ᠨᠡᠪᠲᠡᠷᠡᠨ ᠤᠷᠤᠬᠤ
ᠱᠠᠩᠳᠤ ᠬᠤᠳᠠ ᠪᠣᠶᠤ ᠴᠢᠯᠠᠭᠤᠨ ᠭᠦᠮᠤᠨ

ᠡᠨᠡ ᠦᠳᠡ ᠶᠢᠨ ᠡᠮᠤᠨ᠎ᠡ ᠪᠢ᠂ ᠰᠤᠷᠠᠭᠠᠭᠤᠯᠢ ᠳᠠᠭᠠᠨ ᠮᠤᠩᠭ᠋ᠤᠯ ᠭᠡᠯᠡ ᠪᠢᠴᠢᠭ᠌ ᠤᠨ ᠵᠢᠭᠠᠨ ᠰᠤᠳᠤᠯᠬᠤ ᠳᠤᠭᠣᠢ᠌ᠯᠠᠩ ᠤᠨ ᠨᠡᠭᠡᠭᠡᠯᠳᠡ ᠶᠢᠨ ᠭᠢᠴᠢᠶᠠᠯ ᠢ ᠰᠤᠨᠤᠰᠤᠯ᠎ᠠ᠃

     ᠭᠢᠴᠢᠶᠡᠯᠯᠡᠭ᠍ᠴᠢ ᠪᠠᠭᠰᠢ᠄ ᠳᠠᠨ᠎ᠠ᠃

     ᠵᠢᠭᠠᠭᠰᠠᠨ ᠭᠢᠴᠢᠶᠠᠯ᠄    《ᠱᠠᠩᠳᠤ ᠬᠤᠳᠠ》᠃

     ᠳᠠᠨ᠎ᠠ ᠪᠠᠭᠰᠢ ᠡᠴᠡ ᠳᠤᠰ ᠭᠢᠴᠢᠶᠠᠯ ᠶᠢᠡᠨ ᠪᠦᠷᠢᠨ ᠳᠦᠭᠦᠷ ᠪᠡᠯᠡᠳᠭᠡᠵᠤ᠂ ᠭᠣᠢ᠌ᠳᠠ ᠰᠠᠢ᠌ᠬᠠᠨ ᠭᠢᠴᠢᠶ‍ᠯᠯᠡᠭ᠍ᠰᠡᠨ᠃ ᠰᠤᠷᠤᠭᠴᠢᠳ ᠴᠤ ᠶᠡᠭᠡᠳᠡ ᠣᠷᠮ᠎ᠠ ᠲᠡᠶ ᠪᠠᠬ᠎ᠠ ᠲᠡᠶ᠂ ᠭᠦᠷ ᠲᠡᠶ ᠭᠦᠭ᠍ᠵᠢᠶᠡᠨ ᠲᠡᠶ ᠰᠤᠨᠤᠰᠴᠠᠭᠠᠵᠤ᠂ ᠡᠯ᠎ᠡ ᠵᠣᠢ᠌ᠯ ᠤᠨ ᠭᠦᠳᠡᠯᠭᠡᠭᠡᠨ ᠳᠤᠭᠯᠠᠭᠠᠮ ᠳᠤ ᠰᠡᠳᠭᠢᠯ ᠳᠦᠭᠦᠷᠡᠩ ᠢᠳᠡᠭᠡᠯ ᠪᠠᠷᠳᠠᠮ ᠣᠷᠤᠯᠴᠠᠵᠠᠭᠠᠰᠠᠨ᠃ ᠮᠦᠨᠴᠤ ᠡᠯ᠎ᠡ ᠵᠣᠢ᠌ᠯ ᠤᠨ ᠡᠭᠦᠷᠭᠡ ᠵᠤᠷᠢᠯᠭ᠎ᠠ ᠪᠠᠨ ᠪᠠᠷᠳᠠᠮ ᠳᠡᠭᠦᠰ ᠪᠠᠶ‍ᠯᠡᠭᠦᠯᠵᠡᠭᠡᠭ᠍ᠰᠡᠨ᠃

     ᠭᠢᠴᠢᠶᠠᠯ ᠳᠤ᠂ ᠱᠠᠩᠳᠤ ᠬᠤᠳᠠ ᠶᠢᠨ ᠡᠷᠳᠡ ᠡᠳᠦᠭᠡ ᠶᠢᠨ ᠪᠠᠢ᠌ᠳᠠᠯ ᠢ ᠠᠮᠢᠳᠤᠯᠢᠭ ᠣᠷᠠᠯᠢᠭ ᠶᠢᠡᠷ᠂ ᠪᠣᠳᠠᠳᠠᠢ ᠪᠠᠷ ᠪᠢᠴᠢᠵᠤ ᠳᠤᠰᠬᠠᠵᠤ᠂ ᠱᠠᠩᠳᠤ ᠬᠤᠳᠠ ᠶᠢᠨ ᠣᠤᠯ ᠳᠦᠷᠭᠦ ᠊᠊᠊᠊᠊᠊᠊᠊᠊᠊᠊᠊᠊᠊᠊ ᠭᠤᠸ᠎ᠠ ᠰᠦᠷᠯᠢᠭ᠌᠂ ᠭᠣᠢ᠌ᠳᠠ ᠭᠡᠭᠡᠡᠴᠢᠷ (ᠣᠤᠯ)  ᠪᠠᠢ᠌ᠳᠠᠯ ᠢ ᠨᠢᠳᠤᠨ ᠳᠤ ᠥᠵᠡᠭ᠍ᠳᠡᠵᠤ ᠭᠠᠷ ᠲᠤ ᠪᠠᠷᠢᠭᠳᠠᠮ᠎ᠠ ᠢᠯᠡᠷᠡᠭᠦᠯᠵᠡᠢ᠃

      ᠮᠡᠭᠦᠰ ᠮᠢᠨᠤ ᠪᠠᠶ᠎ᠠ ᠳᠤᠰ ᠭᠢᠴᠢᠶᠠᠯ ᠢ ᠰᠤᠨᠤᠰᠤᠭᠠᠤᠨ᠂   ᠰᠡᠳᠭᠢᠯ ᠳᠤᠩ ᠭᠦᠳᠡᠯᠦᠭ᠍ᠰᠡᠨ᠃ ᠮᠦᠨᠴᠤ ᠣᠯᠠᠨ ᠶᠠᠭᠤᠮ᠎ᠠ ᠪᠣᠳᠤᠭᠰᠠᠨ᠃ ᠡ᠊ᠨᠳᠡ ᠡᠨᠡᠭᠦ ᠬᠤᠶᠠᠷ ᠵᠢᠵᠢᠭ᠌ ᠰᠢᠯᠦᠭᠯᠡᠯ ᠢ ᠪᠢᠴᠢᠵᠤ᠂ ᠦᠪᠡᠷ ᠤᠨ ᠱᠠᠩᠳᠤ ᠬᠤᠳᠠ ᠪᠠᠨ ᠳᠤᠷᠠᠰᠤᠨ ᠮᠦᠷᠦᠭᠡᠳᠴᠤ᠂ ᠳᠤᠷᠠᠳᠬᠠᠨ ᠰᠠᠨᠠᠭᠠᠯᠵᠠᠵᠤ ᠪᠠᠢ᠌ᠭ᠎ᠠ ᠰᠡᠳᠭᠢᠯ ᠶᠢᠡᠨ ᠢᠯᠡᠳᠭᠡᠰᠦᠭᠡᠢ︕


     ᠱᠠᠩᠳᠤ ᠬᠤᠳᠠ


ᠱᠠᠯ ᠡᠷᠳᠡᠨ ᠤ ᠬᠠᠭᠤᠴᠢ ᠳᠤᠮᠤᠭ

ᠰᠢᠷ᠎ᠠ ᠳᠠᠯ᠎ᠠ ᠪᠠᠨ ᠰᠠᠭᠢᠵᠤ ᠰᠠᠭᠤᠭᠰᠠᠨ

ᠱᠠᠯᠳᠠᠩ ᠴᠢᠯᠠᠭᠤᠨ ᠭᠦᠮᠤᠨ ᠤ

ᠳᠠᠭᠤᠯᠠᠵᠤ ᠶᠠᠪᠣᠭᠰᠠᠨ ᠵᠠᠮ

ᠳᠤᠭᠤᠯᠵᠤ ᠢᠷᠡᠭ᠍ᠰᠡᠨ ᠳᠡᠦᠭᠡ


     ᠴᠢᠯᠠᠭᠤᠨ ᠭᠦᠮᠤᠨ


ᠡᠩᠭᠡᠷ ᠶᠢᠡᠨ ᠨᠠᠷᠠᠨ ᠳᠤ ᠰᠢᠷᠠᠭᠤᠯᠵᠤ

ᠡᠭᠡᠮ ᠶᠢᠡᠨ ᠢᠯᠳᠤᠨ ᠳᠤ ᠴᠠᠪᠴᠢᠭᠤᠯᠤᠭᠰᠠᠨ

ᠡᠷᠳᠡ ᠶᠢᠨ ᠡᠷᠳᠡ ᠶᠢᠨ ᠡᠮᠭᠡᠨᠢᠯ ᠰᠢᠷᠬᠠᠯᠠᠯ


ᠣᠨᠠᠭᠰᠠᠨ ᠭᠠᠵᠠᠷ ᠡᠴᠡ ᠪᠠᠨ ᠰᠠᠯᠬᠤ ᠥᠭᠡᠢ

ᠣᠤᠭᠤᠭᠰᠠᠨ ᠣᠰᠤ ᠡᠴᠡ ᠪᠠᠨ ᠬᠤᠯᠠᠳᠬᠤ ᠦᠭᠡᠶ ᠭᠡᠰᠡᠨ

ᠣᠵᠤᠭᠤᠷ ᠤᠨ ᠣᠵᠤᠭᠤᠷ ᠤᠨ ᠰᠠᠴᠠᠨ ᠣᠬᠠᠭᠠᠨ


        2010.10.20. ᠦᠳᠡ ᠶᠢᠨ ᠡᠮᠤᠨ᠎ᠡ᠂ ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 13031
ᠴᠠᠭ᠄ 2010 ᠤᠨ ᠤ 10 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ