ᠨᠡᠪᠲᠡᠷᠡᠨ ᠤᠷᠤᠬᠤ
ᠴᠠᠭ

ᠳᠠᠭ︕

ᠳᠠᠭ︕

ᠳᠠᠭ︕

ᠠᠮᠢ ᠨᠠᠰᠤᠨ ᠤ ᠰᠢᠷᠭᠠᠯ ᠪᠦᠷᠦᠢ ᠵᠥᠭ᠌

ᠠᠭᠢᠵᠤ ᠬᠠᠷᠠᠯ ᠥᠭᠡᠢ

ᠠᠪ ᠠᠯᠠᠭᠤᠷᠬᠠᠨ ᠶᠠᠪᠣᠵᠤ ᠣᠳᠤᠨ᠎ᠠ᠃

ᠬᠠᠵᠠᠭᠤ ᠪᠠᠷ ᠴᠢᠨᠢ ᠭᠡᠨᠡᠭ᠌ ᠴᠤ ᠦᠭᠡᠶ ᠠᠯᠬᠤᠯᠠᠨ

ᠬᠠᠯᠳᠠᠵᠤ ᠠᠪᠣᠭᠠᠤᠨ ᠵᠤᠭᠰᠤᠭᠠᠶ᠎ᠠ ᠭᠡᠰᠡᠨ ᠴᠤ

ᠬᠠᠷᠠᠵᠤ ᠥᠵᠡᠭᠦ ᠴᠤ ᠦᠭᠡᠶ ᠶᠠᠪᠣᠨ᠎ᠠ᠃

ᠠᠯᠢᠪᠠ ᠰᠢᠵᠢᠷ ᠠᠯᠳᠠ ᠶᠢ ᠴᠢᠨᠢ ᠡᠭᠦᠷᠤᠨ ᠶᠠᠪᠣᠨ᠎ᠠ᠂

ᠠᠮᠢ ᠪᠠᠶ᠎ᠠ ᠴᠢᠨᠢ ᠪᠠᠰᠠ ᠪᠠᠭᠳᠠᠨ᠎ᠠ᠃

ᠠᠯᠳᠠᠵᠤ ᠳᠡᠭᠦᠨ ᠢ ᠳᠠᠯᠪᠢᠨ ᠶᠠᠪᠣᠭᠤᠯᠪᠠᠯ

ᠠᠷᠤᠨ ᠳᠤ ᠬᠤᠴᠤᠷᠠᠭᠰᠠᠨ ᠴᠢ ᠱᠠᠯ᠃

ᠴᠠᠰᠢ ᠪᠠᠨ ᠬᠠᠠᠳᠤᠪᠠᠯ ᠡᠷᠭᠢᠳᠡᠭ᠌ ᠥᠭᠡᠢ

ᠴᠢᠩᠭ᠎ᠠ ᠬᠠᠳᠠᠭᠤ ᠵᠦᠢ ᠵᠤᠰᠤ

ᠴᠡᠭᠡᠷᠯᠡᠯ ᠪᠣᠯᠵᠤ ᠪᠢᠳᠠᠨ ᠳᠤ ᠬᠤᠴᠤᠷᠠᠨ᠎ᠠ᠃

ᠳᠠᠭ︕

ᠳᠠᠭ︕

ᠳᠠᠭ︕


ᠵᠤᠬᠢᠶᠠᠭᠴᠢ ᠶᠢᠨ ᠬᠠᠶ‍ᠢᠭ᠄ ᠡᠵᠡᠨ ᠬᠤᠷᠤᠭ᠎ᠠ ᠬᠤᠰᠢᠭᠤᠨ ᠤ ᠳᠣᠢ᠌ᠭ ᠰᠤᠮᠤ

ᠵᠤᠬᠢᠶᠠᠭᠴᠢ᠄ ᠣᠯᠠᠭᠠᠠᠪᠠᠷᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 09 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ