☆ ᠭᠤ᠋·ᠰᠤᠶᠤᠯᠲᠤ
ᠴᠢᠳᠦᠷ ᠤᠨ ᠲᠤᠬᠠᠢ ᠦᠭᠦᠯᠡᠬᠦᠢ
ᠮᠤᠩᠭ᠋ᠤᠯᠴᠤᠳ ᠤᠨ ᠣᠳᠠᠭᠠᠨ ᠣᠨ ᠤ ᠨᠡᠭᠦᠳᠡᠯ ᠮᠠᠯᠵᠢᠯ ᠤᠨ ᠠᠮᠢᠳᠤᠷᠠᠯ ᠳᠤᠮᠳᠠᠭᠢ ᠡᠳ᠋ᠯᠡᠯ ᠭᠡᠷᠡᠭ᠍ᠰᠡᠯ ᠨᠢ ᠪᠦᠷ ᠣᠷᠤ ᠣᠷᠤᠨ ᠳᠤ ᠪᠠᠨ ᠳᠤᠭᠢᠷᠠᠭᠰᠠᠨ ᠮᠥᠷᠳᠡᠭᠡᠨ ᠣᠠᠴᠠᠯᠢᠭ ᠪᠠᠢ᠌ᠳᠠᠯ ᠳᠤ ᠨᠢ ᠵᠤᠭᠢᠴᠠᠭᠰᠠᠨ ᠨᠠᠷᠠ ᠳᠤᠮᠢᠶ᠎ᠠ ᠲᠡᠶ ᠪᠠᠢ᠌ᠳᠠᠭ ᠶᠤᠮ᠃ ᠡᠨᠡ ᠨᠢ ᠪᠣᠰᠤᠳ ᠡᠴᠡ ᠢᠯᠭᠠᠭᠳᠠᠬᠤ ᠦᠪᠡᠷᠮᠢᠴᠠ ᠰᠤᠳᠤᠨ ᠰᠤᠶᠤᠯ ᠪᠣᠯᠬᠤ ᠶᠤᠮ᠃ ᠣᠨᠤᠭᠠᠨ ᠤ ᠮᠤᠷᠢ ᠶᠢ ᠪᠠᠨ《ᠬᠤᠯᠠ ᠶᠠᠪᠣᠭᠤᠯᠬᠤ ᠥᠭᠡᠢ》 ᠭᠡᠮᠡᠨ ᠭᠤᠷᠪᠠᠨ ᠭᠦᠯ ( ᠡᠮᠦᠨ᠎ᠡ ᠬᠤᠶᠠᠷ ᠭᠦᠯ ᠪᠠ ᠵᠦᠪᠳᠠᠢ ᠬᠣᠢ᠌ᠳᠤ ᠭᠦᠯ ) ᠢ ᠨᠢ ᠳᠤᠷᠭᠤᠭᠠᠨ ᠪᠠᠭᠢᠯᠡᠳᠡᠭ᠌ ᠡᠳ᠋ᠯᠡᠭᠡ ᠶᠢ ᠮᠠᠨᠠᠢ᠌ᠭᠢᠨ 《ᠴᠢᠳᠤᠷ》 ᠭᠡᠳᠡᠭ᠌᠃ ᠡᠭᠦᠨ ᠡᠴᠠ ᠣᠠᠳᠤᠤ ᠴᠢᠳᠤᠷ ᠲᠡᠶ ᠠᠳᠠᠯᠢᠬᠠᠨ ᠣᠢ᠌ᠯᠠᠳᠤᠯ ᠪᠦᠭᠦᠢ ᠮᠤᠷᠢᠨ ᠤ ᠡᠮᠤᠨ᠎ᠡ ᠬᠤᠶᠠᠷ ᠭᠦᠯ ᠳᠤ ᠨᠢ ᠭᠢᠳᠡᠭ᠌ ᠢ ᠨᠢ 《ᠲ᠋ᠤᠱᠠ》 ᠭᠡᠵᠤ᠂ ᠨᠢᠭᠡᠯᠡ ᠳᠠᠯ᠎ᠠ ᠶᠢᠨ ᠡᠮᠤᠨ᠎ᠡ ᠬᠣᠢ᠌ᠳᠤ ᠭᠦᠯ ᠳᠤ ᠨᠢ ᠭᠢᠳᠡᠭ᠌ ᠢ ᠨᠢ 《ᠥᠷᠦᠭᠡᠯ》 ᠭᠡᠳᠡᠭ᠌᠃ ᠪᠠᠰᠠ ᠰᠤᠯᠢᠪᠴᠠᠭ᠎ᠠ ᠬᠤᠶᠠᠷ ᠭᠦᠯ ( ᠪᠣᠷᠤᠭᠤᠳᠠᠢ ᠡᠮᠤᠨ᠎ᠡ ᠪᠣᠶᠤ ᠵᠦᠪᠳᠠᠢ ᠬᠣᠢ᠌ᠳᠤ) ᠢ ᠨᠢ ᠳᠤᠷᠭᠤᠭᠠᠵᠤ ᠭᠢᠭᠦ ᠶᠢ 《ᠨᠤᠬᠠᠢ ᠥᠷᠦᠭᠡᠯ》 ᠴᠤ ᠭᠡᠳᠡᠭ᠌ ᠶᠤᠮ᠃
ᠴᠢᠳᠤᠷ ᠨᠢ ᠳᠡᠭᠡᠭ᠌ (ᠭᠤᠷᠪᠠ ᠪᠣᠢ)᠂ ᠠᠯᠠᠭ᠎ᠠ (ᠭᠤᠷᠪᠠ ᠪᠣᠢ)᠂ ᠭᠦᠭᠦᠯ (ᠭᠤᠷᠪᠠ ᠪᠣᠢ)᠂ ᠬᠨ ᠪᠣᠶᠤ ᠳᠤᠱᠠᠬᠤ (ᠵᠤᠢᠪ ᠪᠣᠷᠤᠭᠤ ᠬᠤᠶᠠᠷ ᠪᠣᠢ)᠂ ᠪᠠᠯᠴᠢᠷ (belchir) ᠭᠢᠭᠡᠤᠨ ᠰᠤᠮᠤ ᠭᠡᠭᠦ ᠳᠠᠪᠤᠨ ᠭᠡᠰᠡᠭ᠌ ᠶᠢᠡᠷ ᠪᠦᠷᠢᠯᠳᠦᠳᠡᠭ᠌᠃ ᠳᠡᠭᠡᠭᠦ ᠳᠤ ᠪᠠᠨ 《ᠮᠤᠭᠠᠢ ᠥᠭᠡᠷ᠎ᠡ ᠦᠭᠡᠶ ᠪᠠᠶ᠎ᠠ ᠲᠡᠶ ᠮᠤᠳᠤᠨ ᠭᠤᠷᠪᠠᠨ ᠭᠢᠮᠤᠰᠤ ᠳᠠᠢ》 ᠭᠡᠰᠡᠨ ᠣᠨᠢᠰᠤᠭ᠎ᠠ ᠴᠤ ᠪᠠᠢ᠌ᠳᠠᠭ ᠪᠢᠯᠠ᠃
ᠴᠢᠳᠤᠷ ᠢ ᠭᠤᠷᠮᠤᠰᠤᠨ ᠴᠢᠳᠤᠷ᠂ ᠳᠠᠮᠤᠷ ᠴᠢᠳᠤᠷ ᠭᠢᠭᠡᠤᠨ ᠮᠢᠠᠳᠠᠰᠤᠨ ᠴᠢᠳᠤᠷ ᠭᠡᠵᠤ ᠬᠤᠪᠢᠶᠠᠵᠤ ᠪᠣᠯᠤᠨ᠎ᠠ᠃ ᠭᠤᠷᠮᠤᠰᠤᠨ ᠴᠢᠳᠤᠷ ᠢ ᠮᠤᠰᠭᠢᠬᠤ ᠳᠤ ᠶᠠᠭ ᠭᠤᠷᠪᠠᠨ ᠵᠦᠰᠤᠮ ᠰᠤᠷ ᠣᠷᠤᠳᠠᠭ᠃ ᠭᠤᠷᠪᠠᠨ ᠵᠦᠰᠤᠮ ᠰᠤᠷ ᠭᠡᠳᠡᠭ᠌ ᠨᠢ ᠥᠭᠡᠷ ᠤᠨ ᠰᠢᠷᠢ ᠶᠢ ᠡᠯᠳᠡᠭᠡᠤᠨ ᠭᠤᠯᠳᠤ ᠪᠠᠷ ᠨᠢ ᠵᠥᠰᠦᠭ᠍ᠰᠡᠨ ᠭᠤᠷᠪᠠᠨ ᠣᠷᠳᠤ ᠰᠤᠷ ᠢ ᠵᠢᠭᠠᠨ᠎ᠠ᠃ ᠭᠤᠷᠪᠠᠨ ᠵᠦᠰᠤᠮ ᠰᠤᠷ ᠤᠨ ᠶᠢᠡᠨ ᠥᠭᠡᠳᠡᠰᠤ ᠪᠣᠶᠤ ᠦᠯᠠᠳᠠᠵᠤ ᠳᠤᠰᠤᠭᠰᠠᠨ ᠶᠢᠡᠷ ᠨᠢ ᠭᠦᠭᠦᠯ (ᠭᠦᠭᠦᠯᠳᠡ ᠴᠤ ᠭᠡᠳᠡᠭ᠌) ᠵᠡᠷᠭᠡ ᠶᠢ ᠨᠢ ᠭᠢᠳᠡᠭ᠌ ᠶᠤᠮ᠃ ᠪᠠᠯᠴᠢᠷ ᠢ ᠨᠢ ᠳᠠᠮᠤᠷ ᠭᠠᠷᠠᠬ᠎ᠠ ᠪᠠᠷ ᠣᠷᠤᠯᠠᠭᠤᠯᠤᠨ ᠭᠢᠭ᠍ᠰᠡᠨ (ᠪᠣᠰᠤᠳ ᠨᠢ ᠪᠦᠷ ᠰᠤᠷ) ᠊ᠢ ᠳᠠᠮᠤᠷ ᠴᠢᠳᠤᠷ ᠭᠡᠨ᠎ᠡ᠂ ᠳᠠᠮᠤᠷ ᠴᠢᠳᠤᠷ ᠨᠢ ᠨᠠᠯᠢᠶᠠᠤᠨ ᠰᠡᠭᠦᠯ ᠤᠨ ᠦᠶ᠎ᠡ ᠳᠤ ᠪᠣᠢ ᠪᠣᠯᠵᠠᠢ᠃ ᠰᠢᠷᠢ ᠰᠤᠷ ᠬᠤᠪᠣᠷᠳᠠᠬᠤ ᠶᠢ ᠳᠠᠭᠠᠯᠳᠤᠨ ᠭᠦᠮᠦᠰ ᠰᠢᠷᠭᠡᠭᠯᠢᠭ᠌ ᠰᠦᠯᠢᠶᠤᠤ ᠪᠣᠶᠤ ᠬᠤᠯᠢᠮᠠᠭ ᠰᠢᠷᠭᠡᠭ᠌ ᠶᠢᠡᠷ ᠭᠢᠭ᠍ᠰᠡᠨ ᠢ ᠨᠢ ᠮᠢᠠᠳᠠᠰᠤᠨ ᠴᠢᠳᠤᠷ ᠭᠡᠳᠡᠭ᠌᠂ ᠡᠨᠡ ᠨᠢ ᠣᠷᠴᠢᠮ ᠤᠨ ᠵᠢᠯ ᠤᠳ ᠲᠤ ᠪᠣᠢ ᠪᠣᠯᠵᠠᠢ᠃ ᠮᠢᠠᠳᠠᠰᠤᠨ ᠴᠢᠳᠤᠷ ᠨᠢ ᠭᠡᠷᠡᠭᠯᠡᠭ᠍ᠰᠡᠨ ᠮᠠᠲ᠋ᠸᠷᠢᠶᠠᠯ ᠨᠢ ᠠᠳᠠᠯᠢ ᠦᠭᠡᠶ ᠡᠴᠠ ᠪᠢᠰᠢ ᠪᠣᠰᠤᠳ ᠨᠢ ᠭᠤᠷᠮᠤᠰᠤᠨ ᠴᠢᠳᠤᠷ ᠲᠡᠶ ᠪᠠᠨ ᠠᠳᠠᠯᠢ ᠶᠤᠮ᠃
ᠴᠢᠳᠤᠷ ᠲᠤ ᠮᠤᠩᠭ᠋ᠤᠯ ᠳᠤᠭ᠎ᠠ ᠭᠡᠮᠵᠢᠭᠦᠷ ᠤᠨ ᠣᠬᠠᠭᠳᠠᠬᠤᠨ ᠮᠠᠰᠢ ᠨᠠᠷᠢᠨ ᠠᠭᠤᠯᠤᠭᠳᠠᠳᠠᠭ ᠪᠢᠯᠠ᠃ ᠵᠢᠱᠢᠶᠡᠯᠡᠭᠦ ᠳᠤ᠂ ᠭᠦᠭᠦᠯ ᠨᠢ ᠭᠤᠷᠪᠠᠨ ᠬᠤᠷᠤᠭᠤ᠂ ᠠᠯᠠᠭ᠎ᠠ ᠨᠢ ᠨᠢᠭᠡ ᠰᠥᠭᠡᠮ᠂ ᠵᠦᠪᠳᠠᠢ ᠬᠨ ᠨᠢ ᠨᠢᠭᠡ ᠪᠠᠷᠢᠮ᠎ᠠ᠂ ᠪᠣᠷᠤᠭᠤᠳᠠᠢ ᠬᠨ ᠨᠢ ᠮᠤᠬᠤᠷ ᠰᠥᠭᠡᠮ᠂ ᠰᠤᠮᠤ ᠨᠢ ᠳᠠᠪᠤᠨ ᠪᠠᠷᠢᠮ᠎ᠠ ᠬᠠᠭᠠᠰ ᠪᠣᠶᠤ ᠵᠢᠷᠭᠤᠭᠠᠨ ᠪᠠᠷᠢᠮ᠎ᠠ (ᠭᠡᠷᠡᠭᠯᠡᠭᠡᠤᠨ ᠳᠤᠨᠤᠭ᠎ᠠ ᠨᠢ ᠭᠠᠷᠬᠤ ᠳᠤ ᠪᠠᠨ ᠭᠤᠷᠪᠠᠨ ᠬᠤᠷᠤᠭᠤ ᠰᠤᠨᠤᠳᠠᠭ) ᠪᠠᠢ᠌ᠳᠠᠭ ᠶᠤᠮ᠃
ᠴᠢᠳᠤᠷ ᠤᠨ ᠵᠦᠪ ᠪᠣᠷᠤᠭᠤ ᠬᠨ ᠶᠢᠨ ᠣᠷᠳᠤ ᠪᠣᠭᠤᠨᠢ ᠶᠢ ᠠᠳᠠᠯᠢ ᠦᠭᠡᠶ ᠭᠢᠳᠡᠭ᠌ ᠨᠢ ᠮᠠᠰᠢ ᠣᠬᠠᠭᠠᠨ ᠲᠡᠶ ᠪᠢᠯᠠ᠂ ᠠᠳᠠᠯᠢᠬᠠᠨ ᠣᠷᠳᠤ ᠭᠢᠪᠠᠯ ᠮᠤᠷᠢ ᠰᠢᠭᠡᠭᠦ ᠳᠤ ᠪᠠᠨ ᠴᠢᠳᠤᠷ ᠤᠨ ᠰᠤᠮᠤᠨ ᠳᠡᠭᠡᠷ᠎ᠡ ᠰᠢᠭᠡᠵᠤ ᠨᠤᠷᠭᠠᠵᠤ ᠳᠡᠪᠳᠦᠭᠡᠭᠦ ᠡᠴᠠ ᠵᠡᠢ᠌ᠯᠡᠰᠭᠢᠭ᠍ᠰᠡᠨ ᠶᠤᠰᠤ ᠣᠴᠢᠷ ᠠᠭᠤᠯᠤᠭᠳᠠᠳᠠᠭ ᠶᠤᠮ ᠳ᠋ᠠ᠃
ᠴᠢᠳᠤᠷ ᠤᠨ ᠳᠡᠭᠡᠭ᠌ ᠢ ᠶᠠᠰᠤ᠂ ᠡᠪᠠᠷ᠂ ᠬᠤᠯᠤᠰᠤ ᠪᠣᠶᠤ ᠮᠤᠳᠤ ᠪᠠᠷ ᠭᠢᠳᠡᠭ᠌᠂ ᠣᠢ᠌ᠷ᠎ᠠ ᠦᠶ᠎ᠡ ᠳᠤ ᠳᠠᠮᠤᠷ ᠵᠢᠠᠳᠠ ᠪᠠᠷ ᠭᠢᠳᠡᠭ᠌ ᠴᠤ ᠪᠣᠯᠵᠠᠢ᠃
ᠮᠤᠩᠭ᠋ᠤᠯᠴᠤᠳ ᠠᠷᠭ᠎ᠠ ᠦᠭᠡᠶ ᠶᠠᠪᠣᠭᠤᠯ ᠮᠤᠷᠢ ᠪᠣᠶᠤ ᠡᠮᠨᠢᠭ᠌ ᠳᠤᠭᠰᠢᠨ ᠢ 《ᠬᠨ ᠳᠠᠷᠤᠬᠤ》 ᠪᠣᠶᠤ 《ᠬᠣᠢ᠌ᠰᠢᠯᠠᠳᠠᠬᠤ》 ᠭᠡᠵᠤ ᠣᠠᠴᠠᠭᠠᠢ ᠠᠷᠭ᠎ᠠ ᠪᠠᠷ ᠴᠢᠳᠤᠷᠯᠠᠵᠤ ᠣᠷᠭᠢᠳᠠᠭ ᠶᠤᠮ᠃ 《ᠬᠨ ᠳᠠᠷᠤᠬᠤ》 ᠭᠡᠳᠡᠭ᠌ ᠨᠢ ᠴᠢᠳᠤᠷ ᠤᠨ ᠶᠢᠡᠨ ᠵᠦᠪ ᠪᠣᠷᠤᠭᠤ ᠬᠤᠶᠠᠷ ᠬᠨ ᠶᠢ ᠬᠤᠭᠤᠷᠤᠠᠳᠤ ᠨᠢ ᠵᠠᠩᠭᠢᠯᠠᠭᠠᠤᠨ ᠣᠬᠤᠷ ᠪᠣᠯᠭᠠᠵᠤ ᠴᠢᠳᠦᠷᠯᠡᠭᠦ ᠶᠢ ᠭᠡᠯᠡᠨ᠎ᠡ᠃ 《ᠬᠣᠢ᠌ᠰᠢᠯᠠᠳᠠᠬᠤ》 ᠭᠡᠳᠡᠭ᠌ ᠨᠢ ᠴᠢᠳᠤᠷ ᠶᠢᠡᠨ ᠬᠣᠢ᠌ᠰᠢ ᠨᠢ ᠬᠠᠠᠳᠤᠭᠤᠯᠵᠤ᠂ ᠬᠣᠢ᠌ᠳᠤ ᠬᠤᠶᠠᠷ ᠭᠦᠯ ᠪᠠ ᠡᠮᠤᠨ᠎ᠡ ᠨᠢᠭᠡ ᠭᠦᠯ ᠢ ᠨᠢ ᠴᠢᠳᠦᠷᠯᠡᠭᠦ ᠶᠢ ᠵᠢᠭᠠᠳᠠᠭ᠃
ᠨᠠᠷᠠ ᠪᠣᠶᠤ ᠣᠬᠠᠭᠳᠠᠬᠤᠨ ᠪᠣᠯ ᠭᠦᠮᠦᠰ ᠤᠨ ᠣᠷᠳᠤ ᠣᠳᠠᠭᠠᠨ ᠥᠢᠯᠡᠳᠦᠯᠭᠡ ᠶᠢᠨ ᠶᠠᠪᠣᠴᠠ ᠳᠤ ᠪᠠᠨ ᠰᠢᠷᠭᠠᠭᠨ ᠰᠥᠪᠠᠭ᠍ᠴᠢᠯᠡᠵᠤ ᠨᠡᠷᠡᠰᠢᠭᠦᠯᠤᠨ ᠭᠡᠪᠰᠢᠭ᠍ᠰᠡᠨ ᠳᠠᠭᠠᠭᠠᠮᠠᠭᠠᠢ ᠣᠤᠠᠬ᠎ᠠ ᠲᠡᠶ ᠵᠣᠢ᠌ᠯᠠᠰ ᠪᠣᠯᠬᠤ ᠶᠤᠮ᠃ ᠳᠡᠭᠦᠨ ᠢ ᠭᠡᠨ ᠨᠢᠭᠡ ᠭᠦᠮᠤᠨ ᠳᠤᠷ᠎ᠠ ᠳᠠᠪᠠ ᠪᠠᠷ ᠶᠢᠡᠨ ᠬᠤᠪᠢᠷᠭᠠᠵᠤ ᠥᠭᠡᠷᠡᠴᠢᠯᠡᠵᠤ ᠦᠯᠦ ᠪᠣᠯᠤᠨ᠎ᠠ᠃ ᠳᠡᠭᠡᠪᠠᠯ ᠣᠷᠴᠢᠮ ᠡᠴᠠ ᠴᠢᠳᠤᠷ ᠤᠨ ᠳᠤᠬᠠᠢ ᠡᠯᠳᠡᠪ ᠨᠠᠷᠠᠢ᠌ᠳᠤᠯ ᠪᠣᠶᠤ ᠳᠠᠢ᠌ᠯᠪᠣᠷᠢ ᠴᠥᠭᠡᠨ ᠪᠣᠰᠤ ᠢᠯᠡᠷᠡᠭᠦ ᠪᠣᠯᠵᠤ᠂ ᠥᠨᠡᠭᠡᠷ ᠠᠷᠭ᠎ᠠ ᠠᠭᠠᠰᠢ ᠠᠯᠳᠠᠭᠤᠯᠬᠤ ᠶᠢ ᠭᠦᠯᠢᠴᠡᠵᠤ ᠶᠠᠳᠠᠨ ᠡᠨᠡᠭᠦ ᠵᠤᠬᠢᠶᠠᠯ ᠳᠤ ᠪᠠᠨ ᠪᠠᠷᠢᠮᠳᠠ ᠪᠣᠯᠭᠠᠨ ᠳᠠᠷᠠᠭᠠᠭᠢ ᠬᠤᠶᠠᠷ ᠵᠢᠱᠢᠶ᠎ᠠ ᠪᠠᠷ ᠯᠠᠪᠰᠢᠷᠠᠭᠤᠯᠤᠶᠠ ᠄
ᠨᠢᠭᠡ᠂ 《ᠦᠪᠣᠷ ᠮᠤᠩᠭ᠋ᠤᠯ ᠤᠨ ᠡᠳᠦᠷ ᠤᠨ ᠰᠤᠨᠢᠨ》 ᠊ᠤ 2009 ᠣᠨ ᠤ 5 ᠰᠠᠷ᠎ᠠ ᠶᠢᠨ 8 ᠊ᠤ ᠡᠳᠦᠷ ᠤᠨ 《ᠲ᠋ᠠᠯ᠎ᠠ ᠶᠢᠨ ᠳᠤᠶᠠᠭ᠎ᠠ》 ᠪᠣᠯᠤᠩ ᠳᠤ ᠨᠡᠢ᠌ᠳᠡᠯᠡᠭ᠍ᠳᠡᠭ᠍ᠰᠡᠨ ᠣ·ᠳᠠᠢ᠌ᠪᠣᠩ ᠤᠨ ᠪᠢᠴᠢᠭ᠍ᠰᠡᠨ 《 〈ᠴᠢᠳᠤᠷ ᠤᠨ ᠭᠠᠷ〉 ᠭᠡᠮᠡᠭᠦ ᠭᠤᠷᠪᠠᠨ ᠮᠦᠷᠳᠤ ᠰᠢᠯᠦᠭ᠌ ᠊ᠤᠳ》 ᠭᠡᠭᠦ ᠭᠠᠷᠴᠠᠭ ᠢ ᠠᠵᠢᠭᠠᠤᠨ ᠰᠤᠨᠢᠭᠤᠴᠢᠷᠬᠠᠨ ᠣᠩᠰᠢᠯ᠎ᠠ᠁
ᠰᠢᠯᠦᠭ᠌ ᠢ ᠨᠢ ᠣᠩᠰᠢᠭᠠᠤᠨ ᠥᠵᠡᠭᠦ ᠳᠤ ᠣᠷᠠᠯᠢᠭ ᠤᠨ ᠬᠤᠪᠢ ᠳᠤ ᠳᠠᠢ᠌ᠮᠤ ᠴᠤ ᠰᠠᠢ᠌ᠠᠭᠨ ᠪᠢᠰᠢ ᠰᠠᠨᠠᠭᠳᠠᠯ᠎ᠠ᠃ ᠠᠭᠤᠯᠭ᠎ᠠ ᠶᠢᠨ ᠳᠠᠯ᠎ᠠ ᠪᠠᠷ᠂ ᠨᠠᠶᠠᠭᠠᠤᠨ ᠣᠨ ᠤ ᠦᠶ᠎ᠡ ᠪᠠᠷ ᠭᠢ ᠦᠪᠣᠷ ᠮᠤᠩᠭ᠋ᠤᠯ ᠤᠨ ᠰᠢᠯᠦᠭ᠌ ᠤᠨ ᠳᠠᠪᠴᠠᠩ ᠳᠤ ᠶᠡᠭᠡᠭᠡᠨ ᠵᠠᠢ ᠠᠪᠴᠤ ᠪᠠᠢ᠌ᠭᠰᠠᠨ 《ᠪᠦᠷᠦᠭ᠌ ᠰᠢᠯᠦᠭ᠌ ᠪᠣᠶᠤ ᠪᠦᠳᠡᠭᠢ ᠰᠢᠯᠦᠭ᠌》 ᠲᠡᠶ ᠮᠠᠰᠢ ᠳᠦᠰᠦᠭᠡᠳᠡᠢ ᠪᠠᠢ᠌ᠵᠤ (ᠣᠤᠯ ᠰᠢᠯᠦᠭ᠌ ᠦᠨᠡᠨ ᠳᠤ ᠪᠠᠨ ᠪᠦᠳᠡᠭᠢ ᠪᠢᠰᠢ)᠂ ᠵᠤᠬᠢᠶᠠᠭᠴᠢ ᠶᠢᠨ ᠦᠪᠡᠷ ᠤᠨ ᠭᠢᠨᠢ ᠦᠪᠡᠷ ᠲᠤ ᠪᠠᠨ ᠵᠤᠷᠢᠭᠤᠯᠤᠭᠰᠠᠨ ᠭᠠᠷᠴᠠᠭ ᠨᠢ ᠳᠠᠢ᠌ᠯᠪᠣᠷᠢ ᠨᠢ ᠪᠣᠯᠬᠤ 《ᠣᠨᠢᠰᠤᠭ᠎ᠠ》 ᠳᠠᠳᠤᠢ ᠶᠠᠭᠤᠮ᠎ᠠ᠃ ᠭᠡᠯᠪᠠᠷᠢ ᠶᠢᠨ ᠳᠠᠯ᠎ᠠ ᠪᠠᠷ᠂ ᠭᠤᠷᠪᠠᠨ ᠮᠦᠷᠳᠤ ᠳᠠᠰᠤᠷᠬᠠᠢ ᠪᠠᠳᠠᠭ ᠤᠳ ᠪᠠᠢ᠌ᠪᠠ᠃ ᠵᠢᠱᠢᠶᠠᠯᠠᠪᠠᠯ 《ᠭᠡᠪᠢᠯᠭᠡ ᠭᠡᠪᠢᠭᠦ ᠮᠠᠯ ᠤᠳ / ᠬᠠᠷᠠᠩᠭ᠋ᠤᠢ ᠶᠢ ᠭᠡᠪᠢᠵᠤ ᠭᠡᠪᠳᠡᠨ᠎ᠡ / ᠠᠳᠤᠭᠤᠳ ᠵᠤᠭᠰᠤᠭ᠎ᠠ ᠨᠣᠢ᠌ᠷᠮᠤᠭᠯᠠᠨᠠ᠃ 》 (ᠰᠦᠨᠢ)᠁
ᠭᠠᠷᠴᠠᠭ ᠢ ᠨᠢ ᠥᠵᠡᠭᠦ ᠳᠤ 《ᠴᠢᠳᠤᠷ ᠤᠨ ᠭᠠᠷ》 ᠭᠡᠮᠡᠵᠤ ᠪᠣᠢ᠃ ᠮᠡᠳᠡᠭᠡᠵᠢ ᠴᠢᠳᠤᠷ ᠲᠤ 《ᠭᠠᠷ》 ᠭᠡᠵᠤ ᠯᠠᠪ ᠪᠠᠢ᠌ᠬᠤ ᠦᠭᠡᠶ᠂ ᠣ·ᠳᠠᠢ᠌ᠪᠣᠩ ᠨᠥᠭᠦᠷ ᠴᠤᠬᠤᠮ ᠴᠢᠳᠤᠷ ᠤᠨ ᠠᠯᠢ ᠭᠡᠰᠡᠭ᠌ ᠢ ᠨᠢ ᠳᠡᠭᠡᠵᠤ ᠨᠠᠷᠠᠯᠠᠵᠤ ᠪᠠᠢ᠌ᠬᠤ ᠪᠣᠯ⁈ ᠶᠠᠷᠤᠨᠢ ᠳᠠ ᠨᠡᠷ ᠴᠢᠳᠤᠷ ᠲᠤ 《ᠭᠠᠷ》 ᠭᠡᠵᠤ ᠪᠠᠢ᠌ᠳᠠᠭ ᠢ ᠰᠤᠨᠤᠰᠤᠭᠰᠠᠨ ᠦᠦ ︖ ᠳᠡᠭᠡᠭᠡᠤᠨ ᠪᠢ ᠣᠤᠯ ᠰᠢᠯᠦᠭ᠌ ᠤᠨ ᠭᠠᠷᠴᠠᠭ ᠢ ᠭᠡᠯᠪᠠᠷᠢ ᠲᠡᠶ ᠨᠢ ᠬᠤᠯᠪᠤᠨ ᠪᠣᠳᠤᠵᠤ ᠦᠵᠡᠯ᠎ᠠ (ᠭᠦᠮᠤᠨ ᠤ ᠪᠢᠴᠢᠭ᠍ᠰᠡᠨ ᠶᠠᠭᠤᠮ᠎ᠠ ᠶᠢ ᠪᠣᠳᠤᠨ᠎ᠠ ᠭᠡᠳᠡᠭ᠌ ᠶᠤᠰᠤᠳᠠᠢ ᠮᠤᠬᠤᠭᠠᠨ ᠤ ᠣᠴᠢᠷ)᠃ ᠴᠢᠳᠤᠷ ᠲᠤ ᠠᠯᠠᠭ᠎ᠠ ᠭᠡᠵᠤ ᠪᠠᠢ᠌ᠳᠠᠭ᠂ ᠳᠠᠷᠠ ᠮᠥᠷᠳᠡᠭᠡᠨ ᠭᠤᠷᠪᠠᠨ ᠠᠯᠠᠭ᠎ᠠ ᠲᠡᠶ ᠪᠠᠢ᠌ᠳᠠᠭ᠃ ᠵᠤᠬᠢᠶᠠᠭᠴᠢ ᠭᠤᠷᠪᠠᠨ ᠮᠦᠷ ᠤᠨ ᠭᠠᠭᠴᠠ ᠪᠠᠳᠠᠭ ᠰᠢᠯᠦᠭ᠌ ᠶᠢᠡᠨ 《ᠴᠢᠳᠤᠷ ᠤᠨ ᠭᠤᠷᠪᠠᠨ ᠠᠯᠠᠭ᠎ᠠ》 ᠲᠡᠶ ᠳᠦᠰᠦᠭᠡᠳᠡᠭᠦᠯᠵᠤ ᠰᠡᠳᠭᠢᠭ᠍ᠰᠡᠨ ᠪᠣᠯ ᠨᠠᠯᠢᠶᠠᠤᠨ ᠵᠥᠭᠡᠷ ᠪᠣᠯᠬᠤ ᠪᠠᠢ᠌ᠭᠰᠠᠨ ᠶᠤᠮ᠃ ᠭᠡᠳᠡᠯ᠎ᠡ ᠬᠠᠷᠢᠨ ᠳᠡᠭᠡᠭ᠍ᠰᠡᠨ ᠦᠭᠡᠶ ᠪᠠᠷ 《ᠠᠯᠠᠭ᠎ᠠ》 《ᠭᠠᠷ》 ᠬᠤᠶᠠᠷ ᠢ ᠬᠤᠤᠠᠬᠤᠯᠳᠤᠭᠤᠯᠵᠤ ᠭᠡᠷᠡᠭᠯᠡᠭᠡᠤᠨ ᠬᠤᠤᠳᠤᠤ ᠪᠣᠯᠭᠠᠵᠠᠢ᠃ ᠪᠠᠷᠤᠭᠯᠠᠬᠤ ᠳᠤ᠂ ᠣ·ᠳᠠᠢ᠌ᠪᠣᠩ ᠨᠥᠭᠦᠷ 《ᠴᠢᠳᠤᠷ》 ᠭᠡᠳᠡᠭ᠌ ᠮᠠᠯᠵᠢᠯ ᠳᠤ ᠭᠡᠷᠡᠭᠯᠡᠳᠡᠭ᠌ ᠡᠳ᠋ᠯᠡᠯ ᠢ ᠰᠠᠢ᠌ᠨ ᠮᠡᠳᠡᠳᠡᠭ᠌ ᠦᠭᠡᠶ ᠶᠤᠮ ᠪᠠ ᠭᠡᠰᠡᠨ ᠪᠣᠳᠤᠯ ᠠᠶᠠᠠᠳᠠᠭᠠᠨ ᠳᠦᠷᠦᠭ᠍ᠳᠡᠨ᠎ᠡ᠃ ᠳᠠ 《ᠴᠢᠳᠤᠷ ᠤᠨ ᠠᠯᠠᠭ᠎ᠠ》 ᠭᠡᠵᠤ ᠰᠤᠨᠤᠰᠴᠤ ᠪᠠᠢ᠌ᠭᠰᠠᠨ ᠦᠭᠡᠶ ᠶᠤᠮ ᠦᠦ ︖ ᠰᠤᠨᠤᠰᠴᠤ ᠪᠠᠢ᠌ᠭᠰᠠᠨ ᠴᠤ 《ᠴᠢᠳᠤᠷ ᠤᠨ ᠭᠠᠷ》 ᠭᠡᠵᠤ 《ᠪᠦᠳᠦᠭᠡᠯᠴᠢ》 ᠪᠠᠷ ᠭᠡᠷᠡᠭᠯᠡᠭ᠍ᠰᠡᠨ ᠶᠤᠮ ᠦᠦ ︖
《ᠭᠠᠷ》 ᠭᠡᠳᠡᠭ᠌ ᠡᠷᠭᠡᠳᠡᠨ ᠭᠠᠭᠴᠠ ᠯᠠ ᠭᠦᠮᠤᠨ ᠲᠦᠷᠦᠯᠭᠢᠳᠠᠨ ᠳᠤ ᠪᠠᠢ᠌ᠳᠠᠭ ᠮᠥᠷᠳᠡᠭᠡᠨ ᠳᠠᠷᠠ ᠨᠢ ᠭᠦᠮᠤᠨ ᠰᠠᠷᠠᠮᠠᠭᠴᠢᠨ ᠤ ᠮᠠᠰᠢ ᠣᠷᠳᠤ ᠬᠤᠭᠤᠴᠠᠭᠠᠨ᠎ᠠ ᠮᠤᠳᠤ ᠠᠪᠠᠷᠢᠵᠤ ᠭᠦᠳᠡᠯᠮᠦᠷᠢᠯᠡᠵᠤ ᠪᠠᠢ᠌ᠭᠰᠠᠨ ᠡᠴᠠ ᠪᠠᠨ ᠮᠤᠳᠤᠨ ᠡᠴᠠ ᠪᠠᠭᠤᠵᠤ ᠪᠣᠰᠤᠭ᠎ᠠ ᠪᠠᠷ ᠶᠠᠪᠣᠵᠤ ᠰᠠᠭᠤᠵᠤ ᠭᠦᠳᠡᠯᠮᠦᠷᠢᠯᠡᠭᠦ ᠪᠣᠯᠤᠭᠰᠠᠨ ᠬᠤᠪᠢᠰᠤᠯᠳᠠ ᠡᠴᠠ ᠳᠡᠭᠡᠳᠤ ᠮᠦᠴᠢ ᠨᠢ ᠭᠠᠷ ᠪᠣᠯᠤᠨ ᠭᠦᠭ᠍ᠵᠢᠭ᠍ᠰᠡᠨ ᠶᠤᠮ ᠭᠡᠳᠡᠭ᠌᠃ ᠭᠦᠳᠡᠯᠮᠦᠷᠢ ᠶᠢᠨ ᠦᠷ᠎ᠡ ᠪᠦᠳᠦᠭᠡᠯ ᠥᠨᠡᠭᠡᠷ ᠠᠭᠤᠤ ᠶᠡᠭᠡ ᠰᠢᠤ ︕ ᠡᠷᠳᠡᠮᠳᠡᠳ ᠣᠳᠤ ᠴᠤ ᠭᠡᠰᠡᠨ ᠳᠤᠮᠤ ᠭᠦᠮᠤᠨ ᠭᠦᠷᠦᠭᠡᠰᠤ ᠪᠣᠶᠤ ᠰᠠᠮᠵᠠᠨ ᠤ ᠳᠡᠭᠡᠳᠤ ᠮᠦᠴᠢ ᠶᠢ ᠨᠢᠭᠡᠴᠤ 《ᠭᠠᠷ》 ᠭᠡᠮᠡᠨ ᠨᠠᠷᠠᠯᠠᠨ ᠳᠠᠭᠤᠳᠠᠵᠤ ᠪᠠᠢ᠌ᠬᠤ ᠦᠭᠡᠶ ᠶᠤᠮ᠃ 《ᠭᠠᠷ》 ᠤᠨ ᠦᠨᠳᠦᠰᠦᠨ ᠣᠤᠠᠬ᠎ᠠ ᠨᠢ ᠳᠠᠷᠤᠢ ᠭᠦᠮᠤᠨ ᠤ ᠳᠡᠭᠡᠳᠤ ᠮᠦᠴᠡ ᠶᠢ ᠵᠢᠭᠠᠨ᠎ᠠ᠃ ᠬᠠᠷᠢᠨ ᠣᠤᠠᠬ᠎ᠠ ᠰᠢᠯᠵᠢᠭᠦᠯᠤᠨ 《ᠠᠷᠰᠢ ᠶᠢᠨ ᠭᠠᠷ》 ᠭᠡᠭᠦ ᠮᠠᠳᠤ ᠪᠠᠷ ᠨᠡᠷᠡᠯᠡᠳᠡᠭ᠌ ᠡᠴᠠ ᠪᠢᠰᠢ 《ᠴᠢᠳᠤᠷ ᠤᠨ ᠭᠠᠷ》 ᠭᠡᠵᠤ ᠣᠭᠳᠤ ᠭᠡᠯᠡᠳᠡᠭ᠌ ᠦᠭᠡᠶ ᠶᠤᠮ᠃
ᠬᠤᠶᠠᠷ᠂ 2008 ᠣᠨ ᠤ ᠵᠤᠨ᠂ ᠵᠡᠭᠦᠨ ᠦᠵᠦᠮᠤᠴᠢᠨ ᠬᠤᠰᠢᠭᠤᠨ ᠤ ᠣᠯᠢᠶᠠᠰᠤᠳᠠᠢ ᠪᠠᠯᠭᠠᠰᠤᠨ᠎ᠠ ᠪᠣᠯᠤᠭᠰᠠᠨ 《ᠬᠤᠶᠠᠳᠤᠭᠠᠷ ᠣᠳᠠᠭᠠᠨ ᠤ ᠨᠢ᠋ᠮᠠᠨ ᠮᠤᠵᠢ ᠣᠷᠤᠨ ᠤ ᠮᠤᠩᠭ᠋ᠤᠯ ᠳᠠᠭᠤᠤ ᠶᠢᠨ ᠳᠸᠯᠸᠢᠰ ᠱᠠᠩᠨᠠᠯᠳᠤ ᠣᠷᠤᠯᠳᠤᠭᠠᠨ》 ( ᠰᠢᠭᠤᠳ ᠨᠡᠪᠳᠡᠷᠡᠭᠦᠯᠭᠡ ᠭᠢᠭ᠍ᠰᠡᠨ ᠶᠤᠮ) ᠊ᠤ ᠶᠠᠷᠤ ᠶᠢᠨ ᠮᠡᠳᠡᠯᠭᠡ ᠶᠢᠨ ᠠᠰᠠᠭᠤᠯᠳᠠ ᠶᠢᠨ ᠵᠦᠪ ᠬᠠᠷᠢᠭᠤᠯᠳᠠ ᠶᠢ ᠦᠭᠭᠦ ᠳᠤ ᠪᠠᠨ ᠳᠤᠯᠢ ᠵᠣᠢ᠌ᠴᠢ ᠪᠦᠷᠢᠡᠳᠡᠭᠦᠰ ᠭᠤᠸᠠᠢ 《ᠴᠢᠳᠤᠷ ᠤᠨ ᠭᠤᠶ᠎ᠠ》 ᠭᠡᠵᠤ ᠳᠠᠢ᠌ᠯᠪᠣᠷᠢᠯᠠᠭᠰᠠᠨ᠃ ᠡᠷᠳᠡᠮᠳᠡᠨ ᠭᠤᠸᠠᠢ ᠶᠢᠨ ᠭᠡᠯᠡᠵᠤ ᠪᠠᠢ᠌ᠭ᠎ᠠ 《ᠴᠢᠳᠤᠷ ᠤᠨ ᠭᠤᠶ᠎ᠠ》 ᠭᠡᠳᠡᠭ᠌ ᠨᠢ ᠨᠠᠢ᠌ᠳᠠ ᠮᠤᠩᠭ᠋ᠤᠯᠴᠤᠳ ᠤᠨ ᠭᠡᠯᠡᠳᠡᠭ᠌ 《ᠴᠢᠳᠤᠷ ᠤᠨ ᠰᠤᠮᠤ》 ᠶᠢ ᠵᠢᠭᠠᠵᠤ ᠪᠠᠢ᠌ᠪᠠ᠃ ᠬᠠᠷᠢᠨ ᠴᠢᠳᠤᠷ ᠲᠤ 《ᠬᠨ》 ᠭᠡᠵᠤ ᠪᠣᠢ᠂ ᠬᠨ ᠪᠠᠢ᠌ᠬᠤ ᠶᠤᠮ ᠴᠢᠨᠢ ᠭᠤᠶ᠎ᠠ ᠪᠠᠢ᠌ᠬᠤ ᠳᠤ ᠪᠠᠨ ᠳᠠᠭᠠᠷᠠᠨ᠎ᠠ᠂ ᠵᠠᠷᠢᠮ ᠣᠷᠤᠨ ᠨᠤᠳᠤᠭ ᠲᠤ ᠳᠡᠭᠡᠵᠤ ᠭᠡᠯᠡᠳᠡᠭ᠌ ᠴᠤ ᠪᠠᠢ᠌ᠵᠤ ᠮᠠᠭᠠᠤᠨ᠃ ᠭᠡᠪᠠᠴᠤ 《ᠭᠠᠵᠠᠷ ᠭᠠᠵᠠᠷ ᠤᠨ ᠵᠠᠩ᠂ ᠭᠦᠵᠡᠭᠡ ᠭᠦᠵᠡᠭᠡᠨ ᠤ ᠪᠣᠯᠤᠩ》 ᠭᠡᠰᠡᠨ ᠮᠡᠷᠭᠡᠨ ᠥᠭᠡ ᠴᠤ ᠪᠠᠢ᠌ᠳᠠᠭ᠃ ᠣᠯᠠᠨ ᠨᠠᠢ᠌ᠳᠠ ᠶᠢᠨ ᠠᠵᠢᠯᠯᠠᠭᠠᠨ ᠤ ᠳᠠᠯᠠᠪᠣᠷ ᠲᠤ ᠪᠣᠶᠤ ᠳᠤᠯᠢ ᠪᠢᠴᠢᠭ᠌ ᠨᠠᠢ᠌ᠷᠠᠭᠤᠯᠬᠤ ᠳᠤ ᠪᠠᠨ ᠭᠠᠵᠠᠷ ᠣᠷᠤᠨ ᠤ ᠭᠡᠯᠡᠯᠭᠡ ᠭᠢᠭᠡᠤᠨ ᠪᠠᠭ᠎ᠠ ᠭᠦᠷᠢᠶᠡᠨ ᠳᠤ ᠭᠡᠷᠡᠭᠯᠡᠭ᠍ᠳᠡᠳᠡᠭ᠌ ᠥᠭᠡ ᠶᠢ ᠰᠤᠩᠭ᠋ᠤᠨ ᠠᠪᠴᠤ ᠳᠤᠯᠢ ᠪᠢᠴᠢᠭ᠌ ᠲᠤ ᠣᠷᠤᠭᠤᠯᠤᠨ ᠳᠠᠢ᠌ᠯᠪᠣᠷᠢᠯᠠᠵᠤ ᠳᠡᠭᠦᠨ ᠢ ᠪᠠᠨ ᠵᠥᠪᠳᠡᠭᠡᠨ ᠦᠵᠡᠪᠠᠯ ᠬᠠᠷᠢᠨ ᠮᠠᠰᠢ ᠶᠡᠭᠡ ᠣᠰᠤᠯ ᠠᠯᠳᠠᠭ᠎ᠠ ᠭᠠᠷᠭᠠᠬᠤ ᠪᠣᠯᠤᠨ᠎ᠠ᠃ ᠳᠤᠯᠢ ᠪᠢᠴᠢᠭ᠌ ᠲᠤ ᠵᠠᠪᠠᠯ ᠳᠤᠬᠠᠢ ᠶᠢᠨ ᠦᠨᠳᠦᠰᠦᠳᠠᠨ ᠤ ᠨᠠᠢ᠌ᠳᠠ ᠳᠠᠶᠠᠭᠠᠷ ᠲᠤ ᠭᠡᠯᠡᠭ᠍ᠳᠡᠵᠤ ᠭᠡᠷᠡᠭᠯᠡᠭ᠍ᠳᠡᠳᠡᠭ᠌ ᠥᠭᠡᠰ ᠢ ᠰᠤᠩᠭ᠋ᠤᠨ ᠳᠠᠢ᠌ᠪᠣᠷᠢᠯᠠᠬᠤ ᠨᠢ ᠳᠤᠬᠠᠢ ᠶᠢᠨ ᠭᠡᠯᠡᠨ ᠤ ᠣᠷᠴᠢᠨ ᠪᠣᠶᠤ ᠦᠨᠳᠦᠰᠦᠳᠠᠨ ᠤ ᠪᠠᠨ ᠥᠭᠡ ᠭᠡᠯᠡᠨ ᠤ ᠭᠦᠭ᠍ᠵᠢᠯ ᠳᠤ ᠮᠠᠰᠢ ᠶᠡᠭᠡ ᠨᠥᠯᠦᠭᠡ ᠪᠣᠯᠬᠤ ᠨᠢ ᠭᠠᠷᠴᠠᠭ᠎ᠠ ᠦᠭᠡᠶ᠃ ᠳᠠᠭᠢᠪᠠᠯ ᠡᠨᠡ ᠣᠳᠠᠭ᠎ᠠ ᠪᠠᠨ ᠡᠨᠡᠭᠦ ᠡᠷᠳᠡᠮᠳᠡᠨ ᠪᠠᠰᠠ 《ᠱᠠᠯᠳᠠᠩ᠂ ᠨᠢᠴᠦᠭᠦᠨ》 ᠭᠡᠭᠦ ᠬᠤᠶᠠᠷ ᠥᠭᠡ ᠶᠢ ᠬᠠᠷᠢᠴᠠᠭᠤᠯᠤᠨ ᠳᠠᠢ᠌ᠯᠪᠣᠷᠢᠯᠠᠭᠰᠠᠨ ᠪᠠᠢ᠌ᠳᠠᠭ᠃ ᠮᠢᠨᠤ ᠥᠵᠡᠭᠦ ᠪᠠᠷ 《ᠱᠠᠯᠳᠠᠩ᠂ ᠨᠢᠴᠦᠭᠦᠨ》 ᠭᠡᠭᠦ ᠬᠤᠶᠠᠷ ᠥᠭᠡ ᠶᠢ 《ᠭᠦᠮᠤᠨ ᠤ ᠳᠡᠭᠡᠷ᠎ᠡ ᠪᠠᠶ᠎ᠠ ᠶᠢᠨ ᠳᠤᠤᠷ᠎ᠠ ᠪᠠᠶ᠎ᠠ ᠵᠢᠨ》 ᠭᠡᠵᠤ ᠢᠯᠭᠠᠵᠤ ᠭᠡᠷᠡᠭᠯᠡᠭᠦ ᠱᠠᠭᠠᠷᠳᠠᠯᠭ᠎ᠠ ᠦᠭᠡᠶ ᠶᠤᠮ᠂ ᠭᠡᠷᠪᠡ ᠢᠯᠭᠠᠬᠤ ᠭᠡᠮᠡᠨ ᠴᠢᠷᠮᠠᠢ᠌ᠪᠠᠯ ᠢᠯᠡᠭᠦᠴᠡ 《ᠰᠤᠳᠤᠯᠤᠯ》 ᠪᠣᠯᠬᠤ ᠳᠠᠳᠤᠢ᠃ ᠭᠠᠭᠴᠠ ᠬᠤᠶᠠᠷ ᠵᠢᠱᠢᠶ᠎ᠠ ᠳᠠᠳᠠᠬᠤ ᠳᠤ ᠮᠤᠩᠭ᠋ᠤᠯᠴᠤᠳ 《ᠲ᠋ᠤᠯᠤᠭᠠᠢ ᠨᠢᠴᠦᠭᠦᠨ》 ᠭᠡᠭᠦ ᠪᠣᠶᠤ 《ᠭᠦᠯ ᠨᠢᠴᠦᠭᠦᠨ》 (ᠡᠮᠴᠢ) ᠭᠡᠵᠤ ᠪᠠᠢ᠌ᠩᠭ᠋ᠤ ᠶᠠᠷᠢᠳᠠᠭ ᠯᠠ ᠳ᠋ᠠ᠃ ᠨᠢᠭᠡ ᠬᠤᠪᠴᠠᠰᠤ ᠡᠮᠦᠰᠦᠭ᠍ᠰᠡᠨ ᠦᠭᠡᠶ ᠵᠢᠭᠠᠯ ᠠᠯᠢᠶᠠᠷᠬᠠᠨ ᠳᠤᠭᠯᠠᠵᠤ ᠪᠠᠢ᠌ᠬᠤ ᠶᠢ ᠬᠠᠷᠠᠭᠠᠤᠨ ᠭᠦᠮᠦᠰ 《ᠡᠨᠡ ᠱᠠᠯᠳᠠᠩ ᠭᠡᠦᠭᠡᠤᠨ》 ᠭᠡᠵᠤ ᠭᠡᠯᠡᠭᠦ ᠡᠴᠠ ᠪᠢᠰᠢ 《ᠡᠨᠡ ᠳᠡᠭᠡᠭᠦᠷ ᠶᠢᠡᠨ ᠱᠠᠯᠳᠠᠩ ᠳᠤᠭᠤᠤᠷ ᠶᠢᠡᠨ ᠨᠢᠴᠦᠭᠦᠨ ᠭᠡᠦᠭᠡᠤᠨ》 ᠭᠡᠵᠤ ᠯᠠᠪᠳᠠᠢ ᠭᠡᠯᠡᠭᠦ ᠦᠭᠡᠶ ᠶᠤᠮ ᠰᠢᠤ ︕ ᠬᠠᠷᠢᠨ ᠡᠳᠡᠭᠡᠷ ᠥᠭᠡᠰ ᠨᠢ ᠭᠦᠮᠤᠨ ᠡᠴᠠ ᠪᠣᠰᠤᠳ ᠵᠣᠢ᠌ᠯ ᠳᠤ ᠠᠳᠠᠯᠢᠬᠠᠨ ᠣᠤᠠᠬ᠎ᠠ ᠪᠠᠷ ᠭᠡᠷᠡᠭᠯᠡᠭ᠍ᠳᠡᠳᠡᠭ᠌᠂ ᠵᠢᠱᠢᠶᠠᠯᠠᠪᠠᠯ ᠬᠤᠨᠢ ᠮᠠᠯ ᠤᠨ ᠳᠤᠳᠠᠭᠤ ᠭᠠᠷᠤᠭᠰᠠᠨ ( ᠭᠡᠭᠡᠯ ᠬᠠᠶᠠᠭᠰᠠᠨ) ᠦᠰᠦ ᠦᠭᠡᠶ ᠭᠡᠭᠡᠯ ᠢ 《ᠣᠯᠠᠭᠠᠨ ᠱᠠᠯᠳᠠᠩ》 ᠶᠠᠭᠤᠮ᠎ᠠ ᠭᠠᠷᠴᠠᠢ ᠭᠡᠳᠡᠭ᠌᠂ ᠡᠨᠡ ᠨᠢ ᠪᠦᠭᠦᠯᠢ ᠪᠠᠶ᠎ᠠ ᠳᠤ ᠪᠠᠨ ᠦᠰᠦ ᠦᠭᠡᠶ ᠶᠢ ᠵᠢᠭᠠᠭᠰᠠᠨ ᠨᠢ ᠳᠤᠳᠤᠷᠬᠠᠢ᠃ ᠳᠠᠭᠢᠪᠠᠯ ᠪᠠᠰᠠ ᠳᠠᠪᠢᠰᠤᠯᠠᠵᠤ ᠵᠠᠰᠠᠭᠰᠠᠨ ᠦᠭᠡᠶ ᠡᠮᠡᠭᠡᠯ ᠢ 《 ᠱᠠᠯᠳᠠᠩ ᠡᠮᠡᠭᠡᠯ》 ᠭᠡᠭᠦ ᠰᠢᠳᠠᠷ᠎ᠠ ᠶᠢᠨ ᠱᠥᠭᠦᠳᠡᠯ ᠳᠤ ᠶᠠᠭᠤ ᠴᠤ ᠥᠯᠡᠳᠡᠭᠡᠯ ᠦᠭᠡᠶ ᠢᠳᠡᠭᠦ ᠶᠢ 《ᠱᠠᠯᠳᠠᠩ ᠮᠠᠤᠨ》 ᠭᠡᠭᠦ ᠶᠠᠭᠤᠮ᠎ᠠ ᠦᠭᠡᠶ ᠶᠢ 《ᠶᠠᠳᠠᠭᠤ ᠨᠢᠴᠦᠭᠦᠨ》 ᠭᠡᠭᠦ ᠶᠠᠮᠠᠷ ᠴᠤ ᠶᠠᠭᠤᠮ᠎ᠠ ᠢᠳᠡᠭ᠍ᠰᠡᠨ ᠦᠭᠡᠶ ᠶᠢ 《ᠥᠯᠦᠰᠭᠦᠯᠡᠩ ᠨᠢᠴᠦᠭᠦᠨ᠂ ᠬᠤᠭᠤᠰᠤᠨ ᠨᠢᠴᠦᠭᠦᠨ》 ᠭᠡᠭᠦ ᠮᠠᠳᠤ ᠶᠠᠭᠠᠭᠢᠵᠤ ᠭᠡᠯᠡᠭ᠍ᠰᠡᠨ ᠴᠤ 《ᠱᠠᠯᠳᠠᠩ ᠨᠢᠴᠦᠭᠦᠨ》 ᠭᠡᠭᠦ ᠥᠭᠡ ᠨᠢ ᠪᠦᠷ 《ᠪᠠᠢ᠌ᠬᠤ ᠥᠭᠡᠢ》 ᠭᠡᠳᠡᠭ᠌ ᠣᠤᠠᠬ᠎ᠠ ᠪᠦᠭᠦᠢ ᠨᠠᠷᠠ ᠥᠭᠡ ᠪᠣᠯᠬᠤ ᠶᠤᠮ᠃
ᠮᠡᠭᠦᠰ ᠪᠢ ᠪᠠᠷ ᠮᠡᠷᠭᠡᠤᠨ ᠤᠨ ᠳᠡᠷᠭᠡᠳᠡ ᠮᠡᠳᠡᠭ᠍ᠰᠡᠨ ᠶᠢᠡᠨ ᠳᠡᠯᠭᠡᠵᠤ ᠪᠠᠬᠠᠨ 《ᠴᠠᠯᠴᠢᠭᠰᠠᠨ》 ᠢ ᠮᠢᠨᠢ ᠡᠷᠭᠢᠮ ᠣᠩᠰᠢᠭᠴᠢᠳ ᠮᠢᠨᠢ ᠠᠭᠤᠴᠢᠯᠠᠬᠤ ᠠᠵᠢᠶᠠᠮᠤ ︕ ᠶᠠᠭᠤ ᠴᠤ ᠠᠳᠤᠭᠠᠢ ᠭᠡᠯᠡ ᠰᠤᠶᠤᠯ ᠤᠨ ᠶᠢᠡᠨ ᠳᠦᠯᠦᠭᠡ ᠭᠦᠮᠤᠨ ᠪᠦᠭᠦᠨ ᠥᠭᠡ ᠭᠡᠯᠡᠭᠦ ᠬᠠᠷᠢᠭᠤᠴᠠᠯᠭ᠎ᠠ ᠲᠡᠶ ᠬᠣᠢ᠌ᠨ᠎ᠠ᠂ ᠮᠤᠩᠭ᠋ᠤᠯ ᠰᠤᠶᠤᠯ ᠤᠨ ᠣᠷᠴᠢᠨ ᠠᠬᠤᠢ ᠠᠯᠳᠠᠭᠳᠠᠵᠤ ᠪᠠᠢ᠌ᠭ᠎ᠠ ᠦᠨᠦᠳᠤᠷ ᠥᠯᠡᠳᠡᠭ᠍ᠳᠡᠵᠤ ᠪᠠᠢ᠌ᠭ᠎ᠠ ᠦᠪ ᠰᠠᠯᠳᠠ ᠶᠢ ᠨᠢ ᠨᠠᠠᠳᠢᠩᠨᠠᠨ ᠬᠠᠮᠠᠭᠠᠯᠠᠵᠤ ᠬᠤᠵᠢᠮ ᠤᠨ ᠭᠦᠮᠦᠰ ᠲᠤ ᠣᠯᠠᠮᠵᠢᠯᠠᠨ ᠮᠡᠳᠡᠭᠦᠯᠭᠦ ᠭᠡᠭ᠍ᠴᠢ ᠳᠠᠷᠬᠠᠨ ᠡᠭᠦᠷᠭᠡ ᠪᠣᠯᠬᠤ ᠶᠤᠮ ᠡ᠃
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤᠨ ᠤ ᠰᠤᠶᠤᠯ ᠳᠠᠮᠢᠷ ᠷᠠᠳᠢᠤ᠋ ᠳᠸᠯᠸᠢᠰ ᠳᠤᠪᠴᠢᠶ᠎ᠠ
ᠵᠤᠬᠢᠶᠠᠭᠴᠢ᠄ ᠭᠤ᠋·ᠰᠤᠶᠤᠯᠲᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 12115
ᠴᠠᠭ᠄ 2010 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ