☆ ᠭᠤᠨᠢᠨᠤᠳ·ᠨᠠ᠊·ᠰᠥᠭᠡᠪᠠᠭᠡᠳᠦᠷ
ᠨᠡᠭᠦᠳᠡᠯ ᠤᠨ ᠴᠤᠪᠣᠭ᠎ᠠ ᠳᠠᠰᠤᠷᠠᠬᠤ ᠥᠭᠡᠢ
ᠡᠭᠦᠯᠡᠰ
ᠣᠭᠢᠯᠠᠬᠤ ᠭᠡᠵᠤ
ᠭᠤᠨᠢᠭ ᠬᠤᠷᠢᠶᠠᠵᠤ ᠨᠡᠭᠦᠨ᠎ᠡ
ᠳᠤᠤᠯᠢᠰ
ᠬᠠᠢ᠌ᠯᠠᠬᠤ ᠭᠡᠵᠤ
ᠳᠡᠦᠭᠡ ᠬᠤᠷᠢᠶᠠᠵᠤ ᠨᠡᠭᠦᠨ᠎ᠡ
ᠡᠯᠡᠰᠤ
ᠣᠷᠤᠰᠢᠬᠤ ᠭᠡᠵᠤ
ᠠᠮᠢ ᠶᠢ ᠳᠠᠭᠤᠵᠤ ᠨᠡᠭᠦᠨ᠎ᠡ
ᠳᠤᠤᠯᠠ
ᠣᠷᠤᠰᠬᠤ ᠭᠡᠵᠤ
ᠳᠠᠯ᠎ᠠ ᠶᠢ ᠳᠤᠭᠤᠯᠵᠤ ᠨᠡᠭᠦᠨ᠎ᠡ᠃
ᠮᠤᠷᠢ
ᠳᠠᠪᠭᠢᠬᠤ ᠭᠡᠵᠤ
ᠦᠨᠦᠳᠤᠷ ᠢ ᠨᠡᠭᠡᠭᠡᠵᠤ
ᠴᠥᠭᠡᠷᠡᠵᠤ ᠨᠡᠭᠦᠨ᠎ᠡ
ᠮᠤᠩᠭ᠋ᠤᠯ
ᠳᠤᠪᠭᠢᠬᠤ ᠭᠡᠵᠤ
ᠥᠴᠦᠭᠡᠳᠦᠷ ᠢ ᠨᠡᠭᠡᠵᠤ
ᠴᠤᠭᠤᠷᠠᠵᠤ ᠨᠡᠭᠦᠨ᠎ᠡ᠃
ᠨᠡᠭᠦᠳᠡᠯ ᠨᠡᠭᠦᠨ᠎ᠡ
ᠰᠠᠭᠤᠳᠠᠯ ᠪᠠᠭᠤᠨ᠎ᠠ
ᠨᠡᠭᠦᠨ᠎ᠡ᠂ ᠪᠠᠭᠤᠨ᠎ᠠ ᠁
ᠪᠠᠭᠤᠨ᠎ᠠ᠂ ᠨᠡᠭᠦᠨ᠎ᠡ ᠁
᠊᠊᠊᠊᠊᠊᠊᠊᠊᠊᠊᠊᠊᠊᠊ ᠰᠢᠯᠢ ᠶᠢᠨ ᠬᠤᠳᠠᠨ᠎ᠠ
2007-10-07
ᠵᠤᠬᠢᠶᠠᠭᠴᠢ ᠶᠢᠨ ᠬᠠᠶᠢᠭ᠄ ᠯᠢᠶᠤᠤᠨᠢᠩ ᠶᠡᠭᠡ ᠰᠤᠷᠭᠠᠭᠤᠯᠢ ᠶᠢᠨ ᠠᠵᠤ ᠠᠬᠤᠢ ᠶᠢᠨ ᠭᠦᠷᠢᠶᠡᠯᠡᠩ
ᠵᠤᠬᠢᠶᠠᠭᠴᠢ᠄ ᠭᠤᠨᠢᠨᠤᠳ·ᠨᠠ᠊·ᠰᠥᠭᠡᠪᠠᠭᠡᠳᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ