ ᠬᠤᠴᠤᠷᠡᠵᠤ᠂ ᠥᠯᠢᠭᠡᠷ ᠳᠤᠮᠤᠭ ᠮᠠᠳᠤ ᠤᠯᠡᠮᠵᠢᠯᠡᠨ ᠳᠡᠷᠬᠠᠯ᠎ᠡ ᠁ ᠪᠠᠢ᠌ᠯᠳᠤᠭᠠᠠᠳᠤ ᠣᠯᠤᠰ ᠤᠨ ᠦᠶ᠎ᠡ ᠳᠤ᠂ ᠣᠯᠠᠭᠠᠠᠴᠠᠪ ᠣᠷᠤᠨ ᠤ ᠶᠡᠭᠡᠩᠭᠢ ᠭᠡᠰᠡᠭ᠌ ᠨᠢ ᠵᠤᠤ ᠣᠯᠤᠰ ᠪᠠ ᠡᡁᠥ᠋ᠡᠭᠨᠤ ᠶᠢᠨ ᠬᠠᠷᠢᠶ᠎ᠠ ᠣᠷᠤᠨ ᠪᠠᠢ᠌ᠵᠠᠢ᠃ ᠴᠢᠨ ᠤᠯᠤᠰ ᠵᠢᠷᠭᠤᠭᠠᠨ ᠣᠯᠤᠰ ᠢ ᠨᠢᠬᠡᠳᠬᠡᠭ᠍ᠰᠡᠨ ᠤ ᠳᠠᠷᠠᠭ᠎ᠠ᠂ ᠣᠤᠯ ᠤᠨ ᠵᠤᠤ ᠣᠯᠤᠰ ᠤᠨ ᠬᠠᠷᠢᠶ᠎ᠠ ᠭᠠᠵᠠᠷ᠂ ᠶᠤᠢᠨ ᠵᠦᠩ᠂ ᠳ᠋ᠠᠢ ᠵᠢᠶᠦ᠋ᠨ᠂ ᠶᠠᠠᠮᠧᠨ ᠭᠤᠷᠪᠠᠨ ᠵᠢᠶᠦ᠋ᠨ ᠪᠠᠢ᠌ᠭᠤᠯᠪᠠ᠃

ᠴᠢᠨ ᠣᠯᠤᠰ ᠮᠥᠭᠦᠭ᠍ᠰᠡᠨ ᠤ ᠰᠡᠭᠦᠯᠡᠷ᠂ ᠡᡁᠥ᠋ᠡᠭᠨᠤ ᠵᠦᠩᠶᠤᠸᠡᠨ  ᠤ ᠴᠥ᠋᠂ ᠬᠠᠨ ᠣᠯᠤᠰ ᠲᠡᠶ ᠳᠠᠢ᠌ᠳᠤᠵᠤ᠂ ᠡᠮᠦᠨᠡᠰᠢ ᠳᠦᠷᠢᠨ ᠣᠷᠤᠵᠤ᠂ ᠳᠤᠰ ᠭᠠᠵᠠᠷ ᠤᠨ ᠶᠡᠭᠡᠩᠭᠢ ᠶᠢ ᠨᠤᠶᠠᠷᠬᠠᠨ ᠡᠵᠡᠯᠡᠪᠡ᠃ ᠪᠠᠷᠠᠭᠤᠨ ᠬᠠᠨ ᠣᠯᠤᠰ ᠤᠨ ᠦᠶ᠎ᠡ ᠳᠤ᠂ ᠡᡁᠥ᠋ᠡᠭᠨᠤ ᠤᠳᠤᠬᠠᠨ ᠤ ᠳᠦᠷᠪᠡᠤᠨ ᠬᠤᠰᠢᠭᠤᠨ ᠤ ᠭᠢᠯᠢ ᠣᠷᠴᠢᠮ ᠬᠠᠮᠤᠭ ᠤᠨ ᠳᠡᠭᠡᠳᠤ ᠵᠠᠰᠠᠭ ᠪᠠᠢ᠌ᠭᠤᠯᠤᠯᠭ᠎ᠠ ᠊᠊᠊᠊᠊᠊᠊᠊᠊᠊᠊᠊᠊᠊᠊᠊  ᠳᠤᠮᠳᠠᠳᠤ ᠴᠠᠨ ᠢᠤᠢ ᠶᠢᠨ ᠣᠷᠳᠤᠨ ᠢ ᠪᠠᠢ᠌ᠭᠤᠯᠵᠠᠢ᠃ ᠣᠮᠠᠷᠠᠳᠤ ᠸᠸᠢ ᠣᠯᠤᠰ ᠡᠴᠠ ᠡᠮᠦᠨᠡᠭᠡᠨ ᠳᠤᠪᠠ᠂ ᠰᠢᠶᠠᠠᠪᠢ ᠱᠸᠩ ᠯᠧ ( ᠭᠦᠬᠡᠬᠤᠳᠡ ᠶᠢᠨ ᠬᠤᠷᠢᠡᠭᠡᠷ ᠤᠨ ᠲᠤ ᠴᠸᠩ ) ᠣᠷᠴᠢᠮ ᠣᠮᠠᠷᠠᠳᠤ ᠨᠠᠢ᠌ᠰᠯᠠᠯ ᠢ ᠪᠠᠢ᠌ᠭᠤᠯᠵᠤ᠂ ᠡᡁᠥ᠋ᠡᠭᠨᠤ ᠶᠢᠨ ᠣᠤᠯ ᠨᠤᠳᠤᠭ ᠲᠤ ᠵᠠᠰᠠᠭ ᠤᠨ ᠡᠷᠭᠡ ᠶᠢ ᠪᠠᠷᠢᠪᠠ᠃ ᠰᠦᠢ ᠳᠠᠩ ᠤᠨ ᠦᠶ᠎ᠡ ᠳᠤ᠂ ᠳᠶᠦ᠋ᠷᠺ ᠣᠳᠤ ᠶᠢᠨ ᠬᠤᠷᠢᠡᠭᠡᠷ ᠣᠷᠴᠢᠮ ᠳᠤ ᠬᠠᠷᠢᠶ᠎ᠠ ᠪᠠᠢ᠌ᠭᠤᠯᠤᠭᠰᠠᠨ ᠡᠴᠠ ᠬᠣᠢ᠌ᠰᠢ᠂ ᠰᠦᠩ᠂ ᠶᠤᠸᠠᠨ᠂ ᠮᠢᠩ᠂ ᠴᠢᠩ ᠤᠨ ᠲᠦᠷᠦ ᠳᠤ ᠭᠦᠷᠳᠡᠯ᠎ᠡ᠂ ᠡ᠊ᠡᠳᠡ ᠭᠢᠳᠠᠨ᠂ ᠵᠤᠢᠷᠴᠢᠨ᠂ ᠳᠠᠲ᠋ᠠᠷ᠂ ᠣᠢ᠌ᠷᠠᠤᠨ᠂ ᠮᠤᠩᠭ᠋ᠤᠯ ᠵᠡᠷᠭᠡ ᠣᠮᠠᠷᠠᠳᠤ ᠶᠢᠨ ᠴᠥᠭᠡᠨ ᠳᠤᠭᠠᠳᠤ ᠦᠨᠳᠦᠰᠦᠳᠠᠨ ᠦᠶ᠎ᠡ ᠵᠠᠯᠭᠠᠮᠵᠢᠯᠠᠨ ᠠᠮᠢᠳᠤᠷᠠᠵᠤ ᠪᠠᠢ᠌ᠵᠠᠢ᠃ ᠡᠨᠡᠭᠦ ᠣᠮᠠᠷᠠᠳᠤ ᠶᠢᠨ ᠦᠨᠳᠦᠰᠦᠳᠠᠨ ᠤᠷᠤᠰᠢᠨ ᠠᠮᠢᠳᠤᠷᠠᠵᠤ ᠪᠠᠢ᠌ᠭᠰᠠᠨ ᠭᠠᠵᠠᠷ ᠢ ᠴᠢᠩ ᠤᠨ ᠳᠢᠶᠠᠠᠼᠦ᠋ᠩ ᠤᠨ ᠣᠨ ᠳᠤ ᠵᠢᠩᠭᠢᠨᠢ ᠪᠠᠷ ᠣᠯᠠᠭᠠᠠᠴᠠᠪ ᠠᠢ᠌ᠮᠠᠭ ᠭᠡᠮᠡᠨ ᠨᠡᠷᠡᠢ᠌ᠳᠦᠭ᠍ᠰᠡᠨ ᠪᠡᠢᠢᠨ᠎ᠡ᠃ 《ᠰᠣᠢ᠌ᠶᠤᠸᠠᠨ ᠤ ᠳᠡᠦᠭᠡ》 ᠶᠢᠨ ᠳᠡᠮᠳᠡᠭᠯᠡᠯ ᠢ ᠦᠨᠳᠦᠰᠦᠯᠠᠪᠠᠯ᠂ ᠣᠯᠠᠭᠠᠠᠴᠠᠪ ᠠᠢ᠌ᠮᠠᠭ ᠤᠨ ᠮᠤᠩᠭ᠋ᠤᠯ ᠭᠡᠯᠡᠨ ᠤ ᠣᠤᠠᠬ᠎ᠠ ᠨᠢ《 ᠣᠯᠠᠭᠠᠨ ᠠᠭᠤᠯᠠᠨ ᠤ ᠠᠮᠠ》᠂ ᠳᠠᠷᠠ ᠨᠢ ᠭᠦᠢ ᠰᠦᠢ ᠬᠤᠳᠠ ( ᠡᠳᠦᠭᠡ ᠶᠢᠨ ᠭᠦᠬᠡᠬᠤᠳᠡ ) ᠡᠴᠠ ᠵᠡᠭᠦᠨ ᠬᠣᠢ᠌ᠰᠢ 25km ᠤᠨ ᠣᠷᠴᠢᠮ ᠳᠠᠯᠠᠨ ᠬᠠᠷ᠎ᠠ ᠶᠢᠨ ᠬᠤᠷᠮᠤᠢ ᠳ᠋ᠠᠭᠢ ᠴᠡᠷᠢᠭ᠌ ᠤᠨ ᠴᠢᠬᠤᠯᠠ ᠪᠣᠭᠤᠮᠳᠠ ᠪᠠᠢ᠌ᠵᠠᠢ᠃ ᠵᠢᠷᠭᠤᠭᠠᠨ ᠬᠤᠰᠢᠭᠤᠨ ᠤ ᠴᠢᠭᠤᠯᠭᠠᠨ ᠢ ᠣᠯᠠᠭᠠᠠᠴᠠᠪ ᠲᠤ ᠳᠦᠪᠯᠡᠷᠡᠭᠦᠯᠵᠤ᠂ ᠴᠢᠩ ᠤᠨ ᠲᠦᠷᠦ ᠡᠴᠠ ᠳᠤᠮᠢᠯᠠᠭᠰᠠᠨ ᠪᠠᠢ᠌ᠴᠠᠭᠠᠭᠴᠢ ᠲᠦᠰᠢᠮᠠᠯ ᠤᠨ ᠭᠢᠨᠠᠯᠳᠠ ᠪᠠ ᠬᠠᠭᠠᠨ ᠤ ᠵᠠᠷᠯᠢᠭ ᠪᠢᠴᠢᠭ᠌ ᠢ ᠭᠦᠯᠢᠶᠡᠳᠡᠭ᠌ ᠪᠠᠢ᠌ᠵᠠᠢ᠃ ᠳᠤᠰ ᠴᠢᠭᠤᠯᠭᠠᠨ ᠤ ᠭᠠᠵᠠᠷ ᠤᠨ ᠨᠠᠷ᠎ᠠ ᠪᠠᠷ ᠠᠢ᠌ᠮᠠᠭ ᠤᠨ ᠨᠠᠷᠠᠢ᠌ᠳᠤᠯ ᠢ ᠪᠣᠢ ᠪᠣᠯᠭᠠᠪᠠ᠃ ᠴᠢᠩ ᠤᠨ ᠳᠢᠶᠠᠠᠼᠦ᠋ᠩ ᠤᠨ ᠵᠢᠷᠭᠤᠳᠤᠭᠠᠷ ᠣᠨ ᠳᠤ (1633 ᠣᠨ ) ᠳᠦᠷᠪᠡᠤᠨ᠂ ᠣᠷᠠᠤᠨ ᠤᠨ ᠡᠮᠦᠨᠡᠳᠤ᠂ ᠳᠤᠮᠳᠠᠳᠤ᠂ ᠬᠣᠢ᠌ᠳᠤ ᠭᠤᠷᠪᠠᠨ ᠬᠤᠰᠢᠭᠤ᠂ ᠮᠤᠤᠮᠢᠩᠭ᠋ᠠᠨ᠂ ᠬᠠᠯᠬ᠎ᠠ ᠪᠠᠷᠠᠭᠤᠨ ᠭᠠᠷᠤᠨ ᠬᠤᠰᠢᠭᠤ (ᠳᠠᠷᠬᠠᠨ ᠬᠤᠰᠢᠭᠤ ) ᠵᠡᠷᠭᠡ ᠵᠢᠷᠭᠤᠭᠠᠨ ᠬᠤᠰᠢᠭᠤ ᠣᠯᠠᠭᠠᠠᠴᠠᠪ ᠲᠤ ᠴᠢᠭᠤᠯᠭᠠᠨ ᠪᠣᠯᠵᠤ᠂ ᠳᠡᠦᠭᠡᠨ ᠳ᠋ᠠᠭᠢ ᠣᠯᠠᠭᠠᠠᠴᠠᠪ ᠠᠢ᠌ᠮᠠᠭ ᠪᠣᠯᠪᠠ᠃ ᠣᠳᠤ ᠶᠢᠨ ᠣᠯᠠᠭᠠᠠᠴᠠᠪ ᠠᠢ᠌ᠮᠠᠭ ᠤᠨ ᠬᠠᠷᠢᠶᠠᠨ ᠳᠤ ᠪᠠᠢ᠌ᠭ᠎ᠠ ᠹᠸᠡᠭᠵᠧᠨ ᠵᠡᠷᠭᠡ ᠭᠠᠵᠠᠷ ᠨᠢ ᠳᠡᠭ᠍ᠷᠢ ᠳᠡᠦᠡᠭᠦᠭ᠍ᠴᠢ ᠶᠢᠨ ᠦᠶ᠎ᠡ ᠳᠤ《ᠪᠣᠭᠤᠮᠳᠠ ᠶᠢᠨ ᠭᠠᠳᠠᠨᠠᠭᠢ ᠳᠤᠯᠤᠭᠠᠨ ᠳᠢᠩᠭᠢᠮ》 ᠤᠨ ᠬᠠᠷᠢᠶᠠᠨ ᠳᠤ ᠪᠠᠢ᠌ᠪᠠ᠃ ᠪᠠᠳᠠᠷᠠᠭᠤᠯᠳᠤ ᠲᠦᠷᠦ ᠶᠢᠨ ᠦᠶ᠎ᠡ ᠳᠤ ᠳᠦᠷᠪᠡᠤᠨ ᠪᠠ ᠳᠠᠷᠬᠠᠨ ᠤ ᠨᠢᠭᠡ ᠭᠡᠰᠡᠭ᠌ ᠠᠳᠠᠷ ᠭᠠᠵᠠᠷ ᠪᠠ ᠳᠤᠰᠬᠤᠨ ᠢ ᠰᠢᠩ ᠡᡁᠧ ᠳᠢᠩᠭᠢᠮ ᠭᠡᠮᠡᠵᠡᠢ᠃ ᠹᠸᠡᠭᠵᠧᠨ ᠤ ᠵᠡᠭᠦᠨ ᠵᠠᠬ᠎ᠠ ᠳ᠋ᠠᠭᠢ ᠯᠤ ᠵᠢᠶᠠ ᠶ‍ᠢᠩ ᠵᠡᠷᠭᠡ ᠭᠠᠵᠠᠷ ᠡᠴᠠ ᠴᠠᠬᠠᠷ ᠪᠠᠷᠠᠭᠤᠨ ᠭᠠᠷᠤᠨ ᠰᠢᠯᠤᠭᠤᠨ ᠰᠢᠷ᠎ᠠ ᠬᠤᠰᠢᠭᠤᠨ ᠤ ᠵᠢᠤ ᠽᠥᠸᠧ ᠶᠢᠨ ᠬᠠᠷᠢᠶ᠎ᠠ ᠭᠠᠵᠠᠷ ᠢ ᠰᠢᠩ ᠡᡁᠧ ᠳᠢᠩᠭᠢᠮ ᠳᠤ ᠬᠠᠷᠢᠶᠠᠯᠠᠭᠤᠯᠵᠠᠢ᠃ ᠨᠢᠩ ᠶᠤᠸᠠᠨ ᠤ ᠭᠢᠵᠠᠭᠠᠷ ᠳᠠᠭᠢ ᠭᠦᠢᠳᠡᠨ ᠤ ᠭᠡᠳᠤᠨ ᠳᠤᠰᠬᠤᠨ ᠪᠠ ᠵᠠᠯᠭᠠᠯᠳᠤᠵᠤ ᠪᠠᠢ᠌ᠭ᠎ᠠ ᠪᠠᠷᠠᠭᠤᠨ ᠰᠢᠯᠤᠭᠤᠨ ᠰᠢᠷ᠎ᠠ᠂ ᠰᠢᠯᠤᠭᠤᠨ ᠣᠯᠠᠭᠠᠨ ᠬᠤᠶᠠᠷ ᠬᠤᠰᠢᠭᠤ ᠶᠢ ᠳᠤᠯᠢᠨ ᠳᠢᠩᠭᠢᠮ ᠭᠡᠵᠡᠢ᠃ ᠢᠷᠭᠡᠨ ᠣᠯᠤᠰ ᠪᠠᠢ᠌ᠭᠤᠯᠤᠭᠳᠠᠭᠰᠠᠨ ᠡᠴᠠ ᠳᠠᠷᠠᠭ᠎ᠠ ᠠᠯᠢᠪᠠ ᠳᠢᠩᠭᠢᠮ ᠢ ᠰᠢᠶᠠᠨ ᠳᠤ ᠬᠠᠷᠢᠶᠠᠯᠠᠭᠤᠯᠵᠠᠢ᠃ ᠢᠷᠭᠡᠨ ᠣᠯᠤᠰ ᠤᠨ ᠭᠤᠷᠪᠠᠳᠤᠭᠠᠷ ᠣᠨ ( 1914 ᠣᠨ ) ᠳᠤ ᠰᠣᠢ᠌ᠶᠤᠸᠠᠨ ᠤ ᠣᠠᠴᠠᠭᠠᠢ ᠣᠷᠤᠨ ᠪᠠᠢ᠌ᠭᠤᠯᠵᠤ᠂ ᠬᠠᠷᠢᠶᠠᠨ ᠳᠤ ᠭᠦᠢ ᠰᠦᠢ᠂ ᠰᠠᠭᠠᠯᠢᠴᠢᠨ᠂ ᠳᠤᠭᠳᠠᠬᠤ᠂ ᠬᠤᠷᠢᠡᠭᠡᠷ᠂ ᠴᠢᠩ ᠱᠦᠢ ᠡᡁᠧ᠂ ᠦᠴᠤᠸᠠᠨ᠂ ᠦᠶᠤᠸᠠᠨ᠂ ᠳ᠋ᠦᠩᠱᠸᠩ ᠵᠡᠷᠭᠡ ᠨᠠᠢᠮᠠᠨ ᠰᠢᠶᠠᠨ᠂ ᠣᠯᠠᠭᠠᠠᠴᠠᠪ᠂ ᠶᠡᠭᠡ ᠵᠤᠤ ᠬᠤᠶᠠᠷ ᠠᠢ᠌ᠮᠠᠭ ( 13 ᠬᠤᠰᠢᠭᠤ ) ᠵᠢᠴᠢ ᠲᠦᠮᠡᠤᠨ ᠬᠤᠰᠢᠭᠤ ᠶᠢ ᠪᠠᠭᠳᠠᠭᠠᠵᠤ ᠪᠠᠢ᠌ᠵᠠᠢ᠃ ᠣᠤᠯ ᠤᠨ ᠪᠠᠢ᠌ᠭᠰᠠᠨ ᠰᠣᠢ᠌ᠳᠦ᠋ᠩ ᠤᠨ ᠳᠦᠷᠪᠡᠨ ᠰᠢᠶᠠᠨ ( ᠹᠸᠡᠭᠵᠧᠨ᠂ ᠰᠢᠩ ᠡᡁᠧ᠂ ᠳᠤᠯᠢᠨ᠂ ᠯᠢᠶᠠᠡᠭᠴᠸᠩ ) ᠢ ᠴᠠᠬᠠᠷ ᠣᠠᠴᠠᠭᠠᠢ ᠣᠷᠤᠨ ᠳᠤ ᠬᠠᠷᠢᠶᠠᠯᠠᠭᠤᠯᠪᠠ᠃ ᠢᠷᠭᠡᠨ ᠣᠯᠤᠰ ᠊ᠤᠨ17 ᠳ᠋ᠤᠭᠠᠷ ᠣᠨ ᠳᠤ (1928 ᠣᠨ ) ᠣᠠᠴᠠᠭᠠᠢ ᠣᠷᠤᠨ ᠢ ᠰᠣᠢ᠌ᠶᠤᠸᠠᠨ ᠮᠤᠵᠢ ᠭᠡᠮᠡᠨ ᠥᠭᠡᠷᠡᠴᠢᠯᠡᠵᠤ᠂ ᠵᠡᠭᠦᠨ ᠳᠦᠷᠪᠡᠨ ᠰᠢᠶᠠᠨ ᠢ ᠴᠠᠬᠠᠷ ᠮᠤᠵᠢ ᠡᠴᠠ ᠳᠠᠭᠢᠨ ᠰᠣᠢ᠌ᠶᠤᠸᠠᠨ ᠮᠤᠵᠢ ᠳᠤ ᠬᠠᠷᠢᠶᠠᠯᠠᠭᠤᠯᠵᠤ᠂ ᠢᠷᠭᠡᠨ ᠣᠯᠤᠰ ᠊ᠤᠨ12 ᠳ᠋ᠤᠭᠠᠷ ᠣᠨ ᠡᠴᠠ ᠨᠡᠮᠡᠭ᠍ᠰᠡᠨ ᠪᠣᠭᠤᠳᠤ᠂ ᠵᠢᠨᠢᠩ᠂ ᠠᠨ ᠪᠧᠢ᠂ ᠭᠦᠶᠡᠩ᠂ ᠯᠢᠨ ᠡᡁᠧ ᠵᠡᠷᠭᠡ ᠳᠠᠪᠤᠨ ᠰᠢᠶᠠᠨ ᠲᠡᠶ ᠨᠠᠢ᠌ᠳᠠ 17 ᠰᠢᠶᠠᠨ ᠰᠣᠢ᠌ᠶᠤᠸᠠᠨ ᠮᠤᠵᠢ ᠶᠢᠨ ᠬᠠᠷᠢᠶᠠᠨ ᠳᠤ ᠪᠠᠢ᠌ᠪᠠ᠃

1949 ᠣᠨ ᠳᠤ᠂ ᠰᠣᠢ᠌ᠶᠤᠸᠠᠨ ᠮᠤᠵᠢ ᠴᠢᠯᠦᠭᠡᠯᠡᠭ᠍ᠳᠡᠭ᠍ᠰᠡᠨ ᠤ ᠳᠠᠷᠠᠭ᠎ᠠ᠂ ᠪᠦᠭᠦ ᠮᠤᠵᠢ ᠶᠢ ᠳᠦᠷᠪᠡᠨ ᠳᠤᠰᠬᠠᠢ ᠵᠠᠭᠢᠷᠭ᠎ᠠ᠂ ᠬᠤᠶᠠᠷ ᠠᠢ᠌ᠮᠠᠭ᠂ ᠨᠢᠭᠡ ᠭᠤᠤᠯ ᠬᠤᠰᠢᠭᠤ᠂ ᠨᠢᠭᠡ ᠮᠤᠵᠢ ᠶᠢᠨ ᠰᠢᠭᠤᠳ ᠬᠠᠷᠢᠶ᠎ᠠ ᠬᠤᠰᠢᠭᠤ ᠪᠣᠯᠭᠠᠵᠠᠢ᠃ ᠡᠭᠦᠨ ᠳᠤ᠂ ᠵᠢᠨᠢᠩ ᠤᠨ ᠰᠢᠭᠤᠳ ᠵᠠᠭᠢᠷᠭ᠎ᠠ ᠳᠤ ᠵᠢᠨᠢᠩ᠂ ᠹᠸᠡᠭᠵᠧᠨ᠂ ᠳᠤᠯᠢᠨ᠂ ᠯᠦᠩ ᠱᠸᠩ᠂ ᠦᠴᠤᠸᠠᠨ᠂ ᠰᠢᠩ ᠡᡁᠧ ᠵᠢᠷᠭᠤᠭᠠᠨ ᠰᠢᠶᠠᠨ ᠢ ᠬᠠᠷᠢᠶᠠᠯᠠᠭᠤᠯᠵᠤ᠂ ᠬᠤᠷᠢᠡᠭᠡᠷ ᠤᠨ ᠰᠢᠭᠤᠳ ᠵᠠᠭᠢᠷᠭ᠎ᠠ ᠳᠤ ᠬᠤᠷᠢᠡᠭᠡᠷ᠂ ᠴᠢᠩ ᠱᠦᠢ ᠡᡁᠧ᠂ ᠳᠤᠭᠳᠠᠬᠤ᠂ ᠯᠢᠶᠠᠩᠴᠸᠩ ᠳᠦᠷᠪᠡᠨ ᠰᠢᠶᠠᠨ ᠢ ᠬᠠᠷᠢᠶᠠᠯᠠᠭᠤᠯᠵᠤ᠂ ᠣᠯᠠᠭᠠᠠᠴᠠᠪ ᠠᠢ᠌ᠮᠠᠭ ᠤᠨ ᠬᠠᠷᠢᠶᠠᠨ ᠳᠤ ᠳᠦᠷᠪᠡᠤᠨ ᠬᠤᠰᠢᠭᠤ᠂ ᠳᠠᠷᠬᠠᠨ᠂ ᠮᠤᠤᠮᠢᠩᠭ᠋ᠠᠨ᠂ ᠳᠤᠮᠳᠠ ᠭᠦᠩ᠂ ᠵᠡᠭᠦᠨ ᠭᠦᠩ᠂ ᠪᠠᠷᠠᠭᠤᠨ ᠭᠦᠩ ᠵᠢᠷᠭᠤᠭᠠᠨ ᠬᠤᠰᠢᠭᠤ ᠪᠠᠢ᠌ᠪᠠ᠃ ᠦᠨᠦᠳᠤᠷ ᠤᠨ ᠣᠯᠠᠭᠠᠠᠴᠠᠪ ᠠᠢ᠌ᠮᠠᠭ ᠨᠢ ᠦᠨᠳᠦᠰᠦᠨ ᠳᠡᠭᠡᠨ ᠵᠢᠨᠢᠩ᠂ ᠬᠤᠷᠢᠡᠭᠡᠷ ᠬᠤᠶᠠᠷ ᠳᠤᠰᠬᠠᠢ ᠵᠠᠭᠢᠷᠭ᠎ᠠ ᠪᠠ ᠣᠤᠯ ᠤᠨ ᠣᠯᠠᠭᠠᠠᠴᠠᠪ ᠠᠢ᠌ᠮᠠᠭ ᠤᠨ ᠬᠠᠷᠢᠶ᠎ᠠ ᠭᠠᠵᠠᠷ ᠡᠴᠠ ᠪᠦᠷᠢᠯᠳᠦᠪᠡ᠃ ᠪᠠᠯᠠᠷ ᠡᠷᠳᠡᠨ ᠤ ᠴᠠᠭ ᠦᠶ᠎ᠡ ᠳᠤ᠂ ᠣᠯᠠᠭᠠᠠᠴᠠᠪ ᠠᠢ᠌ᠮᠠᠭ ᠨᠢ《ᠢᠭᠴᠢ ᠰᠠᠬᠤᠯᠠᠭ ᠣᠷᠤᠨ》 ᠲᠡᠶ ᠭᠠᠵᠠᠷ ᠪᠠᠢ᠌ᠵᠤ᠂ 《ᠰᠤᠳᠤᠷ ᠳᠡᠮᠳᠡᠭᠯᠡᠯ》 ᠡᠴᠠ ᠦᠨᠳᠦᠰᠦᠯᠠᠪᠠᠯ ᠳᠤᠰ ᠭᠠᠵᠠᠷ ᠨᠢ《ᠣᠢ ᠶᠢᠨ ᠢᠷᠭᠡᠤᠨ》 ᠠᠮᠢᠳᠤᠷᠠᠵᠤ᠂ ᠴᠢᠨ ᠬᠠᠨ ᠡᠴᠠ ᠨᠠᠰᠢ᠂ 17 ᠳ᠋ᠤᠭᠠᠷ ᠵᠠᠭᠤᠨ ᠤ ᠰᠡᠭᠦᠯᠴᠢ ᠪᠣᠯᠳᠠᠯ᠎ᠠ ᠱᠠᠨ ᠰᠢ ᠶᠢᠨ ᠮᠤᠳᠤᠨ ᠮᠠᠲ᠋ᠸᠷᠢᠶᠠᠯ ᠤᠨ ᠬᠠᠩᠭ᠋ᠠᠬᠤ ᠭᠠᠵᠠᠷ ᠤᠨ ᠨᠢᠭᠡ ᠪᠠᠢ᠌ᠵᠠᠢ᠃

ᠳᠡᠦᠭᠡᠨ ᠮᠠᠲ᠋ᠸᠷᠢᠶᠠᠯ ᠡᠴᠠ ᠦᠵᠡᠪᠠᠯ᠂ ᠡᠷᠳᠡ ᠦᠶ᠎ᠡ ᠳᠤ ᠡᠪᠠᠰᠤ ᠪᠠᠯᠴᠢᠭᠡᠷ ᠬᠠᠯᠢᠭᠤᠷᠠᠵᠤ᠂ ᠠᠳᠤᠭᠤ ᠮᠠᠯ ᠳᠠᠯ᠎ᠠ ᠳᠦᠭᠦᠷᠡᠩ ᠪᠠᠯᠴᠢᠭ᠍ᠰᠡᠨ᠂ ᠳᠠᠡᠭᠰᠤᠭ ᠰᠠᠢ᠌ᠬᠠᠨ ᠳᠠᠯ᠎ᠠ ᠨᠤᠳᠤᠭ ᠪᠠᠢ᠌ᠭᠰᠠᠨ ᠠᠵᠠᠢ᠃ ᠣᠯᠠᠭᠠᠠᠴᠠᠪ ᠠᠢ᠌ᠮᠠᠭ ᠨᠢ ᠡᠷᠳᠡᠨ ᠡᠴᠠ ᠨᠠᠰᠢ ᠣᠮᠠᠷᠠᠳᠤ ᠶᠢᠨ ᠣᠯᠠᠨ ᠦᠨᠳᠦᠰᠦᠳᠠᠨ ᠬᠠᠮᠳᠤᠪᠠᠷ ᠠᠮᠢᠳᠤᠷᠠᠵᠤ᠂ ᠬᠠᠮᠳᠤ ᠶᠢᠨ ᠪᠣᠯᠪᠠᠰᠤᠨ ᠢ ᠪᠦᠳᠦᠭᠡᠵᠤ ᠪᠠᠢ᠌ᠭᠰᠠᠨ ᠭᠠᠵᠠᠷ ᠪᠣᠯᠬᠤ ᠶᠤᠮ᠃ ᠡᠯ᠎ᠡ ᠦᠨᠳᠦᠰᠦᠳᠠᠨ ᠤ ᠠᠷᠠᠤᠨ ᠲᠦᠮᠡᠨ ᠳᠡᠷᠰᠯᠡᠭᠦᠤ ᠭᠦᠴᠤᠨ ᠢ ᠡᠰᠡᠷᠭᠦᠴᠡᠭᠦ ᠶᠢᠨ ᠳᠦᠯᠦᠭᠡ ᠂ ᠣᠯᠠᠨ ᠠᠷᠪᠢᠨ ᠪᠠᠭᠠᠳᠤᠷᠯᠢᠭ ᠥᠯᠢᠭᠡᠷ ᠳᠡᠦᠭᠡ ᠶᠢ ᠪᠦᠳᠦᠭᠡᠵᠤ ᠪᠠᠢ᠌ᠭᠰᠠᠨ ᠶᠤᠮ᠃ ᠣᠷᠴᠢᠨ ᠴᠠᠭ ᠡᠴᠠ ᠭᠡᠯᠡᠭᠦ ᠳᠤ《ᠡᠢ ᠡᡁᠧ ᠳᠤᠸᠠᠨ》 ᠤ ᠭᠦᠳᠡᠯᠭᠡᠭᠡᠨ ᠪᠠ ᠴᠠᠭᠠᠭᠴᠢᠨ ᠭᠠᠬᠠᠢ ᠵᠢᠯ ᠤᠨ ᠬᠤᠪᠢᠰᠬᠠᠯ ᠤᠨ ᠦᠶ᠎ᠡ ᠳᠤ ᠹᠸᠡᠭᠵᠧᠨ ᠤ《ᠪᠢᠴᠢᠬᠠᠨ ᠵᠤᠸᠠᠡᠭᠶᠤᠸᠠᠨ》 ᠪᠣᠰᠤᠯᠭ᠎ᠠ ᠨᠢ ᠡᠵᠡᠷᠭᠡᠭ᠌ ᠳᠦᠷᠢᠮᠡᠭᠡᠢ᠌ᠳᠡᠨ᠂ ᠹᠧᠥᠳᠠᠯ ᠢ ᠡᠰᠡᠷᠭᠦᠴᠡᠭ᠍ᠰᠡᠨ ᠥᠯᠢᠭᠡᠷ ᠳᠠᠭᠤᠷᠢᠶᠠᠯ ᠪᠣᠯᠵᠤ ᠪᠠᠢ᠌ᠵᠠᠢ᠃ ᠶᠠᠫᠣᠨ ᠢ ᠡᠰᠡᠷᠭᠦᠴᠡᠭᠦ ᠳᠠᠢ᠌ᠨ ᠤ ᠦᠶ᠎ᠡ ᠳᠤ᠂ 1936 ᠣᠨ ᠤ ᠬᠤᠩᠭᠢᠯᠳᠤ᠂ ᠪᠠᠳᠤᠬᠠᠭᠠᠯᠭ᠎ᠠ ᠶᠢᠨ ᠪᠠᠢ᠌ᠯᠳᠤᠭᠠᠨ᠂ ᠶᠠᠫᠣᠨ ᠢ ᠡᠰᠡᠷᠭᠦᠴᠡᠭᠦ ᠰᠠᠭᠤᠷᠢᠨ ᠭᠠᠵᠠᠷ ᠳᠠᠭᠢ ᠫᠠᠷᠲ᠋ᠢᠽᠠᠨ ᠳᠠᠢ᠌ᠨ ᠂ ᠴᠢᠯᠦᠭᠡᠯᠡᠭᠦ ᠳᠠᠢ᠌ᠨ ᠳ᠋ᠠᠭᠢ ᠵᠢᠨᠢᠩ ᠤᠨ ᠳᠠᠢ᠌ᠯᠠᠯᠳᠤᠭᠠᠨ ᠵᠡᠷᠭᠡ ᠨᠢ ᠴᠠᠭ ᠦᠶ᠎ᠡ ᠶᠢ ᠳᠠᠭᠤᠷᠢᠰᠢᠭᠤᠯᠤᠮ᠎ᠠ ᠨᠥᠯᠤᠬᠡ ᠳᠤᠰᠬᠠᠯ ᠲᠡᠶ ᠶᠤᠮ᠃ ᠦᠪᠡᠷᠮᠢᠴᠠ ᠳᠡᠦᠭᠡ ᠶᠢᠨ ᠳᠤᠷᠠᠰᠬᠠᠯᠳᠤ ᠵᠣᠢ᠌ᠯᠠᠰ ᠨᠢ ᠣᠯᠠᠭᠠᠠᠴᠠᠪ ᠤᠨ ᠦᠨᠢ ᠣᠳᠠᠭᠠᠨ ᠳᠡᠦᠭᠡ ᠶᠢᠨ ᠭᠡᠷᠡᠴᠢᠯᠡᠯ ᠪᠣᠯᠬᠤ ᠶᠤᠮ᠃ ᠡᠷᠳᠡᠮ ᠰᠢᠡᠵᠢᠯᠡᠭᠡᠨ ᠤ ᠴᠢᠬᠤᠯᠠ ᠥᠷᠳᠡᠭ᠌ ᠪᠦᠭᠦᠢ᠂ 900 ᠵᠢᠯ ᠤᠨ ᠳᠡᠷᠳᠡᠭᠡ ᠳ᠋ᠠᠭᠢ ᠭᠢᠳᠠᠨ ᠤ ᠡᠮᠡᠭ᠍ᠳᠡᠢ ᠶᠢᠨ ᠭᠡᠭᠦᠷ᠂ ᠴᠢᠩᠭᠢᠰ ᠬᠠᠭᠠᠨ ᠤ ᠭᠦᠪᠠᠭᠦᠨ ᠥᠭᠡᠳᠡᠢ ᠶᠢᠨ ᠣᠢ᠌ᠯᠠᠰ ᠮᠦᠷ᠂ ᠴᠢᠯᠦᠭᠡᠯᠡᠭᠦ ᠳᠠᠢ᠌ᠨ ᠤ ᠦᠶ᠎ᠡ ᠶᠢᠨ ᠭᠤᠷᠪᠠᠨ ᠭᠦᠮᠤᠨ ᠤ ᠭᠡᠯᠡᠯᠴᠡᠭᠡᠷ ᠤᠨ ᠳᠤᠭᠣᠢ᠌ᠯᠠᠩ ᠤᠨ ᠵᠢᠨᠢᠩ ᠳ᠋ᠠᠭᠢ ᠳᠦᠯᠦᠭᠡᠯᠡᠭ᠍ᠴᠢ ᠶᠢᠨ ᠰᠠᠭᠤᠷᠢᠨ ᠂ ᠪᠠᠷᠰᠳᠤ ᠠᠭᠤᠯᠠᠨ ᠳ᠋ᠠᠭᠢ ᠬᠤᠪᠢᠰᠬᠠᠯᠳᠤ ᠪᠠᠭᠠᠳᠤᠷᠴᠤᠳ ᠤᠨ ᠳᠤᠷᠠᠰᠬᠠᠯ ᠤᠨ ᠭᠦᠰᠢᠶ᠎ᠡ ᠵᠡᠷᠭᠡ ᠶᠢ ᠪᠤᠢ᠃ ᠰᠢᠨ᠎ᠡ ᠳᠤᠮᠳᠠᠳᠤ ᠣᠯᠤᠰ ᠪᠠᠢ᠌ᠭᠤᠯᠤᠭᠳᠠᠭᠰᠠᠡ ᠤ ᠳᠠᠷᠠᠭ᠎ᠠ᠂ ᠳᠦᠷᠪᠡᠤᠨ ᠬᠤᠰᠢᠭᠤ᠂ ᠳᠠᠷᠬᠠᠨ᠂ ᠮᠤᠤᠮᠢᠩᠭ᠋ᠠᠨ᠂ ᠣᠷᠠᠤᠨ ᠤᠨ ᠡᠮᠦᠨᠡᠳᠤ ᠬᠤᠰᠢᠭᠤ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ᠂ ᠴᠠᠬᠠᠷ ᠪᠠᠷᠠᠭᠤᠨ ᠭᠠᠷᠤᠨ ᠬᠣᠢ᠌ᠳᠤ ᠬᠤᠰᠢᠭᠤ ᠨᠢ ᠣᠯᠠᠭᠠᠠᠴᠠᠪ ᠠᠢ᠌ᠮᠠᠭ ᠲᠤ ᠬᠠᠷᠢᠶᠠᠯᠠᠭᠳᠠᠵᠤ ᠪᠠᠢ᠌ᠪᠠ᠃

1958 ᠣᠨ ᠳᠤ᠂ ᠲᠦᠷᠦ ᠶᠢᠨ ᠶᠠᠪᠣᠳᠠᠯ ᠤᠨ ᠬᠤᠷᠢᠶᠠᠨ ᠤ ᠵᠦᠪᠰᠢᠶᠠᠷᠠᠯ ᠶᠢᠡᠷ ᠫᠢᠩ ᠳ᠋ᠢ ᠴᠢᠤᠸᠠᠨ ᠤ ᠵᠠᠰᠠᠭ ᠵᠠᠭᠢᠷᠭᠠᠨ ᠤ ᠣᠷᠤᠨ ᠢ ᠬᠠᠰᠤᠵᠤ᠂ ᠣᠯᠠᠭᠠᠠᠴᠠᠪ ᠤᠨ ᠬᠠᠷᠢᠶᠠᠨ ᠳᠤ ᠣᠷᠤᠭᠤᠯᠪᠠ᠃ ᠡᠭᠦᠨ ᠤ ᠬᠠᠮᠳᠤ᠂ ᠣᠯᠠᠭᠠᠠᠴᠠᠪ ᠤᠨ ᠣᠤᠯ ᠬᠠᠷᠢᠶ᠎ᠠ ᠪᠣᠯᠬᠤ ᠣᠷᠠᠤᠨ ᠤᠨ ᠡᠮᠦᠨᠡᠳᠤ ᠬᠤᠰᠢᠭᠤ᠂ ᠣᠷᠠᠤᠨ ᠤᠨ ᠳᠤᠮᠳᠠᠳᠤ ᠬᠣᠢ᠌ᠳᠤ ᠬᠤᠯᠪᠣᠭᠠᠳᠤ ᠬᠤᠰᠢᠭᠤ ᠶᠢ ᠪᠠᠶᠠᠠᠨᠠᠭᠤᠷ ᠠᠢ᠌ᠮᠠᠭ ᠲᠤ ᠬᠠᠷᠢᠶᠠᠯᠠᠭᠤᠯᠵᠤ᠂ ᠣᠯᠠᠭᠠᠠᠴᠠᠪ ᠠᠢ᠌ᠮᠠᠭ ᠤᠨ ᠠᠯᠪᠠᠨ ᠪᠠᠢ᠌ᠭᠤᠯᠤᠯᠭ᠎ᠠ ᠭᠦᠶᠡᠩ ᠡᠴᠠ ᠵᠢᠨᠢᠩ ᠳᠤ ᠰᠢᠯᠵᠢᠪᠠ᠃ ᠡᠨᠡᠭᠦ ᠪᠠᠢ᠌ᠳᠠᠯ ᠳᠤ ᠣᠯᠠᠭᠠᠠᠴᠠᠪ ᠠᠢ᠌ᠮᠠᠭ ᠤᠨ ᠬᠠᠷᠢᠶᠠᠨ ᠳᠤ ᠄ 1 ᠬᠤᠳᠠ᠂ 6 ᠬᠤᠰᠢᠭᠤ᠂ 11ᠰᠢᠶᠠᠨ ᠲᠡᠶ ᠪᠣᠯᠪᠠ᠃ ᠳᠠᠷᠤᠢ ᠵᠢᠨᠢᠩ ᠬᠤᠳᠠ᠂ ᠳᠠᠷᠬᠠᠨ ᠮᠤᠤᠮᠢᠩᠭ᠋ᠠᠨ ᠬᠤᠯᠪᠣᠭᠠᠳᠤ ᠬᠤᠰᠢᠭᠤ᠂ ᠳᠦᠷᠪᠡᠤᠨ ᠬᠤᠰᠢᠭᠤ᠂ ᠲᠦᠮᠡᠤᠨ ᠬᠤᠰᠢᠭᠤ᠂ ᠴᠠᠬᠠᠷ ᠪᠠᠷᠠᠭᠤᠨ ᠭᠠᠷᠤᠨ ᠡᠮᠦᠨᠡᠳᠤ ᠬᠤᠰᠢᠭᠤ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ᠂ ᠴᠠᠬᠠᠷ ᠪᠠᠷᠠᠭᠤᠨ ᠭᠠᠷᠤᠨ ᠬᠣᠢ᠌ᠳᠤ ᠬᠤᠰᠢᠭᠤ᠂ ᠹᠸᠡᠭᠵᠧᠨ ᠰᠢᠶᠠᠨ᠂ ᠯᠢᠶᠠᠡᠭᠴᠸᠩ ᠰᠢᠶᠠᠨ᠂ ᠬᠤᠷᠢᠡᠭᠡᠷ ᠰᠢᠶᠠᠨ᠂ ᠴᠢᠩ ᠱᠦᠢ ᠡᡁᠧ ᠰᠢᠶᠠᠨ ᠂  ᠦᠴᠤᠸᠠᠨ ᠰᠢᠶᠠᠨ᠂ ᠵᠦᠸᠸᠽᠢ ᠰᠢᠶᠠᠨ᠂ ᠰᠢᠩ ᠡᡁᠧ ᠰᠢᠶᠠᠨ᠂ ᠳᠤᠭᠳᠠᠬᠤ ᠰᠢᠶᠠᠨ᠂ ᠰᠠᠭᠠᠯᠢᠴᠢᠨ ᠰᠢᠶᠠᠨ᠂ ᠭᠦᠶᠡᠩ ᠰᠢᠶᠠᠨ᠂ ᠡᠤ ᠳ᠋ᠦ᠋ᠩ ᠰᠢᠶᠠᠨ ᠪᠤᠢ᠃ ᠡᠭᠦᠨ  ᠤ ᠳᠠᠷᠠᠭ᠎ᠠ᠂ ᠡᠤ ᠳ᠋ᠦ᠋ᠩ ᠰᠢᠶᠠᠨ᠂ ᠲᠦᠮᠡᠤᠨ ᠬᠤᠰᠢᠭᠤ ᠶᠢ ᠬᠠᠰᠤᠵᠤ᠂ ᠲᠦᠮᠡᠤᠨ ᠵᠡᠭᠦᠨ ᠬᠤᠰᠢᠭᠤ᠂ ᠲᠦᠮᠡᠤᠨ ᠪᠠᠷᠠᠭᠤᠨ ᠬᠤᠰᠢᠭᠤ ᠪᠠᠢ᠌ᠭᠤᠯᠤᠨ᠂ ᠱᠠᠩᠳᠤ ᠰᠢᠶᠠᠨ᠂ ᠬᠤᠸᠡᠳᠧ ᠰᠢᠶᠠᠨ ᠢ ᠣᠷᠤᠭᠤᠯᠵᠤ᠂ ᠭᠦᠶᠡᠩ ᠰᠢᠶᠠᠨ᠂ ᠰᠦᠨᠢᠤᠨ ᠪᠠᠷᠠᠭᠤᠨ ᠬᠤᠰᠢᠭᠤ᠂ ᠡᠷᠢᠶᠡᠨ ᠬᠤᠳᠠ ᠶᠢ ᠬᠠᠷᠢᠶᠠᠨ ᠳᠤ ᠣᠷᠤᠭᠤᠯᠵᠤ ᠳᠠᠭᠢᠨ ᠭᠠᠷᠭᠠᠪᠠ᠂ ᠹᠸᠡᠭᠵᠧᠨ ᠰᠢᠶᠠᠨ ᠢ ᠬᠤᠳᠠ ᠭᠡᠮᠡᠨ ᠥᠭᠡᠷᠡᠴᠢᠯᠡᠪᠡ᠃

1995 ᠊᠊᠊᠊᠊᠊᠊᠊᠊᠊᠊᠊᠊᠊᠊᠊  1996 ᠣᠨ ᠳᠤ᠂ ᠬᠤᠷᠢᠡᠭᠡᠷ ᠰᠢᠶᠠᠨ᠂ ᠴᠢᠩ ᠱᠦᠢ ᠡᡁᠧ ᠰᠢᠶᠠᠨ᠂  ᠦᠴᠤᠸᠠᠨ ᠰᠢᠶᠠᠨ ᠢ ᠭᠦᠬᠡᠬᠤᠳᠡ ᠳᠤ ᠬᠠᠷᠢᠶᠠᠯᠠᠭᠤᠯᠵᠤ ᠂ ᠳᠠᠷᠬᠠᠨ ᠮᠤᠤᠮᠢᠩᠭ᠋ᠠᠨ ᠢ ᠪᠣᠭᠤᠳᠤ ᠳᠤ ᠬᠠᠷᠢᠶᠠᠯᠠᠭᠤᠯᠪᠠ᠃ ᠣᠳᠤ᠂ ᠪᠦᠭᠦ ᠠᠢ᠌ᠮᠠᠭ ᠲᠤ ᠵᠢᠨᠢᠩ᠂ ᠹᠸᠡᠭᠵᠧᠨ ᠬᠤᠶᠠᠷ ᠬᠤᠳᠠ᠂ ᠰᠢᠩ ᠡᡁᠧ᠂ ᠯᠢᠶᠠᠡᠭᠴᠸᠩ᠂ ᠵᠦᠸᠸᠽᠢ᠂ ᠬᠤᠸᠡᠳᠧ᠂ ᠱᠠᠩᠳᠤ ᠳᠠᠪᠤᠨ ᠰᠢᠶᠠᠨ᠂ ᠴᠠᠬᠠᠷ ᠪᠠᠷᠠᠭᠤᠨ ᠭᠠᠷᠤᠨ ᠡᠮᠦᠨᠡᠳᠤ ᠬᠤᠰᠢᠭᠤ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ᠂ ᠴᠠᠬᠠᠷ ᠪᠠᠷᠠᠭᠤᠨ ᠭᠠᠷᠤᠨ ᠬᠣᠢ᠌ᠳᠤ ᠬᠤᠰᠢᠭᠤ᠂ ᠳᠦᠷᠪᠡᠤᠨ ᠳᠦᠷᠪᠡᠨ ᠬᠤᠰᠢᠭᠤ ᠲᠡᠶ ᠨᠠᠢ᠌ᠳᠠ 11 ᠬᠤᠰᠢᠭᠤ ᠰᠢᠶᠠᠨ ᠬᠤᠳᠠ ᠲᠡᠶ᠂ 213 ᠰᠢᠶᠠᠩ ᠪᠠᠯᠭᠠᠰᠤ ᠰᠤᠮᠤ ᠲᠡᠶ᠂ 10 ᠵᠡᠭᠡᠯᠢ ᠭᠤᠳᠤᠮᠵᠢ ᠶᠢᠨ ᠭᠡᠷᠡᠭ᠌ ᠡᠷᠭᠢᠯᠡᠭᠦ ᠭᠠᠵᠠᠷ᠂ 1826 ᠳᠤᠰᠬᠤᠨ ᠤ ᠠᠷᠠᠤᠨ ᠤᠨ ᠵᠦᠪᠯᠠᠯ᠂ 204 ᠰᠠᠭᠤᠭᠠᠯᠢ ᠠᠷᠠᠤᠨ ᠤᠨ ᠵᠦᠪᠯᠠᠯ᠂ 8244 ᠪᠠᠢ᠌ᠭᠠᠯᠢᠯᠢᠬ ᠳᠤᠰᠬᠤᠨ ( ᠬᠤᠳᠠ ) ᠲᠡᠶ᠂ ᠪᠦᠭᠦ ᠭᠦᠮᠤᠨ ᠠᠮᠠ 272.87 ᠲᠦᠮᠡ ᠂ ᠡᠭᠦᠨ ᠳᠤ ᠭᠤᠤᠯ ᠴᠤᠭᠴᠠ ᠪᠣᠯᠬᠤ ᠮᠤᠩᠭ᠋ᠤᠯ ᠦᠨᠳᠦᠰᠦᠳᠠᠨ 7.8 ᠲᠦᠮᠡ ᠂ ᠪᠦᠭᠦ ᠭᠦᠮᠤᠨ ᠠᠮᠠ ᠶᠢᠨ 3.5% ᠶᠢ ᠡᠵᠡᠯᠡᠵᠤ᠂ ᠭᠢᠳᠠᠤᠨ ᠦᠨᠳᠦᠰᠦᠳᠠᠨ ᠶᠡᠭᠡᠩᠭᠢ ᠳᠤᠭ᠎ᠠ ᠶᠢ ᠡᠵᠡᠯᠡᠨ᠎ᠡ᠃ ᠪᠣᠰᠤᠳ ᠬᠤᠳᠤᠩ᠂ ᠮᠠᠠᠵᠤ᠂ ᠳᠠᠭᠤᠷ᠂ ᠰᠤᠯᠤᠩᠭ᠋ᠤᠰ᠂ ᠡᠸᠡᠩᠭᠢ᠂ ᠮᠢᠶᠤᠤ᠂ ᠲᠦᠪᠡᠳ᠂ ᠣᠢ᠌ᠭᠤᠷ ᠵᠡᠷᠭᠡ 20 ᠭᠠᠷᠤᠢ ᠦᠨᠳᠦᠰᠦᠳᠠᠨ ᠲᠡᠶ᠃

ᠣᠨ ᠳᠡᠦᠭᠡ ᠶᠢᠨ ᠣᠷᠴᠢᠯ ᠭᠦᠭ᠍ᠵᠢᠯ ᠤᠨ ᠠᠢ᠌ᠵᠠᠮ ᠳᠤ᠂ ᠣᠯᠠᠭᠠᠠᠴᠠᠪ ᠤᠨ ᠭᠦᠮᠤᠨ ᠠᠷᠠᠤᠨ ᠦᠪᠡᠷ ᠤᠨ ᠡᠯᠢᠭᠡᠨ ᠬᠠᠢ᠌ᠷᠠᠳᠤ ᠨᠤᠳᠤᠭ ᠤᠨ ᠶᠢᠡᠨ ᠭᠦᠭ᠍ᠵᠢᠯ ᠴᠡᠴᠡᠭᠯᠡᠯ ᠢ ᠬᠠᠳᠠᠨ ᠵᠤᠷᠢᠭ ᠡᠷᠴᠢ ᠰᠢᠠᠳᠠᠰᠤ ᠪᠠᠷ ᠶᠢᠡᠨ ᠳᠡᠦᠭᠡ ᠶᠢᠨ ᠰᠢᠨ᠎ᠡ ᠬᠠᠭᠤᠳᠠᠰᠤᠨ ᠳᠤ ᠪᠢᠴᠢᠭᠯᠡᠪᠡ᠃

ᠵᠤᠬᠢᠶᠠᠭᠴᠢ ᠶᠢᠨ ᠬᠠᠶ‍ᠢᠭ᠄ ᠣᠯᠠᠭᠠᠠᠴᠠᠪ ᠳᠦᠷᠪᠡᠤᠨ ᠰᠤᠷᠭᠠᠨ ᠭᠦᠮᠦᠵᠢᠯ ᠤᠨ ᠳᠤᠪᠴᠢᠶ᠎ᠠ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠪᠠ᠊ · ᠷᠢᠨᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 15670
ᠴᠠᠭ᠄ 2011 ᠤᠨ ᠤ 09 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ