ᠨᠡᠪᠲᠡᠷᠡᠨ ᠤᠷᠤᠬᠤ
ᠴᠠᠬᠠᠷ ᠠᠢ᠌ᠮᠠᠭ ᠰᠢᠠᠵᠢᠶᠠᠩ ᠳᠤ ᠬᠦᠷᠴᠤ ᠬᠢᠯᠢ ᠬᠢᠵᠠᠭᠠᠷ ᠢ ᠰᠠᠭᠢᠭᠰᠠᠨ ᠲᠡᠦᠭᠡᠨ ᠣᠯᠪᠠᠭ᠎ᠠ
ᠴᠠᠬᠠᠷ ᠠᠢ᠌ᠮᠠᠭ ᠤᠨ ᠳᠡᠦᠭᠡᠨ ᠣᠯᠠᠷᠢᠯ ᠬᠤᠪᠢᠰᠤᠯ

《ᠴᠠᠬᠠᠷ》ᠭᠡᠳᠡᠭ᠌ ᠥᠭᠡ ᠡᠷᠳᠡᠨ ᠤ ᠳᠦᠷᠺ ᠭᠡᠯᠡᠨ ᠡᠴᠡ ᠢᠷᠠᠯ ᠲᠡᠶ ᠭᠡᠳᠡᠭ᠌᠃ ᠫᠸᠷᠰ ᠥᠭᠡ ᠭᠡᠭᠦ ᠨᠢ ᠴᠤ ᠪᠣᠢ᠂ ᠰᠢᠳᠠᠷ ᠴᠡᠷᠢᠭ᠌᠂ ᠰᠢᠳᠠᠷ ᠬᠠᠮᠠᠭᠠᠯᠠᠭᠴᠢ᠂ ᠳᠡᠷᠭᠡᠳᠡ ᠭᠡᠭᠦ ᠣᠤᠠᠬ᠎ᠠ ᠲᠡᠶ ᠭᠡᠭᠦ ᠴᠤ ᠪᠣᠢ᠃ ᠭᠢᠳᠠᠤᠨ ᠶᠢᠡᠷ ᠣᠤᠠᠬᠠᠴᠢᠯᠠᠨ ᠣᠷᠴᠢᠭᠤᠯᠪᠠᠯ《ᠭᠡᠦᠭᠡᠤᠨ》ᠭᠡᠵᠤ᠂ ᠮᠤᠩᠭ᠋ᠤᠯ ᠭᠡᠯᠡᠨ ᠳᠤ ᠠᠩᠬᠠᠨ ᠳᠠᠭᠠᠨ ᠠᠢ᠌ᠮᠠᠭ ᠤᠨ ᠳᠦᠷᠦᠭᠦᠤ᠂ ᠢᠵᠠᠭᠤᠷᠳᠠᠨ ᠤ ᠬᠤᠪᠢ ᠶᠢᠨ ᠭᠡᠦᠭᠡᠤᠨ ᠵᠠᠷᠤᠴᠠ ᠶᠢ ᠵᠢᠭᠠᠵᠤ ᠪᠠᠢ᠌ᠪᠠ᠃ ᠴᠢᠩᠭᠢᠰ ᠬᠠᠭᠠᠨ ᠶᠡᠭᠡ ᠮᠤᠩᠭ᠋ᠤᠯ ᠣᠯᠤᠰ ᠢ ᠪᠠᠢ᠌ᠭᠤᠯᠤᠭᠰᠠᠨ ᠤ ᠳᠠᠷᠠᠭ᠎ᠠ ᠴᠠᠬᠠᠷ ᠨᠢ《ᠬᠠᠭᠠᠨ ᠤ ᠣᠷᠳᠤᠨ ᠤ ᠬᠠᠮᠠᠭᠠᠯᠠᠭᠴᠢ》ᠰᠢᠳᠠᠷ ᠴᠡᠷᠢᠭ᠌ ᠢ ᠵᠢᠭᠠᠬᠤ ᠪᠣᠯᠵᠠᠢ᠃《ᠴᠠᠬᠠᠷ ᠦᠭᠡᠶ ᠪᠠᠷ ᠴᠡᠷᠢᠭ᠌ ᠪᠣᠰᠬᠤ ᠦᠭᠡᠶ》ᠭᠡᠳᠡᠭ᠌ ᠰᠠᠴᠠᠨ ᠥᠭᠡ ᠥᠷᠭᠡᠨ ᠶᠢᠡᠷ ᠶᠠᠷᠢᠭᠳᠠᠳᠠᠭ ᠨᠢ ᠴᠠᠬᠠᠷ ᠪᠣᠯ ᠴᠡᠷᠢᠭ᠌ ᠡᠴᠡ ᠡᠭᠦᠰᠦᠯ ᠭᠠᠷᠤᠯ ᠲᠡᠶ ᠭᠡᠳᠡᠭ᠌ ᠢ ᠳᠤᠳᠤᠷᠬᠠᠢ᠌ᠯᠠᠭᠰᠠᠨ ᠶᠤᠮ᠃ ᠴᠠᠬᠠᠷ ᠪᠣᠯ《ᠮᠤᠩᠭ᠋ᠤᠯ ᠤᠨ ᠨᠢᠭᠤᠴᠠ ᠳᠤᠪᠴᠢᠶᠠᠨ》 ᠳᠤ ᠳᠡᠮᠳᠡᠭᠯᠡᠭ᠍ᠰᠡᠨ《ᠴᠠᠬᠠᠤᠨ ᠮᠢᠩᠭ᠋ᠠᠨ》᠂《ᠭᠤᠤᠯ ᠤᠨ ᠮᠢᠩᠭ᠋ᠠᠨ》 ᠡᠴᠡ ᠡᠭᠢᠯᠠᠨ ᠪᠦᠷᠢᠯᠳᠦᠵᠡᠢ᠃《ᠴᠢᠩᠭᠢᠰ ᠬᠠᠭᠠᠨ ᠤ ᠪᠢᠯᠢᠭ᠌ ᠰᠤᠷᠭᠠᠯ》 ᠳᠤ ᠴᠠᠬᠠᠷᠴᠤᠳ ᠢ ᠶᠡᠭᠡ ᠬᠠᠭᠠᠨ ᠤ《ᠴᠠᠪᠴᠢᠬᠤ ᠢᠯᠳᠤᠨ ᠤ ᠭᠢᠨᠢ ᠢᠷ ᠪᠣᠯᠵᠤ᠂ ᠴᠠᠷᠭᠢ ᠳᠤᠭᠤᠯᠠᠭ᠎ᠠ ᠶᠢᠨ ᠭᠢᠨᠢ ᠳᠠᠯ᠎ᠠ ᠪᠣᠯᠵᠤ 》ᠭᠡᠵᠤ ᠰᠠᠢ᠌ᠰᠢᠶᠠᠨ ᠥᠨᠡᠯᠡᠭ᠍ᠰᠡᠨ ᠪᠠᠢ᠌ᠳᠠᠭ᠃

ᠣᠮᠠᠷᠠᠳᠤ ᠶᠤᠸᠠᠨ ᠣᠯᠤᠰ ᠤᠨ ᠦᠶ᠎ᠡ ᠳᠤ ᠴᠠᠬᠠᠷ ᠨᠢ ᠬᠠᠭᠠᠨ ᠳᠤ ᠰᠢᠭᠤᠳ ᠬᠠᠮᠢᠶᠠᠷᠤᠭᠳᠠᠬᠤ ᠠᠢ᠌ᠮᠠᠭ ᠤᠨ ᠨᠠᠷᠠᠢ᠌ᠳᠤᠯ ᠪᠣᠯᠵᠠᠢ᠃ ᠳᠠᠶᠠᠨ ᠬᠠᠭᠠᠨ ᠤ ᠦᠶ᠎ᠡ ᠳᠤ 6 ᠲᠦᠮᠡᠳᠤ ᠶᠢᠨ ᠡᠷᠦᠭᠡ ᠶᠢᠨ ᠳᠤᠳᠤᠷ᠎ᠠ ᠴᠠᠬᠠᠷ ᠲᠦᠮᠡᠨ ᠤ ᠭᠦᠴᠤᠨ ᠬᠠᠮᠤᠭ ᠡᠴᠡ ᠭᠦᠴᠦᠷᠭᠡᠭ᠌ ᠪᠠᠢ᠌ᠵᠤ᠂ ᠳᠠᠶᠠᠨ ᠬᠠᠭᠠᠨ ᠭᠢᠭᠡᠤᠨ ᠣᠤᠭᠠᠨ ᠭᠦᠤ ᠶᠢᠨ ᠭᠢᠨᠢ ᠬᠠᠷᠢᠶᠠᠳᠤ ᠭᠠᠵᠠᠷ ᠪᠠᠢ᠌ᠪᠠ᠃ ᠴᠠᠬᠠᠷ ᠠᠢ᠌ᠮᠠᠭ ᠤᠨ ᠨᠤᠳᠤᠭ ᠪᠠᠯᠴᠢᠭᠡᠷ ᠨᠢ ᠬᠠᠮᠤᠭ ᠡᠭᠢᠨ ᠳᠡᠭᠡᠨ ᠣᠳᠤᠭᠢ ᠰᠢᠯᠢ ᠶᠢᠨ ᠭᠤᠤᠯ ᠠᠢ᠌ᠮᠠᠭ ᠤᠨ ᠭᠡᠰᠡᠭ᠌ ᠲᠤ ᠪᠠᠢ᠌ᠵᠤ ᠪᠠᠢ᠌ᠭᠰᠠᠨ ᠶᠢᠡᠨ 16 ᠳ᠋ᠤᠭᠠᠷ ᠵᠠᠭᠤᠨ ᠤ ᠳᠤᠮᠳᠠᠴᠢ ᠪᠠᠷ ᠰᠢᠷᠠᠮᠦᠷᠡᠨ ᠭᠤᠤᠯ ᠤᠨ ᠰᠠᠪᠠ ᠭᠠᠵᠠᠷ ᠲᠤ ᠨᠡᠭᠦᠵᠤ᠂ ᠬᠠᠭᠠᠨ ᠣᠷᠳᠤ ᠨᠢ ᠴᠠᠭᠠᠨ ᠬᠤᠳᠠ ( ᠣᠳᠤᠭᠢ ᠣᠯᠠᠭᠠᠠᠬᠠᠳᠠ ᠶᠢᠨ ᠠᠷᠤ ᠬᠤᠷᠴᠢᠨ ᠬᠤᠰᠢᠭᠤᠨ ᠤ ᠭᠢᠵᠠᠭᠠᠷ ᠲᠤ ᠪᠣᠢ ) ᠳᠤ ᠪᠠᠢ᠌ᠵᠠᠢ᠃

ᠯᠢᠭ᠍ᠳᠡᠨ ᠬᠤᠳᠤᠭᠳᠤ ᠬᠠᠭᠠᠨ ᠤ ᠦᠶ᠎ᠡ ᠳᠤ ᠴᠠᠬᠠᠷ ᠠᠢ᠌ᠮᠠᠭ ᠨᠢ ᠴᠢᠩ ᠤᠨ ᠨᠤᠶᠠᠷᠬᠠᠯ ᠳᠤ ᠣᠷᠤᠵᠤ᠂ ᠴᠢᠩ ᠭᠦᠷᠤᠨ ᠨᠢ ᠴᠠᠬᠠᠷ ᠠᠢ᠌ᠮᠠᠭ ᠲᠤ ᠢᠯᠪᠢᠨ ᠳᠠᠳᠠᠬᠤ ᠪᠠ ᠰᠡᠷᠭᠡᠢ᠌ᠯᠡᠭᠦ ᠪᠣᠳᠤᠯᠭ᠎ᠠ ᠶᠢ ᠵᠡᠷᠭᠡᠪᠠᠷ ᠶᠠᠪᠣᠭᠤᠯᠵᠤ᠂ ᠯᠢᠭ᠍ᠳᠡᠨ ᠬᠤᠳᠤᠭᠳᠤ ᠬᠠᠭᠠᠨ ᠤ ᠶᠡᠭᠡ ᠭᠦᠤ ᠡᠵᠧ ( ᠡᠷᠬᠡᠬᠤᠡᠭᠭᠤᠷ ) ᠳᠤ ᠴᠢᠨ ᠸᠠᠩ ᠭᠡᠷᠭᠡᠮ ᠭᠦᠷᠳᠡᠭᠡᠵᠤ᠂ ᠦᠪᠣᠷ ᠮᠤᠩᠭ᠋ᠤᠯ ᠤᠨ ᠳᠦᠴᠢ  ᠶ‍ᠢᠰᠤᠨ ᠹᠸᠤᠳᠠᠯ ᠡᠵᠡᠳ ᠤᠨ ᠳᠡᠭᠡᠳᠡᠢ ᠪᠠᠢ᠌ᠷᠢᠯᠠᠭᠤᠯᠤᠭᠰᠠᠨ ᠪᠦᠭᠡᠤᠨ ᠮᠠᠠᠵᠤ ᠶᠢᠨ ᠰᠠᠴᠠᠨ ᠬᠤᠩ ᠳᠠᠢ᠌ᠵᠢ ᠦᠪᠡᠷ ᠤᠨ ᠬᠤᠶᠠᠳᠤᠭᠠᠷ ᠭᠡᠦᠭᠡᠨ ᠡᠷᠭᠡ ᠭᠦᠷᠦᠨᠡ ᠭᠦᠡᠭᠵᠤ ᠪᠠᠨ ᠬᠠᠳᠤᠨ ᠪᠣᠯᠭᠠᠨ ᠥᠭ᠍ᠴᠤ᠂ ᠴᠠᠬᠠᠷ ᠠᠢ᠌ᠮᠠᠭ ᠢ ᠵᠠᠰᠠᠭ ᠬᠤᠰᠢᠭᠤ ᠪᠣᠯᠭᠠᠨ ᠢᠵᠸᠤ ( ᠣᠳᠤᠭᠢ ᠯᠢᠶᠤᠤᠨᠢᠩ ᠤᠨ ᠡᠢ ᠰᠢᠶᠠᠨ ) ᠳᠤ ᠰᠠᠭᠤᠷᠢᠰᠢᠭᠤᠯᠵᠤ᠂ ᠨᠥᠭᠦᠭᠡ ᠳᠠᠯ᠎ᠠ ᠪᠠᠷ ᠴᠠᠬᠠᠷ ᠠᠢ᠌ᠮᠠᠭ ᠤᠨ ᠬᠠᠭᠤᠴᠢᠨ ᠬᠠᠷᠢᠶᠠᠳᠤ ᠶᠢ ᠨᠠᠢᠮᠠᠨ ᠬᠤᠰᠢᠭᠤᠨ ᠳᠤ ᠣᠷᠤᠭᠤᠯᠤᠨ ᠰᠠᠯᠭᠠᠨ ᠪᠣᠳᠠᠷᠠᠭᠠᠵᠤ ᠡᠯ᠎ᠡ ᠭᠠᠵᠠᠷ ᠲᠤ ᠰᠠᠭᠤᠯᠭᠠᠵᠠᠢ᠃ ᠯᠢᠭ᠍ᠳᠡᠨ ᠬᠤᠳᠤᠭᠳᠤ ᠬᠠᠭᠠᠨ ᠤ ᠭᠦᠤ ᠠᠪᠠᠨᠠᠢ ᠴᠢᠨ ᠸᠠᠩ ᠵᠡᠷᠭᠡ ᠶᠢ ᠵᠠᠯᠭᠠᠮᠵᠢᠯᠠᠭᠰᠠᠨ ᠴᠤ ᠴᠢᠩ ᠤᠨ ᠨᠤᠶᠠᠷᠬᠠᠯ ᠳᠤ ᠳᠤᠷ᠎ᠠ ᠥᠭᠡᠢ᠌ᠴᠡᠵᠤ ᠪᠠᠢ᠌ᠭᠰᠠᠨ ᠪᠣᠯᠬᠤᠷ ᠣᠳᠠᠯ ᠦᠭᠡᠶ ᠵᠡᠷᠭᠡ ᠪᠠᠨ ᠮᠤᠯᠳᠤᠯᠠᠭᠤᠯᠵᠤ᠂ ᠠᠷᠪᠠᠨ ᠳᠠᠪᠣᠳᠠᠢ ᠭᠦᠤ ᠪᠦᠷᠨᠡᠢ ᠶᠢ ᠨᠢ ᠴᠢᠩ ᠭᠦᠷᠤᠨ ᠡᠴᠡ ᠴᠢᠨ ᠸᠠᠩ ᠵᠡᠷᠭᠡ ᠡᠷᠭᠦᠮᠵᠢᠯᠡᠵᠡᠢ᠃ ᠪᠦᠷᠨᠡᠢ ᠴᠢᠨ ᠸᠠᠩ ᠳᠡᠭᠦᠤ ᠯᠤᠪᠰᠠᠩ ᠲᠡᠶ ᠪᠠᠨ《ᠭᠤᠷᠪᠠᠨ ᠬᠠᠷᠢᠶᠠᠳᠤ ᠶᠢᠨ ᠣᠷᠪᠠᠯᠭᠠᠨ》 ᠭᠠᠷᠤᠭᠰᠠᠨ ᠢ ᠳᠠᠯᠢᠮᠳᠠᠭᠤᠯᠤᠨ ᠬᠠᠷᠢᠶᠠᠳᠤ ᠨᠡᠷ ᠶᠢᠡᠨ ᠳᠠᠢ᠌ᠴᠢᠯᠠᠵᠤ᠂ ᠮᠠᠠᠵᠤ ᠶᠢᠨ ᠨᠤᠶᠠᠷᠬᠠᠯ ᠢ ᠡᠰᠡᠷᠭᠦᠴᠡᠭᠦ ᠵᠡᠪᠰᠡᠭ᠍ᠳᠤ ᠪᠣᠰᠤᠯᠭ᠎ᠠ ᠭᠠᠷᠭᠠᠭᠰᠠᠨ ᠳᠤ ᠳ᠋ᠠᠲ᠋ᠦ᠋ᠩ ᠬᠤᠳᠠ ᠳᠤ ᠰᠠᠭᠤᠵᠤ ᠪᠠᠢ᠌ᠭᠰᠠᠨ ᠴᠠᠬᠠᠷ ᠨᠠᠢᠮᠠᠨ ᠬᠤᠰᠢᠭᠤᠨ ᠤ ᠴᠡᠷᠢᠭ᠌ ᠪᠣᠯᠤᠨ ᠨᠠᠢᠮᠠᠨ ᠵᠡᠷᠭᠡ ᠠᠢ᠌ᠮᠠᠭ ᠴᠦᠮ ᠴᠤᠤᠷᠢᠶᠠᠳᠤᠨ ᠳᠠᠭᠠᠭᠰᠠᠨ ᠪᠠᠢ᠌ᠨ᠎ᠠ᠃ ᠭᠡᠪᠠᠴᠤ᠂ ᠪᠣᠰᠤᠯᠭ᠎ᠠ ᠶᠢᠨ ᠴᠡᠷᠢᠭ᠌ ᠤᠨ ᠭᠦᠮᠤᠨ ᠴᠥᠭᠡᠨ᠂ ᠨᠥᠭᠦᠪᠦᠷᠢ ᠭᠦᠴᠤᠨ ᠦᠭᠡᠶ ᠡᠴᠡ ᠮᠠᠠᠵᠤ ᠶᠢᠨ ᠴᠡᠷᠢᠭ᠌ ᠲᠡᠶ 6 ᠰᠠᠷ᠎ᠠ ᠳᠤᠯᠤᠯᠳᠤᠭᠠᠤᠨ ᠡᠴᠦᠰ ᠲᠡᠭᠡᠨ ᠢᠯᠠᠭᠳᠠᠪᠠ᠃ ᠴᠢᠩ ᠭᠦᠷᠤᠨ ᠡᠴᠡ ᠴᠠᠬᠠᠷ ᠤᠨ ᠵᠠᠰᠠᠭ ᠬᠤᠰᠢᠭᠤᠨ ᠤ ᠳᠦᠷᠢᠮ ᠢ ᠬᠠᠰᠤᠵᠤ᠂ ᠶᠡᠷᠦᠩᠭᠡᠢ᠌ᠯᠡᠨ ᠵᠠᠭᠢᠷᠬᠤ ᠬᠤᠰᠢᠭᠤ ᠪᠣᠯᠭᠠᠨ᠂ ᠠᠮᠪᠠᠨ ( ᠶᠡᠷᠦᠩᠭᠡᠢ ᠵᠠᠭᠢᠷᠤᠭᠴᠢ ) ᠢ ᠨᠢ ᠴᠢᠩ ᠤᠨ ᠲᠦᠷᠦ ᠡᠴᠡ ᠰᠢᠭᠤᠳ ᠳᠤᠮᠢᠯᠠᠵᠤ᠂《ᠨᠤᠶᠠᠨ ᠵᠡᠷᠭᠡ ᠶᠢ ᠦᠶ᠎ᠡ ᠵᠠᠯᠭᠠᠮᠵᠢᠯᠠᠵᠤ ᠪᠣᠯᠬᠤ ᠦᠭᠡᠶ᠂ ᠦᠪᠡᠷᠰᠠᠤᠨ ᠶᠢᠡᠨ ᠡᠵᠡᠨ ᠮᠠᠳᠠᠵᠤ ᠪᠣᠯᠬᠤ ᠦᠭᠡᠶ᠂ ᠡᠯ᠎ᠡ ᠵᠠᠰᠠᠭ ᠵᠢᠶᠦ᠋ᠨ ᠤ ᠠᠷᠠᠤᠨ ᠢᠷᠭᠡᠤᠨ ᠲᠡᠶ ᠠᠳᠠᠯᠢ ᠦᠭᠡᠶ》ᠭᠡᠵᠤ ᠳᠤᠭᠳᠠᠭᠠᠵᠠᠢ᠃ 《ᠳᠠᠷᠠᠴᠢᠯᠠᠨ ᠶᠡᠭᠡᠩᠭᠢ ᠢᠷᠭᠡᠤᠨ ᠢ ᠨᠢ ᠳ᠋ᠠᠲ᠋ᠦ᠋ᠩ᠂ ᠰᠢᠤᠸᠠᠨ ᠬᠤᠧᠨ ᠶᠢᠨ ᠭᠢᠵᠠᠭᠠᠷ ᠤᠨ ᠭᠠᠳᠠᠨ᠎ᠠ ᠰᠠᠭᠤᠯᠭᠠᠨ ᠮᠠᠯ ᠮᠠᠯᠵᠢᠭᠤᠯᠵᠤ》᠂ ᠪᠠᠭᠡᠵᠢᠩ ᠬᠤᠳᠠ ᠳ᠋ᠠᠭᠢ ᠮᠤᠩᠭ᠋ᠤᠯ ᠤᠨ ᠨᠠᠢᠮᠠᠨ ᠬᠤᠰᠢᠭᠤᠨ ᠤ ᠳ᠋ᠤᠲ᠋ᠦ᠋ᠩ ᠶᠠᠮᠤᠨ ᠶᠢᠡᠷ ᠳᠠᠪᠬᠤᠷ ᠬᠠᠮᠢᠶᠠᠷᠤᠭᠤᠯᠪᠠ᠃ ᠡᠭᠦᠨ ᠡᠴᠡ ᠭᠠᠳᠠᠨ᠎ᠠ᠂ ᠴᠢᠩ ᠭᠦᠷᠤᠨ ᠪᠠᠰᠠ《ᠡᠯᠡᠰᠤ ᠬᠤᠯᠢᠬᠤ》ᠠᠷᠭ᠎ᠠ ᠠᠪᠴᠤ ᠭᠤᠪᠢ ᠶᠢᠨ ᠠᠷᠤ ᠶᠢᠨ ᠬᠠᠯᠬ᠎ᠠ᠂ ᠭᠤᠪᠢ ᠶᠢᠨ ᠪᠠᠷᠠᠭᠤᠠᠳᠠᠭᠢ ᠣᠢ᠌ᠷᠠᠤᠨ᠂ ᠵᠡᠭᠦᠨ ᠬᠣᠢ᠌ᠳᠤ ᠣᠷᠤᠨ ᠤ ᠬᠤᠷᠴᠢᠨ᠂ ᠪᠠᠷᠭᠤ ᠵᠡᠷᠭᠡ ᠰᠠᠯᠤᠩᠭᠢ ᠪᠣᠳᠠᠷᠬᠠᠢ ᠠᠢ᠌ᠮᠠᠭ ᠤᠨ ᠭᠦᠮᠦᠰ ᠢ ᠴᠠᠬᠠᠷ ᠤᠨ ᠨᠠᠢᠮᠠᠨ ᠬᠤᠰᠢᠭᠤᠨ ᠳᠤ ᠬᠤᠯᠢᠯᠳᠤᠭᠤᠯᠵᠤ ᠰᠠᠭᠤᠯᠭᠠᠭᠰᠠᠨ ᠡᠴᠡ《ᠴᠠᠬᠠᠷ 》ᠭᠡᠳᠡᠭ᠌ ᠨᠢ ᠣᠯᠠᠨ ᠣᠪᠣᠭᠳᠠᠨ ᠤ ᠠᠢ᠌ᠮᠠᠭ ᠪᠣᠯᠵᠠᠢ᠃ ᠰᠡᠭᠦᠯᠡᠷ ᠨᠢ ᠴᠢᠩ ᠭᠦᠷᠤᠨ《ᠴᠠᠬᠠᠷ ᠤᠨ ᠨᠠᠢᠮᠠᠨ ᠬᠤᠰᠢᠭᠤ》 ᠡᠴᠡ ᠮᠠᠯᠵᠢᠬᠤ ᠡᠷᠦᠭᠡ ᠶᠢ ᠳᠠᠳᠠᠵᠤ ᠥᠭᠡᠷ᠎ᠡ ᠬᠤᠰᠢᠭᠤ ᠪᠠᠢ᠌ᠭᠤᠯᠵᠤ᠂ ᠴᠢᠭᠤᠯᠤᠯᠳᠤ ᠬᠠᠭᠠᠯᠭ᠎ᠠ ᠳᠤ ᠴᠠᠬᠠᠷ ᠤᠨ ᠳ᠋ᠤᠲ᠋ᠦ᠋ᠩ ᠪᠠᠢ᠌ᠭᠤᠯᠵᠤ᠂《ᠴᠠᠬᠠᠷ ᠤᠨ ᠠᠷᠪᠠᠨ ᠬᠤᠶᠠᠷ ᠬᠤᠰᠢᠭᠤ》 ᠶᠢ ᠡᠵᠡᠮᠳᠡᠭᠦ ᠪᠠᠨ ᠴᠢᠩᠭ᠋ᠠᠤᠠᠬᠠᠵᠠᠢ᠃

ᠴᠢᠩ ᠭᠦᠷᠤᠨ ᠡᠴᠡ ᠰᠢᠠᠵᠢᠶᠠᠩ ᠢ ᠨᠢᠭᠡᠦᠡᠭᠡᠨ ᠭᠢᠯᠢ ᠶᠢ ᠰᠠᠭᠢᠭᠤᠯᠤᠭᠰᠠᠨ ᠨᠢ

1718 ᠣᠨ ᠳᠤ᠂ ᠵᠦᠩᠭᠠᠷ ᠠᠢ᠌ᠮᠠᠭ ᠲᠦᠪᠡᠳ ᠢ ᠳᠤᠪᠳᠤᠯᠤᠭᠰᠠᠨ ᠤ ᠳᠠᠷᠠᠭ᠎ᠠ᠂ ᠴᠢᠩ ᠣᠯᠤᠰ ᠤᠨ ᠴᠡᠷᠢᠭ᠌ ᠲᠦᠪᠡᠳ ᠲᠤ ᠣᠷᠤᠬᠤ ᠶᠢᠨ ᠬᠠᠮᠳᠤ ᠮᠦᠨ ᠰᠢᠠᠵᠢᠶᠠᠩ ᠤᠨ ᠠᠯᠳᠠᠢ ᠵᠡᠷᠭᠡ ᠭᠠᠵᠠᠷ ᠲᠤ ᠣᠷᠤᠵᠤ ᠰᠠᠭᠤᠨ᠂ ᠵᠦᠩᠭᠠᠷ ᠤᠨ ᠴᠡᠷᠢᠭ᠌ ᠤᠨ ᠵᠡᠭᠦᠡᠰᠢ ᠳᠦᠷᠢᠭᠦ ᠶᠢ ᠰᠡᠷᠭᠡᠢ᠌ᠯᠡᠵᠡᠢ᠃ ᠳᠤᠬᠠᠢ ᠶᠢᠨ ᠦᠶᠡᠰ  ᠠᠯᠳᠠᠢ ᠳᠤ ᠴᠠᠬᠠᠷ᠂ ᠲᠦᠮᠡᠤᠨ ᠤᠨ ᠴᠡᠷᠢᠭ᠌ 200 ᠭᠠᠷᠤᠢ ᠭᠦᠮᠤᠨ ᠪᠠᠢ᠌ᠯᠴᠠᠭᠰᠠᠨ ᠪᠠ ᠡᠨᠠ ᠪᠣᠯ ᠴᠠᠬᠠᠷ ᠠᠢ᠌ᠮᠠᠭ ᠤᠨ ᠴᠡᠷᠢᠭ᠌ ᠠᠡᠭᠬ᠎ᠠ ᠣᠳᠠᠭ᠎ᠠ ᠰᠢᠠᠵᠢᠶᠠᠩ ᠣᠷᠤᠨ ᠳᠤ ᠭᠦᠷᠴᠤ ᠪᠠᠢ᠌ᠭ᠎ᠠ ᠶᠤᠮ᠃ 1755 ᠣᠨ ᠳᠤ᠂ ᠴᠠᠬᠠᠷ ᠠᠢ᠌ᠮᠠᠭ ᠤᠨ 1000 ᠭᠠᠷᠤᠢ ᠴᠡᠷᠢᠭ᠌ ᠴᠢᠩ ᠣᠯᠤᠰ ᠤᠨ ᠪᠠᠷᠠᠭᠤᠨ ᠵᠠᠮ ᠤᠨ ᠴᠡᠷᠢᠭ᠌ ᠢ ᠲᠠᠭᠠᠨ ᠪᠣᠷᠤᠳᠠᠯ᠎ᠠ᠂ ᠢᠯᠢ ᠭᠠᠵᠠᠷ ᠢ ᠳᠠᠢ᠌ᠯᠠᠵᠤ᠂ ᠵᠦᠩᠭᠠᠷ ᠤᠨ ᠭᠡᠰᠡᠭᠯᠡᠨ ᠡᠵᠡᠯᠡᠭ᠍ᠰᠡᠨ ᠳᠠᠢ᠌ᠨ ᠢ ᠳᠦᠪᠰᠢᠦᠡᠭᠡᠭᠦ ᠳᠤ ᠣᠷᠤᠯᠴᠠᠵᠤ᠂ ᠰᠢᠠᠵᠢᠶᠠᠩ ᠢ ᠨᠢᠭᠡᠦᠡᠭᠡᠭᠦ ᠳᠤ ᠳᠤᠪᠣᠢ᠌ᠮ᠎ᠠ ᠭᠠᠪᠢᠶ᠎ᠠ ᠥᠵᠡᠭᠦᠯᠵᠡᠢ᠃

ᠴᠢᠩ ᠤᠨ ᠲᠦᠷᠦ ᠰᠢᠠᠵᠢᠶᠠᠩ ᠢ ᠨᠢᠭᠡᠦᠡᠭᠡᠭ᠍ᠰᠡᠨ ᠤ ᠳᠠᠷᠠᠭ᠎ᠠ᠂ ᠰᠢᠠᠵᠢᠶᠠᠩ ᠬᠠᠷᠢᠴᠠᠩᠭ᠋ᠤᠢ ᠳᠤᠭᠳᠠᠭᠤᠨ ᠳᠡᠦᠭᠡᠳᠤ ᠴᠠᠭ ᠦᠶ᠎ᠡ ᠳᠤ ᠣᠷᠤᠪᠠ᠃ ᠭᠡᠪᠠᠴᠤ᠂ ᠭᠦᠮᠤᠨ ᠠᠮᠠ ᠰᠡᠢ᠌ᠷᠡᠭ᠌᠂ ᠡᠵᠡᠭᠦᠢ ᠵᠡᠯᠢᠭᠦᠤᠨ ᠡᠨᠠ ᠭᠠᠵᠠᠷ ᠲᠤ ᠪᠠᠢ᠌ᠭᠠᠯᠢ ᠶᠢᠨ ᠭᠠᠮᠰᠢᠭ᠂ ᠨᠡᠢ᠌ᠭᠡᠮ ᠤᠨ ᠠᠶᠤᠯ ᠪᠠᠷᠴᠢᠤᠨ ᠮᠦᠨ ᠯᠠ ᠳᠠᠰᠤᠷᠠᠭ᠎ᠠ ᠦᠭᠡᠶ᠃ ᠵᠦᠩᠭᠠᠷ ᠤᠨ ᠥᠯᠡᠳᠡᠭ᠍ᠳᠡᠯ ᠭᠦᠴᠤᠨ ᠪᠠᠢ᠌ᠭᠰᠠᠭᠠᠷ ᠪᠦᠭᠡᠤᠨ ᠬᠠᠭᠠᠠᠳᠤ ᠣᠷᠤᠰ ᠴᠤ ᠳᠤᠮᠳᠠᠳᠤ ᠶᠢᠨ ᠨᠤᠳᠤᠭ ᠳᠡᠪᠢᠰᠭᠡᠷ ᠣᠷᠤᠭᠤ ᠥᠩᠭᠡᠢ᠌ᠵᠤ ᠪᠠᠢ᠌ᠯ᠎ᠠ᠃ ᠭᠢᠯᠢ ᠶᠢᠨ ᠬᠠᠮᠠᠭᠠᠯᠠᠯᠳᠠ ᠪᠠᠨ ᠪᠠᠭᠢᠵᠢᠭᠦᠯᠭᠦ ᠶᠢᠨ ᠳᠦᠯᠦᠭᠡ᠂ ᠴᠢᠩ ᠣᠯᠤᠰ ᠳᠤᠳᠤᠷ ᠭᠠᠵᠠᠷ ᠡᠴᠡ ᠴᠠᠬᠠᠷ᠂ ᠰᠤᠯᠤᠨ᠂ ᠣᠢ᠌ᠷᠠᠤᠨ ᠵᠡᠷᠭᠡ ᠮᠤᠩᠭ᠋ᠤᠯ ᠤᠨ ᠠᠢ᠌ᠮᠠᠭ ᠤᠳ ᠡᠴᠡ ᠭᠡᠳᠤᠨ ᠮᠢᠩᠭ᠋ᠠᠨ ᠴᠡᠷᠢᠭ᠌ ᠳᠠᠳᠠᠵᠤ ᠠᠪᠴᠢᠷᠠᠨ ᠭᠢᠯᠢ ᠪᠠᠨ ᠰᠠᠭᠢᠭᠤᠯᠵᠤ᠂ ᠠᠭᠤᠯᠠᠨ ᠣᠷᠤᠢ᠂ ᠠᠭᠤᠯᠠᠨ ᠬᠠᠪᠴᠢᠯ ᠵᠡᠷᠭᠡ ᠭᠠᠵᠠᠷ ᠲᠤ ᠣᠯᠠᠭ᠎ᠠ ᠥᠷᠳᠡᠭᠡ᠂ ᠬᠠᠷᠠᠭᠤᠯ ᠤᠨ ᠭᠠᠵᠠᠷ ᠭᠠᠷᠭᠠᠵᠠᠢ᠃ 1762 ᠣᠨ ᠳᠤ᠂ ᠢᠯᠢ ᠶᠢᠨ ᠵᠠᠡᠭᠵᠤᠨ ᠳᠤᠮᠢᠯᠠᠵᠤ᠂ ᠰᠢᠠᠵᠢᠶᠠᠩ ᠣᠷᠤᠨ ᠤ ᠴᠡᠷᠢᠭ᠌ ᠵᠠᠰᠠᠭ ᠢ ᠨᠡᠢ᠌ᠯᠡᠭᠦᠯᠤᠨ ᠵᠠᠭᠢᠷᠴᠤ᠂ ᠰᠢᠠᠵᠢᠶᠠᠩ ᠤᠨ ᠭᠢᠯᠢ ᠶᠢ ᠰᠠᠭᠢᠭᠤᠯᠬᠤ ᠬᠠᠮᠢᠶᠠᠷᠤᠯᠳᠠ ᠶᠢᠨ ᠪᠦᠳᠦᠴᠡ ᠪᠠᠨ ᠡᠭᠢᠯᠠᠨ ᠪᠠᠢ᠌ᠭᠤᠯᠵᠠᠢ᠃ ᠴᠢᠩ ᠣᠯᠤᠰ ᠡᠴᠡ ᠰᠢᠠᠵᠢᠶᠠᠩ ᠤᠨ ᠭᠢᠯᠢ ᠶᠢ ᠰᠠᠭᠢᠬᠤ ᠴᠡᠷᠢᠭ᠌ ᠤᠨ ᠶᠡᠷᠦᠩᠭᠡᠢ ᠭᠦᠴᠤ ᠪᠠᠨ 2.5 ᠲᠦᠮᠡᠨ ᠴᠡᠷᠢᠭ᠌ ᠤᠨ ᠣᠷᠴᠢᠮ ᠪᠠᠢ᠌ᠯᠭᠠᠵᠤ᠂ 3 ᠵᠢᠯ ᠳᠤ ᠨᠢᠭᠡ ᠬᠠᠯᠠᠬᠤ ᠪᠠ 5 ᠵᠢᠯ ᠳᠤ ᠨᠢᠭᠡ ᠬᠠᠯᠠᠬᠤ ᠳᠦᠷᠢᠮ ᠶᠠᠪᠣᠭᠤᠯᠵᠤ ᠪᠠᠢ᠌ᠭᠰᠠᠨ ᠶᠢᠡᠨ ᠰᠡᠭᠦᠯ ᠳᠤ ᠨᠢ ᠥᠭᠡᠷᠡᠴᠢᠯᠡᠵᠡᠢ᠃

1761 ᠣᠨ ᠳᠤ᠂ ᠴᠢᠩ ᠣᠯᠤᠰ ᠠᠩᠬᠠᠨ ᠤ 4000 ᠴᠡᠷᠢᠭ᠌ ᠢ ᠳᠠᠳᠠᠨ ᠰᠢᠠᠵᠢᠶᠠᠩ ᠤᠨ ᠭᠢᠯᠢ ᠳᠤ ᠡᠭᠦᠷᠢᠳᠡ ᠰᠠᠭᠢᠨ ᠰᠠᠭᠤᠯᠭᠠᠬᠤ ᠪᠠᠷ ᠪᠣᠯᠵᠤ᠂ ᠡᠭᠦᠨ ᠳᠤ ᠪᠠᠭᠡᠵᠢᠩ ᠬᠤᠳᠠ ᠶᠢᠨ ᠮᠠᠠᠵᠤ ᠶᠢᠨ ᠴᠡᠷᠢᠭ᠌ 2000 ᠭᠦᠮᠤᠨ ᠂ ᠬᠠᠷᠠᠮᠦ᠋ᠷᠡᠨ ᠤ ᠮᠠᠠᠵᠤ᠂ ᠰᠤᠯᠤᠨ ᠤ ᠴᠡᠷᠢᠭ᠌ 1000 ᠭᠦᠮᠤᠨ ᠭᠢᠭᠡᠤᠨ ᠴᠠᠬᠠᠷ᠂ ᠣᠢ᠌ᠷᠠᠤᠨ ᠤᠨ ᠴᠡᠷᠢᠭ᠌ 1000 ᠭᠦᠮᠤᠨ ᠶᠢᠡᠷ ᠪᠦᠷᠢᠯᠳᠦᠵᠡᠢ᠃ ᠴᠢᠩ ᠤᠨ ᠵᠠᠰᠠᠭ ᠡᠴᠡ ᠪᠠᠰᠠ ᠴᠠᠬᠠᠷ ᠣᠢ᠌ᠷᠠᠤᠨ ᠤᠨ ᠴᠡᠷᠢᠭ᠌ ᠡᠴᠡ ᠰᠢᠠᠵᠢᠶᠠᠩ ᠳᠤ ᠳᠤᠮᠢᠯᠠᠬᠤ ᠭᠦᠮᠦᠰ ᠲᠤ ᠠᠮᠤ ᠭᠦᠨᠡᠰᠤ ᠬᠠᠩᠭ᠋ᠠᠬᠤ᠂ ᠭᠠᠭᠴᠠ ᠪᠠᠶ᠎ᠠ ᠭᠦᠮᠦᠰ ᠲᠤ ᠠᠯᠪᠠᠨ ᠤ ᠳᠠᠯ᠎ᠠ ᠡᠴᠡ ᠭᠡᠷᠭᠡᠢ ᠠᠪᠴᠤ ᠦᠭ‍ᠭᠦᠨ ᠮᠦᠨ ᠭᠡᠷ ᠪᠦᠯᠢ ᠪᠠᠨ ᠳᠠᠭᠠᠭᠤᠯᠵᠤ ᠶᠠᠪᠣᠬᠤ ᠶᠢ ᠵᠥᠪᠰᠢᠶᠡᠷᠡᠭᠦ᠂ ᠢᠯᠢ ᠳᠤ ᠭᠦᠷᠦᠭ᠍ᠰᠡᠨ ᠤ ᠳᠠᠷᠠᠭ᠎ᠠ ᠡᠷᠦᠭᠡ ᠪᠦᠷᠢ ᠳᠤ ᠮᠠᠯ ᠳᠡᠵᠢᠭᠡᠪᠦᠷᠢ ᠥᠭ᠍ᠴᠤ ᠣᠠᠳᠤᠷᠤᠯᠭ᠎ᠠ ᠶᠢ ᠨᠢ ᠳᠡᠦᠡᠭᠦᠭᠦ ᠭᠡᠭᠦ ᠮᠠᠳᠤ ᠶᠢᠨ ᠡᠳᠤᠢ ᠳᠠᠳᠤᠢ ᠵᠤᠷᠢᠭᠵᠢᠭᠤᠯᠬᠤ ᠠᠷᠭ᠎ᠠ ᠭᠡᠮᠵᠢᠶ᠎ᠡ ᠠᠪᠴᠠᠢ᠃

ᠢᠩᠭᠢᠭᠡᠤᠨ ᠴᠠᠬᠠᠷ ᠠᠢ᠌ᠮᠠᠭ ᠤᠨ ᠭᠢᠨ ᠪᠠᠷᠠᠭᠤᠠᠰᠢ ᠨᠡᠭᠦᠵᠤ ᠰᠢᠠᠵᠢᠶᠠᠩ ᠳᠤ ᠭᠦᠷᠭᠦ ᠵᠢᠪᠬᠤᠭᠠᠳᠤ ᠠᠶᠠᠨ ᠤ ᠭᠦᠰᠢᠭᠡ ᠢᠷᠠᠭᠳᠠᠭᠰᠠᠨ ᠪᠠᠢ᠌ᠨ᠎ᠠ᠃

ᠴᠠᠬᠠᠷ ᠠᠢ᠌ᠮᠠᠭ ᠤᠨ ᠭᠢᠨ 3 ᠪᠦᠯᠦᠭ᠌ ᠬᠤᠪᠢᠶᠠᠭᠳᠠᠨ ᠪᠠᠷᠠᠭᠤᠠᠰᠢ ᠨᠡᠭᠦᠪᠡ᠃

1761 ᠣᠨ ᠤ ᠰᠡᠭᠦᠯᠴᠢ ᠡᠴᠡ 1764 ᠣᠨ ᠤ ᠰᠡᠭᠦᠯᠴᠢ ᠪᠣᠯᠳᠠᠯᠠᠭᠢ 3 ᠵᠢᠯ ᠤᠨ ᠬᠤᠭᠤᠷᠤᠠᠳᠤ᠂ ᠴᠢᠩ ᠣᠯᠤᠰ ᠣᠷᠢᠤᠨ ᠬᠤᠵᠢᠤᠨ ᠴᠠᠬᠠᠷ ᠠᠢ᠌ᠮᠠᠭ ᠡᠴᠡ 3 ᠪᠦᠯᠦᠭ᠌ ᠴᠡᠷᠢᠭ᠌ ᠵᠢᠴᠢ ᠭᠡᠷ ᠪᠦᠯᠢ ᠶᠢᠨ ᠭᠢᠨ᠂ ᠳᠠᠷᠢᠶᠠᠨ ᠦᠷ᠎ᠡ ᠥᠩᠭᠡᠯᠡᠭᠦ ᠮᠡᠷᠭᠡᠵᠢᠯ ᠤᠨ ᠡᠮᠡᠭ᠍ᠳᠡᠢ᠌ᠴᠦᠳ ᠵᠡᠷᠭᠡ ᠶᠢ ᠰᠢᠠᠵᠢᠶᠠᠩ ᠳᠤ ᠨᠡᠭᠦᠯᠭᠡᠵᠡᠢ᠃

ᠳᠦᠷᠦᠭᠦᠤ ᠪᠦᠯᠦᠭ᠌ ᠢ ᠨᠢ 1761 ᠣᠨ ᠤ 10 ᠰᠠᠷ᠎ᠠ ᠡᠴᠡ ᠡᠭᠢᠯᠠᠨ ᠡᠯᠰᠡᠵᠤ ᠂ 1762 ᠣᠨ ᠤ 3 ᠰᠠᠷ᠎ᠠ ᠳᠤ ᠴᠤᠭᠯᠠᠷᠠᠨ ᠠᠶᠠᠨ ᠤ ᠵᠠᠮ ᠶᠢᠡᠨ ᠡᠯᠭᠦᠵᠤ᠂ 1763 ᠣᠨ ᠤ 4 ᠰᠠᠷ᠎ᠠ ᠳᠤ ᠰᠢᠠᠵᠢᠶᠠᠩ ᠳᠤ ᠭᠦᠷᠴᠡᠢ᠃

1761 ᠣᠨ ᠤ 10 ᠰᠠᠷ᠎ᠠ ᠳᠤ᠂ ᠳᠡᠭ᠍ᠷᠢ ᠳᠡᠦᠡᠭᠦᠭ᠍ᠴᠢ ᠬᠠᠭᠠᠨ ᠤ ᠵᠠᠷᠯᠢᠭ ᠢ ᠴᠠᠬᠠᠷ ᠤᠨ ᠨᠠᠢᠮᠠᠨ ᠬᠤᠰᠢᠭᠤᠨ ᠳᠤ ᠵᠠᠷᠯᠠᠭᠰᠠᠨ ᠤ ᠳᠠᠷᠠᠭ᠎ᠠ᠂ ᠨᠠᠢᠮᠠᠨ ᠬᠤᠰᠢᠭᠤᠨ ᠤ ᠳᠦᠷᠦᠭᠦᠤ ᠨᠡᠷ ᠡᠷᠦᠭᠡ ᠳᠠᠷᠠᠭᠠᠯᠠᠨ ᠶᠠᠪᠣᠵᠤ ᠣᠬᠠᠭᠤᠯᠤᠨ ᠳᠠᠢ᠌ᠴᠢᠯᠠᠵᠤ᠂ ᠠᠯᠢ ᠣᠯᠠᠨ ᠢᠳᠠᠷ ᠵᠠᠯᠠᠭᠤ ᠭᠦᠮᠦᠰ ᠪᠠᠷᠠᠭᠤᠠᠰᠢ ᠠᠶᠠᠯᠠᠨ ᠭᠢᠯᠢ ᠭᠢᠵᠠᠭᠠᠷ ᠶᠢᠡᠨ ᠬᠠᠮᠠᠭᠠᠯᠠᠬᠤ ᠶᠢ ᠣᠯᠤᠰ ᠭᠡᠷ ᠲᠤ ᠭᠦᠴᠤ ᠪᠠᠨ ᠡᠷᠭᠦᠭᠦ ᠨᠠᠠᠳᠢᠨ ᠵᠠᠪᠰᠢᠶᠠᠨ ᠶᠢᠡᠷ ᠦᠵᠡᠵᠤ᠂ ᠵᠥᠭ᠌ ᠪᠦᠷᠢ ᠡᠴᠡ ᠭᠦᠷᠦᠯᠴᠡᠨ ᠢᠷᠠᠵᠤ ᠨᠠᠷ᠎ᠠ ᠪᠠᠨ ᠮᠡᠳᠡᠭᠦᠯᠤᠨ᠂ ᠰᠠᠷ᠎ᠠ ᠴᠤ ᠪᠣᠯᠤᠯ ᠦᠭᠡᠶ ᠪᠠᠷ《ᠨᠠᠰᠤ ᠵᠢᠯ ᠂ ᠳᠠᠮᠢᠷ ᠳᠡᠩᠭᠡᠭᠡ ᠪᠠᠷ ᠵᠠᠯᠠᠭᠤ ᠭᠦᠳᠡᠷ ᠴᠡᠷᠢᠭ᠌ ᠪᠣᠯᠵᠤ ᠪᠣᠯᠤᠮᠠᠷ》 1000 ᠭᠦᠮᠤᠨ ᠢ ᠡᠯᠰᠡᠵᠡᠢ᠃ ᠡᠭᠦᠨ ᠳᠤ᠂ ᠣᠤᠯ ᠨᠢ ᠰᠢᠠᠵᠢᠶᠠᠩ ᠳᠤ ᠰᠠᠭᠤᠵᠤ ᠪᠠᠢ᠌ᠭᠰᠠᠨ ᠰᠢᠨ᠎ᠠ᠂ ᠬᠠᠭᠤᠴᠢᠨ ᠣᠢ᠌ᠷᠠᠤᠨ ᠠᠢ᠌ᠮᠠᠭ ᠪᠠ ᠬᠠᠯᠬ᠎ᠠ᠂ ᠪᠠᠷᠭᠤ ᠵᠡᠷᠭᠡ ᠠᠢ᠌ᠮᠠᠭ ᠤᠨ ᠢᠳᠠᠷ ᠵᠠᠯᠠᠭᠤ 200 ᠭᠦᠮᠤᠨ ᠵᠢᠴᠢ ᠭᠡᠷ ᠪᠦᠯᠢ ᠶᠢᠨ ᠭᠢᠨ 380 ᠭᠠᠷᠤᠢ ᠭᠦᠮᠤᠨ ᠪᠠᠢ᠌ᠯᠴᠠᠪᠠ᠃ ᠴᠢᠩ ᠭᠦᠷᠤᠨ ᠤ ᠠᠯᠪᠠᠨ ᠤ ᠭᠦᠮᠦᠷᠭᠡ ᠡᠴᠡ ᠮᠦᠩᠭᠦ  ᠵᠤᠭᠤᠰ ᠭᠠᠷᠭᠠᠨ ᠠᠭᠳᠠ ᠮᠤᠷᠢ᠂ ᠳᠡᠮᠡᠭᠡ ᠥᠭᠡᠷ ᠵᠡᠷᠭᠡ ᠮᠠᠯ ᠵᠢᠴᠢ ᠠᠶᠠᠨ ᠵᠠᠮ ᠳᠤ ᠭᠡᠷᠡᠭᠯᠡᠭᠦ ᠵᠣᠢ᠌ᠯᠠᠰ ᠢ ᠠᠪᠣᠭᠰᠠᠨ ᠡᠴᠡ ᠭᠠᠳᠠᠨ᠎ᠠ ᠂ ᠴᠠᠬᠠᠷ ᠨᠠᠢᠮᠠᠨ ᠬᠤᠰᠢᠭᠤᠨ ᠤ ᠭᠢᠨ ᠴᠤ ᠳᠤᠰ ᠬᠤᠰᠢᠭᠤᠨ ᠡᠴᠡ ᠶᠠᠪᠣᠭᠰᠠᠨ ᠴᠡᠷᠢᠭ᠌ ᠵᠢᠴᠢ ᠭᠡᠷ ᠪᠦᠯᠢ ᠶᠢᠨ ᠭᠢᠨ ᠳᠤ ᠨᠢ ᠬᠠᠷᠠᠮ ᠦᠭᠡᠶ ᠳᠡᠮᠵᠢᠯᠭᠡ ᠭᠦᠷᠳᠡᠭᠡᠵᠤ᠂ ᠶᠡᠭᠡ ᠭᠡᠮᠵᠢᠶᠡᠨ ᠤ ᠠᠳᠤᠭᠤ ᠮᠠᠯ᠂ ᠭᠡᠪ ᠤᠨ ᠴᠠᠢ᠂ ᠪᠦᠰ ᠪᠠᠷᠠᠭ᠎ᠠ ᠵᠡᠷᠭᠡ ᠪᠣᠳᠠᠰ ᠢ ᠬᠠᠠᠳᠢᠪᠯᠠᠵᠠᠢ᠃

1762 ᠣᠨ  ᠤ 3 ᠰᠠᠷ᠎ᠠ ᠳᠤ᠂ ᠳᠦᠷᠦᠭᠦᠤ ᠪᠦᠯᠦᠭ᠌ ᠪᠠᠷᠠᠭᠤᠠᠰᠢ ᠨᠡᠭᠦᠳᠡᠯᠯᠡᠭᠦ 1300 ᠭᠠᠷᠤᠢ ᠴᠠᠬᠠᠷ ᠤᠨ ᠴᠡᠷᠢᠭ᠌ ᠵᠢᠴᠢ ᠭᠡᠷ ᠪᠦᠯᠢ ᠶᠢᠨ ᠭᠢᠨ 2000 ᠭᠠᠷᠤᠢ ᠳᠡᠮᠡᠭᠡᠨ ᠠᠴᠢᠶ᠎ᠠ ᠲᠡᠶ᠂ 7000 ᠭᠠᠷᠤᠢ ᠮᠤᠷᠢ ᠣᠨᠤᠭ᠎ᠠ ᠲᠡᠶ ᠪᠠᠷ《ᠴᠠᠬᠠᠷ ᠨᠠᠢᠮᠠᠡ ᠬᠤᠰᠢᠭᠤᠨ ᠤ ᠳᠦᠪ ᠣᠷᠤᠨ ᠪᠣᠯᠬᠤ ᠵᠢᠭᠠᠰᠤᠳᠠᠢ ᠣᠯᠠᠭ᠎ᠠ ᠥᠷᠳᠡᠭᠡᠨ ᠤ ᠣᠷᠴᠢᠮ ᠤᠨ ᠳᠠᠯᠠᠨ ᠳᠦᠷᠦᠭᠦᠤ ᠭᠡᠮᠡᠭᠦ ᠭᠠᠵᠠᠷ (ᠣᠳᠤᠭᠢ ᠦᠪᠣᠷ ᠮᠤᠩᠭ᠋ᠤᠯ ᠤᠨ ᠬᠤᠸᠡᠳᠧ ᠰᠢᠶᠠᠨ ᠭᠢᠭᠡᠤᠨ ᠡᡁᠸᠪᠧᠢ ᠮᠤᠵᠢ ᠶᠢᠨ ᠵᠠᠡᠭ᠍ᠪᠧᠢ ᠰᠢᠶᠠᠨ ᠤ ᠭᠡᠰᠡᠭ᠌) ᠲᠤ ᠴᠤᠭᠯᠠᠷᠠᠵᠤ᠂ ᠴᠢᠩ ᠣᠯᠤᠰ ᠡᠴᠡ ᠡᠯ᠎ᠡ ᠬᠤᠰᠢᠭᠤᠨ ᠤ ᠪᠠᠷᠠᠭᠤᠠᠰᠢ ᠨᠡᠭᠦᠭᠦ ᠴᠡᠷᠢᠭ᠌ ᠤᠨ ᠶᠡᠷᠦᠩᠭᠡᠢ ᠵᠠᠭᠢᠷᠤᠭᠴᠢ ᠶᠢᠨ ᠨᠠᠷᠠᠰ ᠢ ᠨᠠᠢ᠌ᠳᠠᠯᠠᠨ᠂ ᠡᠳᠤᠷ ᠪᠦᠷᠢ ᠬᠤᠶᠠᠷ ᠬᠤᠰᠢᠭᠤᠨ ᠤ ᠨᠢᠭᠡ ᠠᠩᠭᠢ ᠶᠢᠨ ᠭᠢᠨ ᠪᠠᠷᠠᠭᠤᠠᠰᠢ ᠠᠶᠠᠯᠠᠬᠤ ᠠᠶᠠᠨ ᠶᠢᠡᠨ ᠡᠯᠭᠦᠪᠡ᠃ ᠪᠠᠷᠠᠭᠤᠠᠰᠢ ᠠᠶᠠᠯᠠᠭᠰᠠᠨ ᠵᠠᠮ ᠱᠤᠭᠤᠮ ᠨᠢ ᠬᠣᠢ᠌ᠰᠢ ᠪᠠᠨ ᠳᠦᠷᠪᠡᠨ ᠸᠠᠩ᠂ ᠰᠦᠨᠢᠤᠨ ᠤᠨ ᠡᠯ᠎ᠡ ᠬᠤᠰᠢᠭᠤ ᠭᠢᠭᠡᠤᠨ ᠢᠯᠢᠨ (ᠡᠷᠢᠶᠡᠨ ᠬᠤᠳᠠ) ᠶᠢᠡᠷ ᠳᠠᠮᠵᠢᠨ ᠭᠤᠪᠢ ᠶᠢᠨ ᠠᠷᠤ ᠶᠢᠨ ᠮᠤᠩᠭ᠋ᠤᠯ ᠳᠤ ᠣᠷᠤᠵᠤ᠂ ᠳᠠᠷᠠᠭ᠎ᠠ ᠨᠢ ᠲᠦᠰᠢᠶᠠᠳᠤ ᠬᠠᠨ ᠠᠢ᠌ᠮᠠᠭ᠂ ᠰᠠᠢ᠌ᠨ ᠨᠤᠶᠠᠨ ᠬᠠᠨ ᠠᠢ᠌ᠮᠠᠭ ᠪᠠ ᠵᠠᠰᠠᠭ ᠬᠠᠨ ᠠᠢ᠌ᠮᠠᠭ ᠶᠢᠡᠷ ᠳᠠᠮᠵᠢᠵᠤ᠂ ᠴᠠᠭᠠᠠᠳᠤᠬᠤᠢ ᠣᠷᠴᠢᠮ ᠳᠤ ᠪᠠᠭᠤᠳᠠᠯᠯᠠᠨ ᠡᠪᠦᠯᠵᠢᠪᠡ᠃ ᠵᠠᠮ ᠵᠠᠭᠤᠷ᠎ᠠ ᠪᠠᠨ《ᠨᠡᠭᠦᠵᠤ ᠪᠠᠭᠤᠨ ᠠᠭᠠᠵᠢᠮ ᠠᠶᠠᠯᠠᠭᠰᠠᠨ》ᠵᠢᠴᠢ ᠴᠠᠭᠠᠠᠳᠤᠬᠤᠢ ᠣᠷᠴᠢᠮ ᠤᠨ ᠣᠰᠤ ᠪᠠᠯᠴᠢᠭᠡᠷ ᠳᠠᠡᠭᠰᠤᠭ ᠰᠢᠮᠡᠯᠢᠭ᠌ ᠪᠠᠢ᠌ᠭᠰᠠᠨ ᠡᠴᠡ ᠡ᠊ᠡᠳᠡ 2 ᠰᠠᠷ᠎ᠠ ᠭᠢᠷᠢᠳᠠᠢ ᠠᠮᠠᠷᠠᠵᠤ᠂ 1763 ᠣᠨ ᠤ 2 ᠰᠠᠷ᠎ᠠ ᠳᠤ ᠦᠷᠦᠮᠴᠢ ᠳᠤ ᠭᠦᠷᠦᠭ᠍ᠰᠡᠨ ᠪᠠᠢ᠌ᠯ᠎ᠠ᠃

ᠦᠷᠤᠮᠴᠢ ᠳᠤ ᠴᠢᠩ ᠭᠦᠷᠤᠨ ᠡᠴᠡ ᠴᠠᠬᠠᠷ ᠤᠨ ᠰᠢᠯᠢᠳᠡᠭ᠌ ᠴᠡᠷᠢᠭ᠌ 200 ᠭᠦᠮᠤᠨ ᠢ ᠰᠢᠯᠢᠵᠤ᠂ ᠭᠡᠷ ᠪᠦᠯᠢ ᠲᠡᠶ ᠨᠢ ᠰᠠᠭᠤᠯᠭᠠᠵᠤ ᠥᠯᠡᠳᠡᠭᠡᠨ᠂ ᠥᠯᠡᠳᠡᠭ᠍ᠰᠡᠨ ᠴᠠᠬᠠᠷ ᠴᠡᠷᠢᠭ᠌ ᠤᠳ ᠥᠷᠭᠦᠯᠵᠢᠯᠡᠨ ᠪᠠᠷᠠᠭᠤᠠᠰᠢ ᠠᠶᠠᠯᠠᠵᠤ᠂ ᠳᠤᠰ ᠵᠢᠯ ᠤᠨ 4 ᠰᠠᠷ᠎ᠠ ᠳᠤ ᠰᠠᠢ᠌ᠷᠠᠮ ᠨᠠᠭᠤᠷ ᠤᠨ ᠭᠦᠪᠠᠭᠡᠨ ᠳᠤ ᠭᠦᠷᠴᠤ ᠂ ᠣᠯᠠᠭ᠎ᠠ ᠥᠷᠳᠡᠭᠡ ᠵᠢᠴᠢ ᠬᠠᠷᠠᠭᠤᠯ ᠤᠨ ᠭᠠᠵᠠᠷ ᠲᠤ ᠣᠴᠢᠨ ᠭᠢᠯᠢ ᠭᠢᠵᠠᠭᠠᠷ ᠢ ᠰᠠᠭᠢᠵᠤ ᠡᠭᠢᠯᠠᠵᠠᠢ᠃ ᠬᠤᠶᠠᠳᠤᠭᠠᠷ ᠪᠦᠯᠦᠭ᠌ ᠨᠢ 1763 ᠣᠨ ᠤ 12 ᠰᠠᠷ᠎ᠠ ᠳᠤ ᠳᠡᠭ᠍ᠷᠢ ᠳᠡᠦᠡᠭᠦᠭ᠍ᠴᠢ ᠬᠠᠭᠠᠨ ᠤ ᠵᠠᠷᠯᠢᠭ ᠶᠢᠡᠷ ᠳᠤᠳᠤᠷ ᠭᠠᠵᠠᠷ ᠤᠨ ᠮᠠᠠᠵᠤ᠂ ᠭᠢᠳᠠᠤᠨ ᠤᠨ ᠨᠠᠢᠮᠠᠨ ᠬᠤᠰᠢᠭᠤᠨ ᠤ ᠭᠡᠳᠤᠨ ᠮᠢᠩᠭ᠋ᠠᠨ ᠴᠡᠷᠢᠭ᠌ ᠢ ᠰᠢᠠᠵᠢᠶᠠᠩ ᠳᠤ ᠳᠤᠮᠢᠯᠠᠬᠤ ᠡᠴᠡ ᠭᠠᠳᠠᠨ᠎ᠠ᠂ ᠪᠠᠰᠠ ᠬᠠᠷᠠᠮᠦᠷᠡᠨ ᠤ ᠵᠠᠡᠭᠵᠤᠨ᠂ ᠴᠢᠭᠤᠯᠤᠯᠳᠤ ᠬᠠᠭᠠᠯᠭ᠎ᠠ ᠶᠢᠨ ᠴᠠᠬᠠᠷ ᠤᠨ ᠳ᠋ᠤᠲ᠋ᠦ᠋ᠩ ᠵᠡᠷᠭᠡ ᠶᠢ ᠵᠠᠷᠯᠢᠭᠳᠠᠨ᠂ ᠰᠤᠯᠤᠨ᠂ ᠴᠠᠬᠠᠷ ᠤᠨ ᠭᠢᠵᠠᠭᠠᠷ ᠡᠴᠡ ᠰᠠᠢ᠌ᠨ ᠳᠤᠷ᠎ᠠ ᠡᠴᠡ ᠪᠠᠨ ᠭᠡᠷ ᠪᠦᠯᠢ ᠪᠠᠨ ᠳᠠᠭᠠᠭᠤᠯᠤᠨ ᠢᠯᠢ ᠳᠤ ᠶᠠᠪᠣᠭᠰᠠᠤᠨ ᠢ ᠡᠯᠰᠡᠭᠦᠯᠵᠤ᠂ ᠰᠤᠯᠤᠨ ᠡᠴᠡ 1000 ᠭᠦᠮᠤᠨ᠂ ᠴᠠᠬᠠᠷ ᠡᠴᠡ 1000 ᠭᠦᠮᠤᠨ ᠳᠠᠳᠠᠪᠠ᠃ ᠳᠦᠷᠦᠭᠦᠤ ᠣᠳᠠᠭᠠᠨ ᠤ ᠳᠤᠷᠰᠢᠯᠭ᠎ᠠ ᠪᠠᠢ᠌ᠭᠰᠠᠨ ᠡᠴᠡ ᠡᠨᠠ ᠣᠳᠠᠭ᠎ᠠ ᠴᠠᠬᠠᠷ ᠮᠤᠩᠭ᠋ᠤᠯ ᠤᠨ ᠭᠢᠨ ᠴᠡᠷᠢᠭ᠌ ᠡᠯᠰᠡᠭᠦ ᠠᠵᠢᠯ ᠶᠢᠡᠨ ᠮᠠᠰᠢ ᠳᠦᠷᠭᠡᠨ ᠭᠦᠢᠴᠡᠦᠡᠭᠡᠵᠤ ᠂ ᠭᠡᠷ ᠪᠦᠯᠢ ᠶᠢᠨ ᠭᠢᠨ ᠲᠡᠶ ᠪᠠᠨ ᠨᠡᠢ᠌ᠯᠡᠭᠡᠤᠨ 1500 ᠰᠢᠬᠠᠮ ᠭᠦᠮᠤᠨ ᠪᠣᠯᠵᠤ᠂ ᠮᠦᠨ 3000 ᠭᠠᠷᠤᠢ ᠠᠳᠤᠭᠤ᠂ 1000 ᠭᠠᠷᠤᠢ ᠳᠡᠮᠡᠭᠡ᠂ 4000 ᠥᠭᠡᠷ᠂ 2 ᠲᠦᠮᠡᠨ ᠬᠤᠨᠢ ᠪᠠᠯᠠᠳᠬᠡᠭ᠍ᠰᠡᠨ ᠪᠠᠢ᠌ᠨ᠎ᠠ᠃ ᠳᠦᠷᠦᠭᠦᠤ ᠣᠳᠠᠭ᠎ᠠ ᠶᠢᠨ ᠭᠢ ᠲᠡᠶ ᠠᠳᠠᠯᠢ ᠦᠭᠡᠶ ᠨᠢ ᠡᠳᠡᠭᠡᠷ ᠮᠠᠯ ᠢ ᠴᠦᠮ ᠡᠯ᠎ᠡ ᠡᠷᠦᠭᠡ ᠳᠤ ᠬᠤᠪᠢᠶᠠᠭᠠᠤᠨ ᠢᠯᠢ ᠳᠤ ᠭᠦᠷᠦᠭ᠍ᠰᠡᠨ ᠤ ᠳᠠᠷᠠᠭ᠎ᠠ ᠴᠤ ᠬᠤᠷᠢᠶᠠᠵᠤ ᠠᠪᠬᠤ ᠦᠭᠡᠶ᠂ ᠠᠵᠤ ᠣᠠᠳᠤᠷᠤᠯᠭ᠎ᠠ ᠶᠢᠨ ᠮᠠᠯ ᠳᠡᠵᠢᠭᠡᠪᠦᠷᠢ ᠪᠣᠯᠭᠠᠨ᠎ᠠ ᠭᠡᠵᠡᠢ᠃

1763 ᠣᠨ ᠤ 4 ᠰᠠᠷ᠎ᠠ ᠳᠤ᠂ ᠬᠤᠶᠠᠳᠤᠭᠠᠷ ᠪᠦᠯᠦᠭ᠌ ᠴᠠᠬᠠᠷ ᠤᠨ ᠪᠠᠷᠠᠭᠤᠠᠰᠢ ᠨᠡᠭᠦᠭᠦ ᠴᠡᠷᠢᠭ᠌ ᠤᠨ ᠳᠦᠷᠦᠭᠦᠤ ᠠᠩᠭᠢ ᠶᠢᠨ 500 ᠴᠡᠷᠢᠭ᠌ ᠠᠶᠠᠨ ᠵᠠᠮ ᠳᠠᠭᠠᠨ ᠭᠠᠷᠴᠠᠢ᠃ 16 ᠡᠳᠤᠷ ᠤᠨ ᠳᠠᠷᠠᠭ᠎ᠠ ᠬᠤᠶᠠᠳᠤᠭᠠᠷ ᠠᠩᠭᠢ ᠶᠢᠨ 500 ᠴᠡᠷᠢᠭ᠌ ᠵᠢᠴᠢ ᠭᠡᠷ ᠪᠦᠯᠢ ᠶᠢᠨ ᠭᠢᠨ ᠨᠡᠢ᠌ᠯᠡᠭᠡᠤᠨ ᠮᠢᠡᠭᠭ᠎ᠠ ᠰᠢᠬᠠᠮ ᠭᠦᠮᠦᠰ ᠪᠠᠷᠠᠭᠤᠠᠰᠢ ᠠᠶᠠᠯᠠᠪᠠ᠃ ᠳᠠᠷᠠ ᠵᠢᠯ ᠮᠤᠩᠭ᠋ᠤᠯ ᠤᠨ ᠳᠠᠯ᠎ᠠ ᠨᠤᠳᠤᠭ ᠲᠤ ᠣᠠᠴᠠ ᠶᠡᠭᠡ ᠭᠠᠩ ᠬᠠᠭᠰᠠᠷᠠᠭᠠᠨ ᠪᠣᠯᠤᠭᠰᠠᠨ ᠡᠴᠡ ᠪᠠᠷᠠᠭᠤᠠᠰᠢ ᠠᠶᠠᠯᠠᠭᠰᠠᠨ ᠴᠡᠷᠢᠭ᠌ ᠠᠷᠠᠤᠨ ᠠᠷᠭ᠎ᠠ ᠪᠣᠰᠤ ᠡᠪᠠᠰᠤ ᠪᠠᠯᠴᠢᠭᠡᠷ ᠰᠠᠢ᠌ᠳᠠᠢ ᠭᠠᠵᠠᠷ ᠢ ᠰᠤᠩᠭ᠋ᠤᠨ ᠳᠤᠭᠤᠷᠢᠤ ᠶᠠᠪᠣᠭᠰᠠᠨ ᠡᠴᠡ ᠳᠦᠷᠦᠭᠦᠤ ᠪᠦᠯᠦᠭ᠌ ᠤᠨ ᠭᠢᠨ ᠤ ᠠᠶᠠᠯᠠᠯ ᠤᠨ ᠱᠤᠭᠤᠮ ᠡᠴᠡ ᠡᠷᠡᠰ ᠣᠠᠳᠤᠤ ᠪᠠᠢ᠌ᠪᠠ᠃ ᠳᠦᠷᠦᠭᠦᠤ ᠠᠩᠭᠢ ᠶᠢᠨ ᠭᠦᠮᠦᠰ ᠣᠳᠤᠭᠢ ᠮᠤᠩᠭ᠋ᠤᠯ ᠣᠯᠤᠰ ᠤᠨ ᠠᠯᠳᠠᠢ ᠣᠷᠴᠢᠮ ᠳᠤ ᠡᠪᠦᠯ ᠬᠠᠪᠣᠷ ᠢ ᠳᠤᠭᠤᠯᠵᠤ᠂ 5 ᠰᠠᠷ᠎ᠠ ᠭᠠᠷᠤᠢ ᠪᠣᠯᠤᠭᠠᠤᠨ 1764 ᠣᠨ ᠤ 3 ᠰᠠᠷ᠎ᠠ ᠳᠤ ᠳᠠᠠᠳᠠ ᠡᠴᠡ ᠭᠦᠳᠡᠯᠵᠤ᠂ 6 ᠰᠠᠷ᠎ᠠ ᠳᠤ ᠨᠢ ᠰᠠᠢ᠌ᠷᠠᠮ ᠨᠠᠭᠤᠷ ᠤᠨ ᠭᠦᠪᠠᠭᠡᠨ ᠳᠤ ᠭᠦᠷᠴᠡᠢ᠃ ᠬᠤᠶᠠᠳᠤᠭᠠᠷ ᠠᠩᠭᠢ ᠶᠢᠨ ᠭᠢᠨ 1763 ᠣᠨ ᠤ 9 ᠰᠠᠷ᠎ᠠ ᠳᠤ ᠰᠢᠠᠵᠢᠶᠠᠩ ᠤᠨ ᠪᠠᠯᠺᠦᠮ ᠳᠤ ᠡᠪᠦᠯᠵᠢᠵᠤ᠂ 1764 ᠣᠨ ᠤ 1 ᠰᠠᠷ᠎ᠠ ᠳᠤ ᠳᠠᠠᠳᠠ ᠡᠴᠡ ᠭᠦᠳᠡᠯᠵᠤ ᠂ 2 ᠰᠠᠷ᠎ᠠ ᠳᠤ ᠨᠢ  ᠦᠷᠤᠮᠴᠢ ᠳᠤ ᠭᠦᠷᠤᠨ ᠂ 4 ᠰᠠᠷ᠎ᠠ ᠳᠤ ᠢᠯᠢ ᠳᠤ ᠭᠦᠷᠴᠡᠢ᠃

ᠴᠠᠬᠠᠷ ᠠᠢ᠌ᠮᠠᠭ ᠤᠨ ᠭᠤᠷᠪᠠᠳᠤᠭᠠᠷ ᠪᠦᠯᠦᠭ᠌ ᠪᠠᠷᠠᠭᠤᠠᠰᠢ ᠨᠡᠭᠦᠭ᠍ᠰᠡᠳ ᠨᠢ ᠣᠠᠴᠠᠭᠠᠢ ᠭᠦᠮᠦᠰ ︱ ᠵᠢᠷᠤᠮ ᠤᠨ ᠣᠷᠤᠭ ᠤᠨ ᠡᠮᠡᠭ᠍ᠳᠡᠢ᠌ᠴᠦᠳ ᠪᠣᠯᠤᠨ᠎ᠠ᠃ 1764 ᠣᠨ ᠤ 6 ᠰᠠᠷ᠎ᠠ ᠡᠴᠡ ᠡᠭᠢᠯᠠᠨ ᠡᠯᠰᠡᠵᠤ᠂ 12 ᠰᠠᠷ᠎ᠠ ᠳᠤ ᠢᠯᠢ ᠳᠤ ᠭᠦᠷᠪᠡ ᠃

ᠴᠠᠬᠠᠷ ᠤᠨ ᠴᠡᠷᠢᠭ᠌ ᠪᠠᠷᠠᠭᠤᠠᠰᠢ ᠨᠡᠭᠦᠵᠤ ᠢᠯᠢ ᠶᠢ ᠰᠠᠭᠢᠭᠰᠠᠨ ᠡᠴᠡ ᠰᠢᠠᠵᠢᠶᠠᠩ ᠤᠨ ᠰᠡᠷᠭᠡᠢ᠌ᠯᠡᠯᠳᠡ ᠶᠢᠨ ᠠᠵᠢᠯ ᠮᠠᠰᠢ ᠴᠢᠩᠭ᠋ᠠᠷᠠᠪᠠ᠃ ᠭᠡᠳᠡᠯ᠎ᠡ᠂ ᠮᠦᠨ ᠨᠢᠭᠡᠨ ᠨᠡᠢ᠌ᠭᠡᠮ ᠤᠨ ᠠᠰᠠᠭᠤᠳᠠᠯ ᠢᠯᠠᠷᠠᠪᠠ ᠄ ᠭᠠᠭᠴᠠ ᠪᠠᠶ᠎ᠠ ᠴᠡᠷᠢᠭ᠌ ᠡᠷᠡᠰ ᠲᠤ ᠳᠤᠬᠠᠢ ᠶᠢᠨ ᠭᠠᠵᠠᠷ ᠲᠤ ᠡᠭᠡᠨᠡᠷ ᠪᠣᠯᠤᠮᠠᠷ ᠳᠤᠰ ᠠᠢ᠌ᠮᠠᠭ ᠣᠭᠰᠠᠭᠠᠨ ᠤ ᠡᠮᠡᠭ᠍ᠳᠡᠢ᠌ᠴᠦᠳ ᠳᠤᠳᠠᠭᠳᠠᠵᠤ᠂ ᠠᠮᠤᠷ ᠳᠤᠭᠳᠠᠭᠤᠨ ᠠᠵᠤ ᠳᠦᠷᠦᠭᠦ ᠠᠷᠭ᠎ᠠ ᠦᠭᠡᠶ ᠪᠠᠢ᠌ᠪᠠ᠃ 1764 ᠣᠨ ᠤ 5 ᠰᠠᠷ᠎ᠠ ᠳᠤ᠂ ᠴᠢᠩ ᠤᠨ ᠵᠠᠰᠠᠭ ᠤᠨ ᠭᠠᠵᠠᠷ ᠪᠠᠰᠠ ᠴᠠᠬᠠᠷ ᠤᠨ ᠨᠠᠢᠮᠠᠨ ᠬᠤᠰᠢᠭᠤᠨ ᠡᠴᠡ ᠡᠮᠡᠭ᠍ᠳᠡᠢ᠌ᠴᠦᠳ ᠢ ᠡᠯᠰᠡᠨ᠂ ᠢᠯᠢ ᠳᠤ ᠣᠴᠢᠭᠤᠯᠤᠨ ᠵᠢᠷᠤᠮ ᠤᠨ ᠣᠷᠤᠭ ᠪᠠᠷᠢᠯᠳᠤᠭᠤᠯᠬᠤ ᠪᠠᠷ ᠪᠣᠯᠪᠠ᠃ ᠭᠡᠳᠥᠢ᠌ᠪᠠᠷ《ᠰᠠᠢ᠌ᠨ ᠳᠤᠷ᠎ᠠ ᠶᠢ ᠨᠢ ᠦᠨᠳᠦᠰᠦᠯᠠᠨ᠂ ᠠᠯᠪᠠᠳᠠᠵᠤ ᠰᠢᠬᠠᠬᠤ ᠦᠭᠡᠶ》ᠭᠡᠰᠡᠨ ᠪᠣᠯᠪᠠᠴᠤ ᠭᠡᠷᠡᠭ᠌ ᠳᠡᠭᠡᠷ᠎ᠡ ᠪᠠᠨ ᠠᠷᠭᠠᠳᠠᠬᠤ ᠠᠯᠪᠠᠳᠠᠬᠤ ᠶᠢ ᠬᠤᠤᠰᠯᠠᠭᠤᠯᠤᠨ᠂ ᠰᠠᠷ᠎ᠠ ᠴᠤ ᠪᠣᠯᠤᠭ᠎ᠠ ᠦᠭᠡᠶ ᠪᠠᠷ 420 ᠡᠮᠡᠭ᠍ᠳᠡᠢ ᠶᠢ ᠡᠯᠰᠡᠵᠤ᠂ ᠡᠭᠦᠨ ᠳᠤ ᠪᠠᠯᠪᠠᠰᠤᠨ ᠪᠦᠰᠡᠭᠦᠢ ᠪᠠ ᠭᠡᠦᠭᠡᠡᠴᠦᠳ ᠪᠠᠢ᠌ᠯᠴᠠᠪᠠ᠃ 1764 ᠣᠨ ᠤ 6 ᠰᠠᠷ᠎ᠠ ᠳᠤ᠂ ᠡᠳᠡᠭᠡᠷ ᠡᠮᠡᠭ᠍ᠳᠡᠢ᠌ᠴᠦᠳ ᠢ 10 ᠠᠩᠭᠢ ᠬᠤᠪᠢᠶᠠᠨ ᠂ ᠭᠠᠳᠠᠭᠠᠳᠤ ᠮᠤᠩᠭ᠋ᠤᠯ ᠤᠨ ᠣᠯᠢᠶᠠᠰᠤᠳᠠᠢ ᠡᠴᠡ ᠰᠢᠠᠵᠢᠶᠠᠩ ᠤᠨ ᠪᠠᠯᠺᠦᠮ ᠳᠤ ᠭᠦᠷᠭᠦ ᠱᠤᠭᠤᠮ ᠶᠢᠡᠷ ᠠᠶᠠᠯᠠᠨ᠂ 10 ᠰᠠᠷ᠎ᠠ ᠳᠤ  ᠦᠷᠤᠮᠴᠢ ᠳᠤ ᠭᠦᠷᠴᠤ᠂ 12 ᠰᠠᠷ᠎ᠠ ᠳᠤ ᠨᠢ ᠢᠯᠢ ᠳᠤ ᠭᠦᠷᠴᠡᠢ᠃ ᠬᠠᠭᠠᠰ ᠵᠢᠯ ᠰᠢᠠᠭᠮ ᠤᠨ ᠠᠶᠠᠨ ᠵᠠᠮ ᠳᠤ ᠡᠪᠠᠦᠡᠴᠢᠨ ᠡᠮᠭᠡᠭ᠌ ᠵᠢᠴᠢ ᠪᠣᠰᠤᠳ ᠰᠢᠯᠳᠠᠭᠠᠨ ᠶᠢᠡᠷ 42 ᠭᠦᠮᠤᠨ ᠥᠭᠦᠵᠤ᠂ ᠳᠠᠠᠳᠠ ᠠᠮᠢᠳᠤ ᠪᠠᠷ ᠭᠦᠷᠦᠭ᠍ᠰᠡᠨ ᠨᠢ 378 ᠭᠦᠮᠤᠨ ᠪᠠᠢ᠌ᠵᠠᠢ᠃ ᠳᠠᠳᠠ ᠰᠢᠠᠵᠢᠶᠠᠩ ᠳᠤ ᠭᠦᠷᠦᠭ᠍ᠰᠡᠨ ᠤ ᠳᠠᠷᠠᠭ᠎ᠠ ᠴᠥᠭᠡᠨ ᠳᠤᠭᠠᠨ ᠤ ᠨᠠᠰᠤ ᠠᠭᠢᠭᠰᠠᠨ᠂ ᠡᠪᠠᠦᠡᠴᠢᠨ ᠲᠡᠶ ᠵᠡᠮᠳᠡᠭ᠌ ᠵᠡᠷᠭᠡ ᠣᠷᠤᠭᠯᠠᠵᠤ ᠪᠣᠯᠬᠤ ᠦᠭᠡᠶ ᠭᠦᠮᠦᠰ ᠢ ᠨᠢ ᠴᠠᠬᠠᠷ ᠤᠨ ᠪᠠᠶᠠᠨ ᠳᠠᠡᠭᠰᠤᠭ ᠡᠷᠦᠭᠡ ᠳᠤ ᠳᠡᠵᠢᠭᠡᠯᠭᠡᠵᠤ᠂ ᠪᠣᠰᠤᠳ ᠨᠢ ᠴᠦᠮ ᠴᠠᠬᠠᠷ ᠪᠠ ᠣᠢ᠌ᠷᠠᠤᠨ ᠤᠨ ᠭᠤᠤᠨᠢ ᠴᠡᠷᠢᠭ᠌ ᠡᠷᠡᠰ ᠲᠤ ᠮᠤᠷᠳᠠᠵᠠᠢ᠃

ᠴᠠᠬᠠᠷ ᠤᠨ ᠴᠡᠷᠢᠭ᠌ ᠠᠷᠠᠤᠨ ᠰᠢᠠᠵᠢᠶᠠᠩ ᠢ ᠰᠠᠭᠢᠨ ᠬᠠᠮᠠᠭᠠᠯᠠᠵᠤ ᠨᠡᠭᠡᠭᠡᠨ ᠠᠰᠢᠭᠯᠠᠭᠰᠠᠨ ᠨᠢ

ᠴᠠᠬᠠᠷ ᠤᠨ ᠴᠡᠷᠢᠭ᠌ ᠤᠳ ᠪᠣᠷᠤᠳᠠᠯ᠎ᠠ ᠳᠤ ᠭᠦᠷᠦᠭ᠍ᠰᠡᠨ ᠤ ᠳᠠᠷᠠᠭ᠎ᠠ᠂ ᠴᠠᠬᠠᠷ ᠪᠠᠲ᠋ᠯᠢᠶᠤᠨ ᠭᠡᠮᠡᠭ᠍ᠳᠡᠭᠦ ᠪᠣᠯᠵᠠᠢ᠃ ᠴᠢᠩ ᠤᠨ ᠵᠠᠰᠠᠭ ᠡᠨᠡᠭᠦ ᠪᠠᠲ᠋ᠯᠢᠶᠤᠨ ᠢ ᠵᠡᠭᠦᠨ ᠪᠠᠷᠠᠭᠤᠨ ᠬᠤᠶᠠᠷ ᠭᠠᠷ ᠪᠣᠯᠭᠠᠨ ᠬᠤᠪᠢᠶᠠᠵᠤ ᠂ ᠬᠤᠶᠠᠷ ᠭᠠᠷ ᠤᠨ ᠭᠢᠨ ᠳᠤᠰ ᠪᠦᠷᠢ 3 ︱ 4 ᠮᠢᠩᠭ᠋ᠠᠨ ᠭᠦᠮᠤᠨ ᠠᠮᠠ ᠲᠡᠶ᠂ ᠡᠭᠦᠨ ᠳᠤ ᠴᠡᠷᠢᠭ᠌ 900 ᠭᠠᠷᠤᠢ ᠭᠦᠮᠤᠨ ᠪᠠᠢ᠌ᠪᠠ᠃ ᠵᠡᠭᠦᠨ ᠭᠠᠷ ᠤᠨ ᠭᠢᠨ ᠨᠢ ᠳᠦᠷᠦᠭᠦᠤ ᠪᠦᠯᠦᠭ᠌ ᠪᠠᠷᠠᠭᠤᠠᠰᠢ ᠨᠡᠭᠦᠭ᠍ᠰᠡᠳ᠂ ᠰᠢᠯᠤᠭᠤᠨ ᠴᠠᠭᠠᠨ᠂ ᠰᠢᠯᠤᠭᠤᠨ ᠭᠦᠭᠡ᠂ ᠭᠦᠪᠠᠭᠡᠳᠤ ᠰᠢᠷ᠎ᠠ᠂ ᠭᠦᠪᠠᠭᠡᠳᠤ ᠴᠠᠭᠠᠨ ᠳᠦᠷᠪᠡᠨ ᠬᠤᠰᠢᠭᠤᠨ ᠡᠴᠡ ᠢᠷᠠᠯᠳᠠᠢ᠂ ᠪᠠᠷᠠᠭᠤᠨ ᠭᠠᠷ ᠤᠨ ᠭᠢᠨ ᠨᠢ ᠬᠤᠶᠠᠳᠤᠭᠠᠷ ᠪᠦᠯᠦᠭ᠌ ᠪᠠᠷᠠᠭᠤᠠᠰᠢ ᠨᠡᠭᠦᠭ᠍ᠰᠡᠳ ᠂ ᠰᠢᠯᠤᠭᠤᠨ ᠰᠢᠷ᠎ᠠ᠂ ᠰᠢᠯᠤᠭᠤᠨ ᠣᠯᠠᠭᠠᠨ᠂ ᠭᠦᠪᠠᠭᠡᠳᠤ ᠣᠯᠠᠭᠠᠨ᠂ ᠭᠦᠪᠠᠭᠡᠳᠤ ᠭᠦᠭᠡ ᠳᠦᠷᠪᠡᠨ ᠬᠤᠰᠢᠭᠤᠨ ᠡᠴᠡ ᠢᠷᠠᠯᠳᠠᠢ ᠪᠠᠢ᠌ᠪᠠ᠃

ᠴᠠᠬᠠᠷ ᠠᠢ᠌ᠮᠠᠭ ᠤᠨ ᠪᠠᠷᠠᠭᠤᠠᠰᠢ ᠨᠡᠭᠦᠵᠤ ᠰᠢᠠᠵᠢᠶᠠᠩ ᠳᠤ ᠭᠦᠷᠦᠭ᠍ᠰᠡᠨ ᠭᠤᠤᠯ ᠡᠭᠦᠷᠭᠡ ᠪᠣᠯ ᠭᠢᠯᠢ ᠭᠢᠵᠠᠭᠠᠷ ᠢ ᠰᠠᠭᠢᠬᠤ ᠶᠢᠨ ᠳᠦᠯᠦᠭᠡ ᠶᠤᠮ ᠃ ᠳᠠᠳᠠ ᠪᠣᠷᠤᠳᠠᠯ᠎ᠠ ᠳᠤ ᠭᠦᠷᠦᠭ᠍ᠰᠡᠨ ᠤ ᠳᠠᠷᠠᠭ᠎ᠠ ᠢᠯᠢ ᠶᠢᠨ ᠵᠠᠡᠭᠵᠤᠨ ᠳᠤ ᠮᠡᠳᠡᠭᠦᠯᠤᠨ᠂ ᠭᠢᠯᠢ ᠶᠢᠨ ᠪᠣᠭᠤᠮᠳᠠ ᠬᠠᠪᠴᠢᠯ ᠤᠨ ᠭᠡᠰᠡᠭ᠌ ᠲᠤ ᠶᠡᠭᠡ ᠪᠠᠭ᠎ᠠ 21 ᠬᠠᠷᠠᠭᠤᠯ ᠤᠨ ᠭᠠᠵᠠᠷ ᠭᠠᠷᠭᠠᠵᠤ ᠂ ᠳᠤᠰᠪᠣᠷᠢ ᠳᠤ ᠨᠢ 10 ︱ 30 ᠴᠡᠷᠢᠭ᠌ ᠳᠤᠭᠢᠷᠠᠭᠤᠯᠪᠠ ᠃ ᠭᠢᠯᠢ ᠶᠢ ᠰᠠᠭᠢᠬᠤ ᠬᠠᠷᠠᠭᠤᠯ ᠤᠨ ᠭᠠᠵᠠᠷ ᠤᠨ ᠴᠡᠷᠢᠭ᠌ ᠤᠨ ᠬᠠᠷᠢᠭᠤᠴᠠᠯᠭ᠎ᠠ ᠭᠡᠪᠠᠯ ᠨᠢᠭᠡ ᠳᠤ᠂ ᠣᠷᠤᠰ ᠤᠨ ᠭᠢᠨ ᠤ ᠮᠠᠨ ᠤ ᠣᠯᠤᠰ ᠤᠨ ᠭᠢᠯᠢ ᠳᠤ ᠬᠠᠯᠳᠠᠬᠤ ᠶᠢ ᠰᠡᠷᠭᠡᠢ᠌ᠯᠡᠨ᠎ᠡ ( ᠬᠠᠷᠠᠭᠤᠯ ᠤᠨ ᠭᠠᠵᠠᠷ ᠨᠢ ᠭᠢᠯᠢᠯᠡᠭᠦ ᠳᠡᠮᠳᠡᠭ᠌ ᠪᠢᠰᠢ᠂ ᠭᠢᠯᠢ ᠶᠢᠨ ᠱᠤᠭᠤᠮ ᠡᠴᠡ ᠵᠤᠭᠢᠬᠤ ᠵᠠᠢ᠌ᠳᠠᠢ ᠪᠠᠢ᠌ᠳᠠᠭ) ; ᠬᠤᠶᠠᠷ ᠲᠤ᠂ ᠴᠥᠯᠡᠭ᠍ᠳᠡᠭ᠍ᠰᠡᠨ ᠶᠠᠯᠠᠳᠠᠨ ᠢ ᠬᠠᠮᠢᠶᠠᠷᠴᠤ᠂ ᠭᠡᠷᠡᠭ᠌ ᠡᠳᠤᠨ ᠭᠠᠳᠠᠭᠰᠢ ᠳᠤᠳᠠᠭᠠᠬᠤ ᠡᠴᠡ ᠨᠢ ᠰᠡᠷᠭᠡᠢ᠌ᠯᠡᠨ᠎ᠡ ; ᠭᠤᠷᠪᠠ ᠳᠤ᠂ ᠨᠡᠭᠦᠳᠡᠯ ᠮᠠᠯᠵᠢᠯ ᠢ ᠬᠠᠮᠢᠶᠠᠷᠴᠤ᠂ ᠡᠯ᠎ᠡ ᠠᠢ᠌ᠮᠠᠭ ᠤᠨ ᠭᠢᠨ ᠤ ᠬᠠᠷᠢᠯᠴᠠᠨ ᠭᠢᠵᠠᠭᠠᠷ ᠶᠢᠡᠨ ᠳᠠᠪᠠᠬᠤ ᠶᠢ ᠰᠡᠷᠭᠡᠢ᠌ᠯᠡᠨ᠎ᠡ᠃ ᠴᠠᠬᠠᠷ ᠤᠨ ᠶᠡᠷᠦᠩᠭᠡᠢ ᠵᠠᠭᠢᠷᠤᠭᠴᠢ ᠵᠡᠷᠭᠡ ᠨᠢ ᠰᠠᠷ᠎ᠠ ᠳᠤ ᠨᠢᠭᠡ ᠣᠳᠠᠭ᠎ᠠ ᠡᠨᠡᠭᠦᠷ ᠳᠤᠭᠤᠷᠢᠨ ᠪᠠᠢ᠌ᠴᠠᠭᠠᠵᠤ᠂ ᠴᠠᠬᠠᠷ ᠤᠨ ᠳᠦᠷᠦᠭᠦᠤ ᠲᠦᠰᠢᠮᠠᠯ ᠨᠢ ᠬᠠᠪᠣᠷ ᠨᠠᠮᠤᠷ ᠲᠠᠭᠠᠨ ᠳᠤᠰᠪᠣᠷᠢ ᠨᠢᠭᠡ ᠣᠳᠠᠭ᠎ᠠ ᠳᠤᠭᠤᠷᠢᠨ ᠪᠠᠢ᠌ᠴᠠᠭᠠᠳᠠᠭ᠃

1770 ᠣᠨ ᠳᠤ᠂ ᠣᠷᠤᠰ ᠤᠨ ᠸᠤᠯᠭ᠎ᠠ ᠮᠦᠷᠡᠨ ᠤ ᠳᠤᠤᠷᠠᠳᠤ ᠣᠷᠤᠰᠬᠠᠯ ᠤᠨ ᠣᠷᠤᠨ ᠳᠤ ᠪᠠᠢ᠌ᠭᠰᠠᠨ ᠭᠤᠪᠢ ᠶᠢᠨ ᠪᠠᠷᠠᠭᠤᠠᠳᠠᠭᠢ ᠮᠤᠩᠭ᠋ᠤᠯ ᠤᠨ ᠳᠤᠷᠭᠤᠳ ᠠᠢ᠌ᠮᠠᠭ ᠤᠨ ᠳᠦᠷᠦᠭᠦᠤ ᠣᠪᠠᠰᠢ ᠬᠠᠨ 17 ᠲᠦᠮᠡᠨ ᠬᠠᠷᠢᠶᠠᠳᠤ ᠠᠷᠠᠤᠨ ᠶᠢᠡᠨ ᠳᠠᠭᠠᠭᠤᠯᠤᠨ ᠳᠤᠷᠤᠨᠠᠰᠢ ᠪᠣᠴᠠᠵᠤ᠂ ᠳᠠᠷᠠᠭ᠎ᠠ ᠵᠢᠯ ᠤᠨ ᠭᠢᠨᠢ 6 ᠰᠠᠷ᠎ᠠ ᠳᠤ ᠰᠢᠠᠵᠢᠶᠠᠩ ᠤᠨ ᠢᠯᠢ ᠳᠤ ᠭᠦᠷᠴᠤ ᠢᠷᠡᠭᠦ ᠳᠤ ᠬᠠᠷᠢᠶᠠᠳᠤ ᠠᠷᠠᠤᠨ ᠨᠢ ᠵᠥᠪᠭᠡᠨ ᠬᠠᠭᠠᠰ ᠰᠢᠬᠠᠮ ᠨᠢ ᠦᠯᠠᠳᠠᠵᠠᠢ᠃ ᠡᠭᠦᠨ ᠡᠴᠡ ᠬᠣᠢ᠌ᠰᠢ ᠭᠤᠪᠢ ᠶᠢᠨ ᠪᠠᠷᠠᠭᠤᠠᠳᠠᠭᠢ ᠣᠢ᠌ᠷᠠᠤᠨ ᠮᠤᠩᠭ᠋ᠤᠯ ᠤᠨ ᠳᠦᠷᠪᠡᠨ ᠠᠢ᠌ᠮᠠᠭ ᠴᠦᠮ ᠴᠢᠩ ᠤᠨ ᠬᠠᠷᠢᠶᠠᠨ ᠳᠤ ᠣᠷᠤᠵᠤ᠂ ᠴᠢᠩ ᠣᠯᠤᠰ ᠡᠴᠡ ᠳᠤᠰ ᠠᠢ᠌ᠮᠠᠭ ᠤᠨ ᠭᠢᠨ ᠢ ᠰᠢᠠᠵᠢᠶᠠᠩ ᠤᠨ ᠪᠠᠷᠠᠭᠤᠨ ᠬᠣᠢ᠌ᠳᠤ ᠭᠡᠰᠡᠭ᠌ ᠲᠤ ᠪᠠᠢ᠌ᠷᠢᠯᠠᠭᠤᠯᠵᠤ᠂ ᠳᠦᠷᠪᠡᠨ ᠵᠠᠮ ᠤᠨ ᠨᠠᠢᠮᠠᠨ ᠬᠤᠰᠢᠭᠤ ᠪᠣᠯᠭᠠᠨ᠂ ᠡᠭᠦᠨ ᠳᠤ ᠪᠠᠷᠠᠭᠤᠨ ᠵᠠᠮ ᠤᠨ ᠨᠢᠭᠡ ᠬᠤᠰᠢᠭᠤᠨ ᠤ 3000 ᠰᠢᠠᠭᠮ ᠭᠦᠮᠤᠨ ᠢ ᠨᠢ ᠪᠣᠷᠤᠳᠠᠯ᠎ᠠ ᠣᠷᠴᠢᠮ ᠳᠤ ᠰᠠᠭᠤᠯᠭᠠᠵᠠᠢ᠃ ᠢᠩᠭᠢᠭᠡᠤᠨ ᠴᠠᠬᠠᠷ ᠭᠢᠭᠡᠤᠨ ᠣᠢ᠌ᠷᠠᠤᠨ ᠬᠤᠶᠠᠷ ᠠᠢ᠌ᠮᠠᠭ ᠤᠨ ᠮᠤᠩᠭ᠋ᠤᠯ ᠴᠡᠷᠢᠭ᠌ ᠤᠳ ᠭᠦᠴᠤᠨ ᠬᠠᠮᠳᠤᠷᠠᠨ ᠡᠭᠡ ᠣᠯᠤᠰ ᠤᠨ ᠪᠠᠷᠠᠭᠤᠨ ᠭᠢᠵᠠᠭᠠᠷ ᠢ ᠰᠠᠭᠢᠵᠤ᠂ ᠴᠠᠬᠠᠷ ᠴᠡᠷᠢᠭ᠌ ᠠᠯᠳᠠᠢ ᠣᠷᠤᠨ ᠳᠤ ᠴᠠᠭᠠᠨ ᠣᠷᠤᠰ ᠲᠡᠶ ᠠᠰ ᠳᠤᠯᠤᠨ ᠠᠪᠤᠨ ᠬᠠᠷᠢᠭᠤᠴᠠᠵᠤ ᠠᠯᠳᠠᠷ ᠴᠤᠤ ᠮᠠᠠᠳᠤᠭᠰᠠᠨ ᠪᠢᠯᠠ᠃

ᠴᠠᠬᠠᠷ ᠤᠨ ᠴᠡᠷᠢᠭ᠌ ᠠᠷᠠᠤᠨ ᠮᠦᠨ ᠰᠢᠠᠵᠢᠶᠠᠩ ᠤᠨ ᠭᠢᠯᠢ ᠭᠢᠵᠠᠭᠠᠷ ᠢ ᠨᠡᠭᠡᠭᠡᠨ ᠠᠰᠢᠭᠯᠠᠬᠤ ᠳᠤ ᠴᠤ ᠴᠢᠬᠤᠯᠠ ᠵᠢᠦᠡᠭᠦᠯ ᠥᠵᠡᠭᠦᠯᠵᠡᠢ᠃ ᠬᠤᠶᠠᠷ ᠪᠦᠯᠦᠭ᠌ ᠪᠠᠷᠠᠭᠤᠠᠰᠢ ᠨᠡᠭᠦᠭ᠍ᠰᠡᠨ ᠴᠠᠬᠠᠷ ᠤᠨ ᠴᠡᠷᠢᠭ᠌ ᠠᠷᠠᠤᠨ ᠨᠠᠢ᠌ᠳᠠ 4 ᠲᠦᠮᠡᠨ ᠬᠤᠨᠢ ᠂ 2050 ᠳᠡᠮᠡᠭᠡ ᠂ 544 ᠮᠤᠷᠢ ᠠᠪᠴᠢᠷᠠᠵᠤ᠂ ᠡᠳᠡᠭᠡᠷ ᠮᠠᠯ ᠰᠥᠷᠦᠭ᠌ ᠨᠢ ᠳᠤᠬᠠᠢ ᠶᠢᠨ ᠭᠠᠵᠠᠷ ᠤᠨ ᠮᠠᠯᠵᠢᠯ ᠤᠨ ᠳᠠᠯᠠᠪᠠᠢ ᠪᠠᠢ᠌ᠭᠤᠯᠤᠭᠳᠠᠬᠤ ᠳᠤ ᠰᠠᠭᠤᠷᠢ ᠳᠠᠯᠪᠢᠵᠤ ᠂ ᠮᠦᠨ ᠮᠠᠯ ᠠᠵᠤ ᠠᠬᠤᠢ ᠶᠢᠨ ᠭᠦᠭ᠍ᠵᠢᠯᠳᠡ ᠳᠤ ᠰᠢᠯᠢᠳᠡᠭ᠌ ᠡᠭᠦᠯᠳᠡᠷ ᠬᠠᠩᠭ᠋ᠠᠵᠠᠢ᠃ ᠣᠠᠴᠠᠭᠠᠢ᠌ᠯᠠᠨ ᠴᠠᠬᠠᠷ ᠤᠨ ᠮᠤᠩᠭ᠋ᠤᠯ ᠮᠤᠷᠢ ᠨᠢ ᠰᠥᠷᠦᠭᠯᠡᠨ ᠮᠠᠯᠵᠢᠬᠤ ᠳᠤ ᠳᠤᠭᠢᠷᠠᠬᠤ ᠪᠦᠭᠡᠤᠨ ᠪᠠᠶ᠎ᠠ ᠪᠢᠯᠳᠠᠷ ᠰᠠᠢ᠌ᠳᠠᠢ ᠂ ᠳᠠᠰᠪᠣᠷᠢ ᠳᠠᠭᠠᠭᠠᠴᠠ ᠲᠡᠶ ᠵᠡᠷᠭᠡ ᠪᠠᠷ ᠶᠢᠡᠨ ᠨᠠᠷ᠎ᠠ ᠠᠯᠳᠠᠷᠰᠢᠪᠠ᠃ ᠴᠠᠬᠠᠷ ᠤᠨ ᠴᠡᠷᠢᠭ᠌ ᠠᠷᠠᠤᠨ ᠪᠠᠰᠠ ᠣᠢ᠌ᠭᠤᠷᠴᠤᠳ ᠲᠡᠶ ᠬᠠᠮᠳᠤ ᠬᠠᠶᠠᠭᠳᠠᠭᠰᠠᠨ ᠣᠰᠤᠨ ᠰᠤᠪᠠᠭ ᠢ ᠵᠠᠰᠠᠵᠤ᠂ ᠰᠢᠨ᠎ᠠ ᠰᠤᠪᠠᠭ ᠮᠠᠯᠳᠠᠨ᠂ ᠪᠣᠭᠤᠳᠠᠢ᠂ ᠨᠤᠬᠠᠢ ᠶᠢᠨ ᠬᠤᠰᠢᠭᠤ᠂ ᠨᠠᠷᠢᠮᠤ ᠵᠡᠷᠭᠡ ᠶᠢ ᠳᠠᠷᠢᠵᠤ ᠂ ᠬᠤᠷᠢᠶᠠᠭᠰᠠᠨ ᠠᠮᠤ ᠪᠣᠳᠠᠭ᠎ᠠ ᠨᠢ ᠦᠪᠡᠷᠰᠠᠤᠨ ᠢ ᠪᠠᠨ ᠬᠠᠩᠭ᠋ᠠᠬᠤ ᠡᠴᠡ ᠭᠠᠳᠠᠨ᠎ᠠ ᠪᠠᠰᠠ ᠳᠤᠬᠠᠢ ᠶᠢᠨ ᠭᠠᠵᠠᠷ ᠤᠨ ᠴᠡᠷᠢᠭ᠌ ᠤᠨ ᠭᠦᠨᠡᠰᠤ ᠶᠢ ᠬᠠᠩᠭ᠋ᠠᠵᠤ ᠪᠠᠢ᠌ᠪᠠ᠃

ᠮᠢᠩ ᠣᠯᠤᠰ ᠤᠨ ᠡᠭᠢ ᠪᠠᠷ ᠴᠬᠠᠠᠷ ᠤᠨ ᠵᠡᠭᠦᠨ ᠪᠠᠷᠠᠭᠤᠨ ᠬᠤᠶᠠᠷ ᠭᠠᠷ ᠤᠨ ᠭᠢᠨ ᠨᠠᠢ᠌ᠳᠠ 1150 ᠴᠡᠷᠢᠭ᠌ ᠲᠡᠶ ᠪᠠᠢ᠌ᠵᠤ᠂ ᠮᠦᠨ ᠣᠤᠯ ᠵᠤᠷᠰᠢᠯ ᠶᠢᠡᠷ ᠭᠢᠯᠢ ᠭᠢᠵᠠᠭᠠᠷ ᠢ ᠰᠠᠭᠢᠨ᠂ ᠬᠠᠷᠠᠭᠤᠯ ᠤᠨ ᠭᠠᠵᠠᠷ ᠶᠢᠡᠷ ᠪᠠᠢ᠌ᠴᠠᠭᠠᠵᠤ ᠪᠠᠢ᠌ᠪᠠ᠃ 1938 ᠣᠨ ᠳᠤ᠂ ᠴᠠᠬᠠᠷ ᠤᠨ ᠴᠡᠷᠢᠭ᠌ ᠤᠨ ᠶᠠᠪᠣᠳᠠᠯ ᠤᠨ ᠣᠷᠤᠨ ᠳᠤᠭ᠎ᠠ ᠶᠢ ᠬᠠᠰᠤᠵᠠᠢ᠃

ᠰᠢᠨ᠎ᠠ ᠳᠤᠮᠳᠠᠳᠤ ᠣᠯᠤᠰ ᠪᠠᠢ᠌ᠭᠤᠯᠤᠭᠳᠠᠭᠰᠠᠨ ᠤ ᠳᠠᠷᠠᠭ᠎ᠠ᠂ 1954 ᠣᠨ ᠤ 7 ᠰᠠᠷ᠎ᠠ ᠳᠤ ᠪᠣᠷᠤᠳᠠᠯ᠎ᠠ ᠶᠢᠨ ᠮᠤᠩᠭ᠋ᠤᠯ ᠦᠨᠳᠦᠰᠦᠳᠠᠨ ᠤ ᠥᠪᠠᠷᠳᠡᠭᠡᠨ ᠵᠠᠰᠠᠬᠤ ᠵᠸᠤ ᠪᠠᠢ᠌ᠭᠤᠯᠤᠭᠳᠠᠵᠠᠢ᠃

( 《 ᠣᠮᠠᠷᠠᠳᠤ ᠶᠢᠨ ᠰᠢᠨ᠎ᠠ ᠰᠤᠨᠢᠨ 》 ᠡᠴᠡ ᠨᠠᠢ᠌ᠷᠠᠭᠤᠯᠤᠨ ᠣᠷᠴᠢᠭᠤᠯᠪᠠ)

ᠵᠤᠬᠢᠶᠠᠭᠴᠢ ᠶᠢᠨ ᠬᠠᠶ‍ᠢᠭ᠄ ᠣᠯᠠᠭᠠᠠᠴᠠᠪ ᠬᠤᠳᠠ ᠶᠢᠨ ᠳᠦᠷᠪᠡᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠪᠠ᠊·ᠷᠢᠨᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 14198
ᠴᠠᠭ᠄ 2011 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ