ᠨᠡᠪᠲᠡᠷᠡᠨ ᠤᠷᠤᠬᠤ
ᠰᠧᠭᠮᠡᠳ ᠤᠨ ᠳᠤᠬᠠᠢ ᠣᠯᠠᠮᠵᠢᠯᠠᠯ ᠶᠠᠷᠢᠶ᠎ᠠ

ᠭᠦᠯᠤᠨ ᠪᠣᠢ᠌ᠷ ᠲᠤ ᠪᠠᠶᠠᠨ ᠭᠡᠵᠤ ᠠᠯᠳᠠᠷᠰᠢᠭᠰᠠᠨ ᠵᠠᠭᠠᠮᠠᠤᠨ ᠣᠪᠣᠭᠳᠤ ᠰᠧᠭᠮᠡᠳ ᠭᠡᠳᠡᠭ᠌ ᠥᠭᠡᠯᠡᠳ ᠭᠦᠮᠤᠨ ᠬᠤᠪᠢ ᠶᠢᠨ ᠭᠦᠷᠦᠩᠭᠡ ᠮᠠᠯ ᠶᠢᠡᠷ 《ᠪᠠᠶᠠᠨ ᠴᠠᠭᠠᠨ ᠰᠦᠮ᠎ᠡ (ᠪᠣᠶᠠᠨ ᠵᠤᠵᠠᠭᠠᠳᠬᠠᠬᠤ ᠰᠦᠮ᠎ᠡ)》 ᠶ᠋ᠢ ᠪᠠᠢ᠌ᠭᠤᠯᠤᠭᠰᠠᠨ ᠶᠤᠮ᠃

ᠳᠠᠷᠠᠭ᠎ᠠ ᠪᠠᠷ ᠵᠠᠭᠤᠨ ᠠᠳᠤᠭᠤ ᠪᠠᠨ ᠠᠮᠪᠠᠨ ᠨᠤᠶᠠᠨ ᠳᠤ ᠪᠠᠯᠡᠭ᠌ ᠳᠠᠯ᠎ᠠ ᠪᠣᠯᠭᠠᠨ ᠦᠭ‍ᠭᠦᠭ᠍ᠰᠡᠨ ᠳᠤ ᠠᠮᠪᠠᠨ ᠨᠤᠶᠠᠨ ᠡᠴᠠ ᠬᠠᠷᠢᠭᠤ ᠳ᠋ᠤᠨᠢ ᠰᠠᠢ᠌ᠰᠢᠶᠠᠯ ᠭᠦᠭᠢᠭᠦᠯᠦᠯ ᠣᠯᠭᠤᠨ ᠵᠡᠷᠭᠡ ᠵᠢᠩᠰᠠ ᠵᠡᠭᠦᠯᠭᠡᠵᠤ ᠵᠠᠢ ᠰᠤᠮᠤ ᠶᠢᠨ ᠵᠠᠩᠭᠢᠨ ᠪᠣᠯᠭᠠᠭᠰᠠᠨ ᠭᠡᠳᠡᠭ᠌᠃

ᠰᠧᠭᠮᠡᠳ ᠤᠨ ᠳᠡᠭᠡᠳᠦᠭᠦᠯ ᠭᠡᠵᠤ ᠨᠠᠷᠠᠳᠠᠢ ᠪᠠᠶᠠᠨ ᠠᠢ᠌ᠯ ᠪᠠᠢ᠌ᠵᠤ ᠳᠠᠯᠠᠨ ᠬᠤᠶᠠᠷ ᠳᠡᠮᠡᠭᠡᠨ ᠳᠡᠷᠭᠡ ᠪᠠᠷ ᠵᠤᠭᠤᠰ ᠮᠦᠩᠭᠦ ᠪᠠᠨ ᠠᠴᠢᠳᠠᠭ ᠭᠡᠨ᠎ᠡ᠃ ᠳᠠᠷᠠ ᠪᠠᠷ ᠳᠠᠪᠤᠨ ᠬᠤᠰᠢᠭᠤ ᠮᠠᠯ ᠢ ᠵᠡᠷᠭᠡ ᠳᠤ ᠥᠰᠭᠡᠵᠤ᠂ ᠬᠤᠵᠢᠷ ᠨᠠᠭᠤᠷ ᠤᠨ ᠠᠭᠤᠳᠠᠮ ᠭᠦᠡᠳᠡᠢ ᠶᠢᠨ ᠭᠠᠵᠠᠷ ᠲᠤ ᠮᠠᠯ ᠨᠢ ᠳᠦᠭᠦᠷᠡᠳᠡᠯ᠎ᠡ ᠪᠠᠯᠴᠢᠵᠤ ᠪᠠᠢ᠌ᠳᠠᠭ ᠭᠡᠯᠴᠡᠳᠡᠭ᠌᠃ ᠡᠨᠡ ᠠᠢ᠌ᠯ ᠤᠨ ᠭᠢᠨ ᠨᠢᠭᠡᠨ ᠣᠷᠤᠰ ᠵᠠᠷᠤᠴᠠ ᠲᠡᠶ ᠪᠠᠢ᠌ᠵᠤ᠂ ᠡᠨᠡ ᠣᠷᠤᠰ ᠵᠠᠷᠤᠴᠠ ᠶᠢᠨ ᠶᠠᠪᠣᠳᠠᠯ ᠶᠢᠡᠷ ᠬᠤᠯᠠᠭᠠᠢ ᠳᠤ ᠵᠤᠭᠤᠰ ᠮᠦᠩᠭᠦ ᠪᠠᠨ ᠠᠯᠳᠠᠵᠤ᠂ ᠠᠯᠳᠠᠭᠰᠠᠨ ᠵᠤᠭᠤᠰ ᠢ ᠵᠢᠷᠭᠤᠭᠠᠨ ᠴᠢᠷᠭ᠎ᠠ ᠪᠠᠷ ᠳᠡᠭᠡᠭᠡᠭᠡᠳ ᠶᠠᠪᠣᠭᠰᠠᠨ ᠭᠡᠨ᠎ᠡ᠃ ᠬᠤᠵᠢᠮ ᠡᠨᠡ ᠠᠯᠳᠠᠭᠤᠯ ᠤᠨ ᠵᠤᠭᠤᠰ ᠮᠦᠩᠭᠦ ᠪᠠᠨ ᠣᠯᠤᠭᠰᠠᠨ ᠪᠣᠯᠪᠠᠴᠤ 《ᠵᠤᠭᠤᠰ ᠮᠦᠩᠭᠦ ᠪᠣᠵᠠᠷᠳᠠᠯ᠎ᠠ》 ᠭᠡᠳ ᠮᠦᠩᠭᠦ ᠵᠤᠭᠤᠰ ᠶᠢᠡᠨ ᠣᠷᠤᠰ ᠠᠢ᠌ᠯ ᠳᠤ ᠵᠠᠢ᠌ᠯᠠᠭᠤᠯᠤᠨ ᠠᠪᠴᠢᠵᠤ ᠳᠠᠯᠪᠢᠭᠰᠠᠨ ᠭᠡᠳᠡᠭ᠌ ᠣᠯᠠᠮᠵᠢᠯᠠᠯ ᠶᠠᠷᠢᠶᠠᠨ ᠤ ᠥᠯᠢᠭᠡᠷ ᠶᠠᠷᠢᠭᠳᠠᠳᠠᠭ ᠶᠤᠮ᠃

《ᠮᠦᠩᠭᠦᠳᠤ ᠶᠢᠨ ᠠᠷᠪᠠᠨ ᠭᠤᠷᠪᠠᠨ ᠣᠪᠣᠭ᠎ᠠ》 ᠭᠡᠵᠤ ᠰᠧᠭᠮᠡᠳ ᠤᠨ ᠳᠡᠭᠡᠳᠦᠭᠦᠯ ᠨᠢ ᠮᠦᠩᠭᠦ ᠪᠠᠨ ᠭᠠᠵᠠᠷ ᠲᠤ ᠪᠣᠯᠠᠵᠤ ᠠᠷᠪᠠᠨ ᠭᠤᠷᠪᠠᠨ ᠣᠪᠣᠭ᠎ᠠ ᠪᠣᠰᠬᠠᠨ ᠳᠠᠭᠢᠭᠰᠠᠨ ᠪᠠᠢ᠌ᠵᠠᠢ᠃ ᠢᠩᠭᠢᠭᠡᠳ 《ᠮᠦᠩᠭᠦᠳᠤ ᠶᠢᠨ ᠠᠷᠪᠠᠨ ᠣᠪᠣᠭ᠎ᠠ》 ᠭᠡᠵᠤ ᠨᠡᠷᠡᠯᠡᠭ᠍ᠰᠡᠨ ᠪᠠᠢ᠌ᠵᠤ ᠭᠡᠨ᠎ᠡ᠃ ᠡᠨᠡ ᠣᠪᠣᠭ᠎ᠠ ᠪᠣᠯ ᠶᠡᠭᠡ ᠰᠤᠨᠢᠨ ᠣᠪᠣᠭ᠎ᠠ ᠪᠠᠨ ᠠᠭᠤᠯᠠᠨ ᠤ ᠣᠷᠤᠢ ᠳᠤ ᠪᠣᠰᠬᠠᠭᠰᠠᠨ ᠪᠢᠰᠢ᠃ ᠬᠠᠷᠢᠨ ᠠᠭᠤᠯᠠᠨ ᠶᠢᠨ ᠡᠩᠭᠡᠷ ᠲᠤ ᠪᠣᠰᠬᠠᠵᠠᠢ᠃ ᠪᠠᠰᠠ ᠨᠢᠭᠡ ᠣᠠᠴᠠᠯᠢᠭ ᠨᠢ ᠭᠡᠪᠠᠯ ᠣᠪᠣᠭ᠎ᠠ ᠨᠤᠭᠤᠳ ᠶᠢᠡᠨ ᠨᠢᠭᠡ ᠯᠠ ᠰᠢᠯᠤᠭᠤᠨ ᠱᠤᠭᠤᠮ ᠳᠡᠭᠡᠷ᠎ᠡ ᠠᠷᠪᠠᠨ ᠭᠤᠷᠪᠠᠭᠤᠯᠠ ᠶᠢ ᠨᠢ ᠵᠡᠷᠭᠡᠴᠡᠭᠦᠯᠤᠨ ᠭᠤᠤᠯ ᠣᠪᠣᠭ᠎ᠠ ᠡᠴᠠ ᠵᠡᠭᠦᠡᠰᠢ ᠵᠢᠷᠭᠤᠭᠠᠨ ᠣᠪᠣᠭ᠎ᠠ ᠪᠠᠷᠠᠭᠤᠠᠰᠢ ᠵᠢᠷᠭᠤᠭᠠᠨ ᠣᠪᠣᠭ᠎ᠠ ᠶᠢ ᠳᠤᠰ ᠳᠤᠰ ᠪᠣᠰᠬᠠᠨ ᠳᠠᠭᠢᠵᠠᠢ᠃ ᠰᠧᠭᠮᠡᠳ ᠠᠮᠢᠳᠤ ᠰᠡᠷᠡᠭᠦᠨ ᠪᠠᠢ᠌ᠬᠤ ᠳᠠᠭᠠᠨ ᠭᠠᠵᠠᠷ ᠲᠤ ᠪᠣᠯᠠᠭᠳᠠᠭᠰᠠᠨ ᠮᠦᠩᠭᠦ ᠪᠠᠨ ᠣᠯᠬᠤ ᠭᠡᠳ ᠠᠷᠪᠠᠨ ᠭᠤᠷᠪᠠᠨ ᠣᠪᠣᠭ᠎ᠠ ᠪᠦᠷᠢ ᠶᠢ ᠣᠷᠪᠠᠭᠤᠯᠤᠨ ᠮᠠᠯᠳᠠᠭᠠᠤᠨ ᠡᠴᠦᠰ ᠲᠡᠭᠡᠨ ᠶᠠᠭᠤ ᠴᠤ ᠣᠯᠤᠭᠰᠠᠨ ᠦᠭᠡᠶ᠃ ᠡᠭᠦᠨ ᠡᠴᠠ ᠦᠵᠡᠪᠠᠯ ᠮᠦᠩᠭᠦ ᠪᠠᠨ ᠣᠪᠣᠭᠠᠨ ᠤ ᠳᠤᠤᠷ᠎ᠠ ᠪᠣᠯᠠᠭᠰᠠᠨ ᠦᠭᠡᠶ ᠪᠣᠯᠤᠯᠳᠠᠢ᠃ ᠰᠧᠭᠮᠡᠳ ᠤᠨ ᠳᠡᠭᠡᠳᠦᠭᠦᠯ ᠨᠢ ᠨᠠᠯᠢᠶᠠᠤᠨ ᠣᠬᠠᠭᠠᠯᠢᠭ ᠥᠭᠡᠯᠡᠳ ᠭᠦᠮᠤᠨ ᠪᠠᠢ᠌ᠵᠠᠢ᠃ ᠮᠦᠩᠭᠦ ᠪᠠᠨ ᠭᠠᠵᠠᠷ ᠲᠤ ᠪᠣᠯᠠᠬᠤ ᠶᠠᠪᠣᠳᠠᠯ ᠳᠤ ᠨᠠᠯᠢᠶᠠᠤᠨ ᠨᠠᠷᠢᠯᠢᠭ ᠪᠣᠳᠤᠯᠭ᠎ᠠ ᠭᠡᠷᠡᠭᠯᠡᠭ᠍ᠰᠡᠨ ᠪᠠᠢ᠌ᠨ᠎ᠠ᠃ ᠮᠦᠩᠭᠦᠳᠤ ᠶᠢᠨ ᠠᠷᠪᠠᠨ ᠭᠤᠷᠪᠠᠨ ᠣᠪᠣᠭ᠎ᠠ ᠪᠠᠨ ᠪᠣᠰᠬᠠᠵᠤ ᠳᠠᠭᠢᠭᠰᠠᠨ ᠶᠠᠪᠣᠳᠠᠯ ᠨᠢ ᠭᠡᠯᠡᠯᠭᠡᠨ ᠦᠭᠡᠶ ᠮᠦᠩᠭᠦ ᠪᠠᠨ ᠭᠠᠵᠠᠷ ᠲᠤ ᠪᠣᠯᠠᠬᠤ ᠲᠡᠶ ᠬᠤᠯᠪᠣᠭᠳᠠᠯ ᠲᠡᠶ᠃ ᠢᠩᠭᠢᠭᠡᠳ ᠡᠴᠠ ᠳᠡᠭᠦᠨ ᠤ ᠬᠣᠢ᠌ᠴᠢ ᠰᠧᠭᠮᠡᠳ ᠨᠢ ᠭᠦᠷᠳᠡᠯ᠎ᠡ ᠣᠪᠣᠭᠠᠨ ᠤ ᠳᠤᠤᠷ᠎ᠠ ᠮᠦᠩᠭᠦ ᠪᠠᠢ᠌ᠨ᠎ᠠ ᠭᠡᠵᠤ ᠪᠣᠳᠤᠵᠠᠢ᠃ ᠰᠧᠭᠮᠡᠳ ᠠᠰᠠᠭᠤᠳᠠᠯ ᠢ ᠳᠤᠩ ᠳᠦᠭᠦᠮᠭᠡᠨ ᠥᠵᠡᠭ᠍ᠰᠡᠨ ᠪᠠᠢ᠌ᠨ᠎ᠠ᠃ ᠮᠦᠩᠭᠦ ᠪᠠᠨ ᠪᠣᠯᠠᠬᠤ ᠳᠤ ᠴᠤ ᠭᠡᠰᠡᠨ ᠳᠠᠢ᠌ᠮᠤ ᠠᠮᠠᠷᠬᠠᠨ ᠣᠯᠳᠠᠬᠤ ᠪᠠᠷ ᠶᠠᠭᠤ ᠭᠡᠵᠤ ᠪᠣᠯᠠᠬᠤ ᠪᠢᠯᠠ᠃ ᠦᠭᠡᠶ ᠪᠣᠯ ᠪᠣᠰᠤᠳ ᠬᠦᠮᠤᠰ ᠮᠠᠯᠳᠠᠭᠠᠤᠨ ᠠᠪᠴᠢᠬᠠᠬᠤ ᠪᠢᠰᠢᠤ᠃ ᠰᠧᠭᠮᠡᠳ ᠤᠨ ᠮᠦᠩᠭᠦ ᠪᠣᠯᠠᠭᠰᠠᠨ ᠳᠡᠭᠡᠳᠦᠭᠦᠯ ᠨᠢ ᠨᠠᠰᠤ ᠪᠠᠷᠬᠤ ᠡᠴᠠ ᠡᠮᠦᠨᠡᠭᠡᠨ ᠭᠡᠷᠢᠶᠠᠰ ᠥᠯᠡᠳᠡᠭᠡᠵᠡᠢ᠃ ᠭᠡᠷᠢᠶᠡᠰ ᠲᠡᠭᠡᠨ ᠵᠡᠭᠦᠨ ᠭᠠᠷ ᠶᠢᠡᠨ ᠰᠤᠩᠭ᠋ᠠᠵᠤ ᠠᠭᠤᠯᠠᠨ ᠤ ᠵᠡᠭᠦᠨ ᠡᠩᠭᠡᠷ ᠳᠠᠯ᠎ᠠ ᠶᠢ ᠳᠠᠭᠠᠭᠤᠯᠤᠨ ᠵᠡᠭᠦᠨ ᠭᠠᠷ ᠤᠨ ᠠᠯᠠᠭᠠᠨ ᠳᠡᠭᠡᠷ᠎ᠡ ᠬᠤᠶᠠᠷ ᠳᠤᠭᠤᠷᠢᠭ ᠵᠢᠷᠤᠵᠤ᠂ ᠬᠤᠶᠠᠷ ᠳᠤᠭᠤᠷᠢᠭ ᠤᠨ ᠳᠤᠮᠳᠠᠭᠤᠷ ᠨᠢᠭᠡ ᠵᠢᠷᠤᠭᠠᠰᠤ ᠳᠠᠳᠠᠭᠠᠤᠨ 《ᠳᠠᠭᠢᠶ᠎ᠠ ᠴᠠᠭ》 ᠭᠡᠵᠤ ᠭᠡᠯᠡᠮᠡᠭ᠍ᠴᠡ ᠪᠠᠨ ᠴᠠᠰᠢ ᠨᠢ ᠥᠭᠡ ᠭᠡᠯᠡᠵᠤ ᠴᠢᠳᠠᠬᠤ ᠪᠠᠨ ᠪᠣᠯᠢᠭᠰᠠᠨ ᠭᠡᠨ᠎ᠡ᠃ ᠰᠧᠭᠮᠡᠳ ᠭᠡᠷᠢᠶᠡᠰ ᠲᠤ ᠥᠯᠳᠡᠭᠡᠭ᠍ᠰᠡᠨ ᠠᠯᠠᠭᠠᠨ ᠳᠡᠭᠡᠷ᠎ᠡ ᠵᠢᠷᠤᠭᠰᠠᠨ ᠬᠤᠶᠠᠷ ᠳᠤᠭᠤᠷᠢᠭ ᠢ ᠬᠤᠶᠠᠷ ᠨᠠᠭᠤᠷ ᠭᠡᠵᠤ ᠣᠢ᠌ᠯᠭᠠᠵᠠᠢ᠃ ᠬᠤᠶᠠᠷ ᠳᠤᠭᠤᠷᠢᠭ ᠤᠨ ᠳᠤᠮᠳᠠᠭᠤᠷ ᠳᠠᠳᠠᠭᠰᠠᠨ ᠵᠢᠷᠤᠭᠠᠰᠤ ᠶᠢ ᠬᠤᠶᠠᠷ ᠨᠠᠭᠤᠷ ᠤᠨ ᠬᠤᠭᠤᠷᠤᠠᠳᠤᠭᠢ ᠵᠠᠭᠠᠭ ᠤᠨ ᠭᠠᠵᠠᠷ ᠢ ᠮᠠᠯᠳᠠᠭᠤᠯᠵᠠᠢ᠃ ᠮᠠᠯᠳᠠᠭᠰᠠᠨ ᠪᠣᠯᠪᠠᠴᠤ ᠣᠯᠤᠭᠰᠠᠨ ᠶᠠᠭᠤᠮ᠎ᠠ ᠠᠯᠠᠭ᠎ᠠ᠃ ᠰᠧᠭᠮᠡᠳ ᠤᠨ ᠠᠮᠢᠳᠤᠷᠠᠵᠤ ᠪᠠᠢ᠌ᠭᠰᠠᠨ ᠡᠨᠡ ᠨᠤᠳᠤᠭ ᠢ ᠬᠠᠷ᠎ᠠ ᠬᠤᠵᠢᠷ ᠨᠠᠭᠤᠷ ᠭᠡᠵᠤ ᠨᠡᠷᠡᠯᠡᠳᠡᠭ᠌᠃ ᠡᠭᠦᠨ ᠳᠤ ᠶᠡᠭᠡ ᠪᠠᠭ᠎ᠠ ᠬᠤᠶᠠᠷ ᠨᠠᠭᠤᠷ ᠲᠡᠶ᠂ ᠨᠠᠭᠤᠷ ᠤᠨ ᠬᠤᠭᠤᠷᠤᠠᠳᠤᠭᠢ ᠵᠠᠢ ᠨᠢ ᠳᠠᠮᠠᠢ ᠶᠡᠭᠡ ᠪᠢᠰᠢ ᠪᠠᠢ᠌ᠭᠰᠠᠨ ᠳᠤᠯᠠ ᠬᠤᠶᠠᠷ ᠨᠠᠭᠤᠷ ᠨᠢ ᠤᠢ᠌ᠷᠠᠯᠴᠠᠭ᠎ᠠ ᠪᠠᠢ᠌ᠵᠠᠢ᠃ ᠮᠦᠩᠭᠦ ᠶᠢ ᠭᠠᠵᠠᠷ ᠲᠤ ᠪᠣᠯᠠᠭᠰᠠᠨ ᠭᠡᠳᠡᠭ᠌ ᠢ ᠮᠡᠳᠡᠳᠡᠭ᠌ ᠪᠣᠯᠪᠠᠴᠤ ᠴᠤᠬᠤᠮ ᠬᠠᠮᠢᠭ᠎ᠠ ᠪᠣᠯᠠᠭᠰᠠᠨ ᠢ ᠮᠠᠳᠠᠵᠤ ᠴᠢᠳᠠᠭᠠᠳᠤᠢ ᠪᠠᠢ᠌ᠨ᠎ᠠ᠃ ᠡᠢ᠌ᠮᠤ ᠡᠴᠠ ᠳᠤᠤᠷᠠᠭᠢ ᠭᠡᠷᠢᠶᠡᠰ ᠲᠤ ᠥᠯᠡᠳᠡᠭᠡᠭ᠍ᠰᠡᠨ ᠨᠥᠭᠦᠴᠡᠯ ᠪᠣᠯᠬᠤ ᠵᠣᠢ᠌ᠯ ᠤᠳ ᠢ ᠬᠤᠭᠤᠷᠤᠠᠳᠤ ᠨᠢ ᠬᠤᠯᠪᠣᠭᠳᠠᠭᠤᠯᠤᠨ ᠪᠣᠳᠤᠵᠤ ᠥᠵᠡᠭᠦ ᠭᠡᠷᠡᠭ᠍ᠳᠡᠢ ᠪᠠᠢ᠌ᠨ᠎ᠠ᠃

《ᠵᠡᠭᠦᠨ ᠡᠩᠭᠡᠷ》 ᠊ᠢ ᠵᠡᠭᠦᠨ ᠭᠠᠷ ᠶᠢᠡᠨ ᠰᠤᠩᠭ᠋ᠠᠵᠤ ᠵᠢᠭᠠᠭᠰᠠᠨ ᠳᠤᠯᠠ ᠪᠣᠯᠠᠭᠳᠠᠭᠰᠠᠨ ᠮᠦᠩᠭᠦ ᠨᠢ ᠵᠡᠭᠦᠨ ᠡᠩᠭᠡᠷ ᠳᠠᠯ᠎ᠠ ᠳᠤ ᠪᠣᠶᠤ ᠤᠢ᠌ᠷᠠᠯᠴᠠᠭ᠎ᠠ ᠪᠠᠢ᠌ᠵᠤ ᠳᠠᠭᠠᠷᠠᠨ᠎ᠠ᠃ 《ᠬᠤᠶᠠᠷ ᠳᠤᠭᠤᠷᠢᠭ》 ᠊ᠤᠨ ᠳᠤᠮᠳᠠᠭᠤᠷ ᠳᠠᠳᠠᠭᠰᠠᠨ ᠵᠢᠷᠤᠭᠠᠰᠤ ᠪᠣᠯ ᠬᠤᠶᠠᠷ ᠨᠠᠭᠤᠷ ᠤᠨ ᠬᠤᠭᠤᠷᠤᠠᠳᠤᠭᠢ ᠵᠠᠭᠠᠭ ᠤᠨ ᠭᠠᠵᠠᠷ ᠪᠢᠰᠢ ᠭᠡᠰᠡᠨ ᠢ ᠰᠧᠭᠮᠡᠳ ᠭᠦᠮᠤᠨ ᠭᠦᠯᠦᠰᠦᠯᠡᠨ ᠨᠠᠭᠤᠷ ᠤᠨ ᠵᠠᠪᠰᠠᠷ ᠳᠠᠭᠢ ᠵᠠᠭᠠᠭ ᠭᠠᠵᠠᠷ ᠢ ᠮᠠᠯᠳᠠᠭᠤᠯᠤᠭᠰᠠᠨ ᠡᠴᠠ ᠮᠠᠳᠠᠵᠤ ᠪᠣᠯᠤᠨ᠎ᠠ᠃ 《ᠳᠠᠭᠢᠶ᠎ᠠ ᠴᠠᠭ》 ᠡᠴᠠ ᠰᠠᠳᠤᠪᠯᠠᠪᠠᠯ 《ᠳᠠᠭᠢᠶ᠎ᠠ ᠴᠠᠭ》 ᠭᠡᠳᠡᠭ᠌ ᠨᠢ ᠨᠠᠷᠠᠨ ᠤ ᠳᠤᠰᠤᠯᠳᠠ ᠶᠢᠨ ᠴᠠᠭ ᠢ ᠵᠢᠭᠠᠵᠤ ᠪᠠᠢ᠌ᠭ᠎ᠠ ᠮᠠᠭᠠᠤᠨ ᠦᠭᠡᠶ᠃ ᠭᠦᠯᠤᠨ ᠪᠣᠢ᠌ᠷ ᠣᠷᠤᠨ ᠳᠤ ᠨᠠᠷᠠ ᠡᠷᠳᠡ ᠭᠠᠷᠴᠤ ᠡᠷᠳᠡ ᠰᠢᠩᠭᠡᠳᠡᠭ᠌ ᠳᠤᠯᠠ 《ᠳᠠᠭᠢᠶ᠎ᠠ ᠴᠠᠭ》 ᠭᠡᠳᠡᠭ᠌ ᠨᠢ ᠦᠳᠡ ᠶᠢᠨ ᠬᠣᠢ᠌ᠨ᠎ᠠ ᠶᠢᠨ 5 ᠊᠊᠊᠊᠊᠊᠊᠊᠊᠊᠊᠊᠊᠊᠊ 7 ᠴᠠᠭ ᠭᠦᠷᠭᠦ ᠡᠨᠡ ᠬᠤᠭᠤᠷᠤᠠᠳᠤᠭᠢ ᠴᠠᠭ ᠢ ᠵᠢᠭᠠᠭᠰᠠᠨ ᠪᠠᠢ᠌ᠵᠤ ᠳᠠᠭᠠᠷᠠᠨ᠎ᠠ᠃ ᠡᠢ᠌ᠮᠤ ᠡᠴᠠ ᠡᠨᠡ ᠪᠣᠯᠠᠭᠳᠠᠭᠰᠠᠨ ᠮᠦᠩᠭᠦ ᠶᠢ ᠦᠳᠡ ᠶᠢᠨ ᠬᠣᠢ᠌ᠨ᠎ᠠ ᠶᠢᠨ 5 ᠊᠊᠊᠊᠊᠊᠊᠊᠊᠊᠊᠊᠊᠊᠊ 7 ᠴᠠᠭ ᠤᠨ ᠬᠤᠭᠤᠷᠤᠠᠳᠤ ᠮᠠᠯᠳᠠᠪᠠᠯ ᠵᠤᠭᠢᠨ᠎ᠠ᠃ ᠡᠪᠦᠯ ᠴᠠᠭ ᠤᠨ ᠭᠦᠯᠤᠨ ᠪᠣᠢ᠌ᠷ ᠣᠷᠤᠨ ᠳᠤ ᠨᠠᠷᠠ ᠡᠷᠳᠡ ᠰᠢᠩᠭᠡᠵᠤ᠂ ᠦᠳᠡ ᠶᠢᠨ ᠬᠣᠢ᠌ᠨ᠎ᠠ ᠶᠢᠨ 4 ᠴᠠᠭ ᠤᠨ ᠦᠶ᠎ᠡ ᠪᠠᠷ ᠪᠦᠷᠦᠢ ᠳᠠᠰᠤᠷᠠᠬᠤ ᠳᠤᠯᠠ ᠡᠳᠡᠭᠡᠷ ᠮᠦᠩᠭᠦ ᠶᠢ ᠰᠦᠨᠢ ᠮᠠᠯᠳᠠᠬᠤ ᠶᠤᠰᠤᠨ ᠦᠭᠡᠶ᠃ ᠰᠦᠨᠢ ᠮᠠᠯᠳᠠᠬᠤ ᠪᠠᠷ ᠪᠣᠳᠤᠭᠰᠠᠨ ᠴᠤ ᠭᠦᠯᠤᠨ ᠪᠣᠢ᠌ᠷ ᠤᠨ ᠡᠪᠦᠯ ᠤᠨ ᠠᠭᠤᠷ ᠠᠮᠢᠰᠬᠤᠯ ᠭᠦᠢᠳᠡᠨ᠂ ᠭᠠᠵᠠᠷ ᠤᠨ ᠭᠦᠷᠦᠰᠤ ᠵᠤᠵᠠᠭᠠᠨ ᠭᠦᠯᠳᠡᠭᠦ ᠳᠤᠯᠠ ᠮᠠᠯᠳᠠᠬᠤ ᠶᠢᠨ ᠠᠷᠭ᠎ᠠ ᠦᠭᠡᠶ᠃ ᠳᠠᠢ᠌ᠮᠤ ᠡᠴᠠ ᠵᠤᠨ ᠤ ᠴᠠᠭ ᠲᠤ ᠪᠣᠳᠤᠯᠭᠢᠯᠠᠪᠠᠯ ᠵᠤᠭᠢᠨ᠎ᠠ᠃ ᠣᠳᠤ ᠪᠢᠳᠠ ᠨᠢᠭᠡᠨᠲᠡ 《ᠬᠤᠶᠠᠷ ᠳᠤᠭᠤᠷᠢᠭ》 ᠨᠢ ᠬᠤᠶᠠᠷ ᠨᠠᠭᠤᠷ ᠪᠢᠰᠢ ᠭᠡᠳᠡᠭ᠌ ᠢ ᠮᠠᠳᠠᠯ᠎ᠠ᠃ 《ᠵᠢᠷᠤᠭᠠᠰᠤ》 ᠨᠢ ᠬᠤᠶᠠᠷ ᠨᠠᠭᠤᠷ ᠤᠨ ᠬᠤᠭᠤᠷᠤᠠᠳᠤᠭᠢ ᠵᠠᠭᠠᠭ ᠤᠨ ᠭᠠᠵᠠᠷ ᠴᠤ ᠪᠢᠰᠢ ᠭᠡᠳᠡᠭ᠌ ᠢ ᠣᠢ᠌ᠯᠭᠠᠯ᠎ᠠ᠃ 《ᠬᠤᠶᠠᠷ ᠳᠤᠭᠤᠷᠢᠭ》 ᠵᠢᠷᠤᠭᠰᠠᠨ ᠨᠢ ᠪᠣᠯ ᠬᠤᠶᠠᠷ ᠭᠡᠰᠡᠭ᠌ ᠭᠠᠵᠠᠷ ᠲᠤ 《ᠬᠤᠶᠠᠷ ᠭᠠᠵᠠᠷ》 ᠲᠤ ᠮᠦᠩᠭᠦ ᠪᠣᠯᠠᠭᠰᠠᠨ ᠭᠡᠳᠡᠭ᠌ ᠥᠭᠡ ᠪᠣᠯᠤᠨ᠎ᠠ᠃ ᠣᠳᠤ ᠪᠢᠳᠠ ᠨᠢᠭᠡᠨᠲᠡ ᠳᠡᠭᠡᠷᠡᠭᠢ ᠪᠠᠢ᠌ᠳᠠᠯ ᠢ ᠣᠯᠤᠭᠰᠠᠨ ᠰᠠᠭᠤᠷᠢᠨ ᠳᠡᠭᠡᠷ᠎ᠡ ᠡᠴᠠ ᠴᠠᠰᠢ ᠨᠢ ᠪᠣᠳᠤᠯᠭᠢᠯᠠᠬᠤ ᠨᠢ ᠥᠯᠡᠳᠡᠭ᠍ᠰᠡᠨ ᠨᠥᠭᠦᠴᠡᠯ 《ᠳᠠᠭᠢᠶ᠎ᠠ ᠴᠠᠭ》 ᠊᠊᠊᠊᠊᠊᠊᠊᠊᠊᠊᠊᠊᠊᠊ ᠨᠠᠷᠠᠨ ᠤ ᠭᠡᠷᠡᠯ᠃ ᠠᠷᠪᠠᠨ ᠭᠤᠷᠪᠠᠨ ᠣᠪᠣᠭ᠎ᠠ ᠪᠣᠯᠤᠨ 《ᠵᠢᠷᠤᠭᠠᠰᠤ》 ᠭᠤᠷᠪᠠ ᠶᠢᠨ ᠬᠤᠭᠤᠷᠤᠠᠳᠤᠭᠢ ᠬᠤᠯᠪᠣᠭᠳᠠᠯ ᠢ ᠰᠢ᠌ᠤᠠᠪᠣᠷᠢᠯᠠᠵᠤ ᠴᠢᠳᠠᠪᠠᠯ ᠨᠠᠨ ᠪᠣᠯᠠᠭᠳᠠᠭᠰᠠᠨ ᠮᠦᠩᠭᠦ ᠶᠢ ᠣᠯᠵᠤ ᠪᠣᠯᠤᠨ᠎ᠠ᠃ ᠬᠤᠶᠠᠷ ᠭᠡᠰᠡᠭ᠌ ᠪᠣᠯᠠᠭᠳᠠᠭᠰᠠᠨ ᠮᠦᠩᠭᠦᠨ ᠤ ᠨᠢᠭᠡ ᠭᠡᠰᠡᠭ᠌ ᠨᠢ ᠣᠳᠤ ᠭᠦᠷᠳᠡᠯ᠎ᠡ ᠪᠣᠯᠠᠭᠳᠠᠰᠠᠭᠠᠷ ᠪᠠᠢ᠌ᠨ᠎ᠠ᠃

ᠰᠧᠭᠮᠡᠳ ᠭᠦᠯᠤᠨ ᠪᠣᠢ᠌ᠷ ᠤᠨ ᠪᠦᠭᠦ ᠮᠠᠯ ᠭᠦᠷᠦᠩᠭᠡ ᠪᠠᠷ ᠶᠢᠡᠨ 《ᠪᠠᠶᠠᠨ ᠴᠠᠭᠠᠨ ᠨᠠᠭᠤᠷ》 ᠊ᠤᠨ ᠭᠠᠵᠠᠷ ᠲᠤ ᠰᠦᠮ᠎ᠡ ᠪᠠᠷᠢᠪᠠ᠃ ᠪᠠᠶᠠᠨ ᠴᠠᠭᠠᠨ ᠨᠠᠭᠤᠷ ᠭᠡᠳᠡᠭ᠌ ᠭᠠᠵᠠᠷ ᠢ ᠣᠭ ᠲᠠᠭᠠᠨ 《ᠬᠠᠷ᠎ᠠ ᠬᠤᠵᠢᠷ ᠨᠠᠭᠤᠷ》 ᠭᠡᠳᠡᠭ᠌ ᠪᠠᠢ᠌ᠪᠠ᠃ ᠡᠨᠡ ᠥᠭᠡᠯᠡᠳ ᠤᠨ ᠰᠦᠮ᠎ᠡ ᠶᠢ ᠰᠦᠮ᠎ᠡ ᠪᠠᠷᠢᠭᠰᠠᠨ ᠭᠠᠵᠠᠷ ᠤᠨ ᠭᠢᠨᠢ ᠨᠠᠷ᠎ᠠ ᠪᠠᠷ 《ᠬᠠᠷ᠎ᠠ ᠬᠤᠵᠢᠷ ᠨᠠᠭᠤᠷ》 ᠊ᠤᠨ ᠰᠦᠮ᠎ᠡ ᠪᠣᠶᠤ 《ᠪᠠᠶᠠᠨ ᠴᠠᠭᠠᠨ ᠰᠦᠮ᠎ᠡ》 ᠭᠡᠵᠤ ᠭᠡᠯᠡᠳᠡᠭ᠌ ᠡᠴᠠ ᠭᠠᠳᠠᠨ᠎ᠠ᠂ ᠰᠦᠮ᠎ᠡ ᠪᠠᠷᠢᠭᠰᠠᠨ ᠭᠦᠮᠤᠨ ᠤ ᠨᠠᠷ᠎ᠠ ᠪᠠᠷ 《ᠰᠧ ᠵᠠᠩᠭᠢᠨ ᠰᠦᠮ᠎ᠡ》 ᠴᠤ ᠭᠡᠳᠡᠭ᠌᠃

ᠳᠤᠰ ᠰᠦᠮ᠎ᠡ ᠪᠣᠯ ᠭᠦᠯᠤᠨ ᠪᠣᠢ᠌ᠷ ᠥᠭᠡᠯᠡᠳ ᠤᠨ 《ᠪᠣᠶᠠᠨ ᠵᠤᠵᠠᠭᠠᠳᠬᠠᠬᠤ ᠰᠦᠮ᠎ᠡ》 ᠶ᠋ᠢ ᠰᠢᠯᠵᠢᠭᠦᠯᠤᠨ ᠨᠡᠭᠦᠯᠭᠡᠭ᠍ᠰᠡᠨ ᠦᠷᠭᠦᠯᠵᠢᠯᠡᠯ ᠰᠦᠮ᠎ᠡ ᠨᠢ ᠪᠣᠯᠤᠨ᠎ᠠ᠃ ᠳᠤᠰ ᠰᠦᠮ᠎ᠡ ᠶᠢ 1927 ᠣᠨ ᠳᠤ 《ᠪᠦᠮᠪᠦᠨ ᠰᠦᠮ᠎ᠡ》 ᠶ᠋ᠢ ᠰᠢᠯᠵᠢᠭᠦᠯᠤᠨ ᠪᠠᠷᠢᠭᠰᠠᠨ ᠶᠤᠮ᠃ ᠡᠭᠦᠨ ᠢ ᠪᠠᠷᠢᠬᠤ ᠳᠤ 《ᠪᠦᠭᠡᠷᠡᠭ᠌ ᠤᠨ ᠰᠦᠮ᠎ᠡ》 ᠶ᠋ᠢᠨ ᠥᠯᠡᠳᠡᠭ᠍ᠳᠡᠯ ᠪᠣᠯᠬᠤ ᠪᠠᠷᠢᠯᠭ᠎ᠠ ᠶᠢᠨ ᠮᠤᠳᠤ ᠴᠢᠯᠠᠭᠤ ᠪᠠ 《ᠪᠦᠮᠪᠦᠨ ᠰᠦᠮ᠎ᠡ》 ᠳ᠋ᠤ ᠬᠠᠳᠠᠭᠠᠯᠠᠵᠤ ᠪᠠᠢ᠌ᠭᠰᠠᠨ ᠪᠣᠷᠬᠠᠨ ᠤ ᠨᠤᠮ ᠳᠠᠭᠢᠯ ᠴᠥᠭᠦᠴᠡ ᠶᠢ ᠭᠠᠷᠭᠠᠪᠠᠯ ᠰᠦᠮ᠎ᠡ ᠶᠢᠨ ᠪᠣᠰᠤᠳ ᠵᠣᠢ᠌ᠯ ᠤᠳ ᠢ ᠴᠦᠮ ᠰᠧᠭᠮᠡᠳ ᠦᠪᠡᠷ ᠶᠢᠡᠨ ᠭᠠᠭᠴᠠᠭᠠᠷ ᠳᠠᠭᠠᠭᠠᠵᠤ ᠰᠦᠮ᠎ᠡ ᠪᠠᠷᠢᠵᠤ ᠭᠦᠷᠦᠩᠭᠡ ᠪᠠᠨ ᠳᠠᠭᠤᠰᠠᠬᠠᠭᠰᠠᠨ ᠭᠡᠳᠡᠭ᠌᠃ ᠣᠯᠠᠮᠵᠢᠯᠠᠯ ᠶᠠᠷᠢᠶᠠᠨ ᠳᠤ ᠳᠤᠰ ᠰᠦᠮ᠎ᠡ ᠶᠢᠨ ᠪᠠᠷᠢᠯᠭ᠎ᠠ ᠶᠢᠨ ᠪᠦᠭᠦ ᠠᠵᠢᠯ ᠢ ᠳᠠᠭᠠᠭᠠᠴᠢᠯᠠᠨ ᠠᠪᠣᠭᠰᠠᠨ ᠹᠦ᠋ ᠱᠠᠨ ᠭᠡᠳᠡᠭ᠌ ᠭᠦᠮᠤᠨ ᠮᠦᠩᠭᠦᠨ ᠠᠶᠠᠭ᠎ᠠ ᠲᠡᠶ ᠠᠷᠢᠭᠢ ᠪᠠᠷ ᠳᠠᠯᠠᠯᠭ᠎ᠠ ᠬᠤᠷᠣᠢ᠌ᠯᠠᠨ ᠪᠦᠭᠦ ᠮᠠᠯ ᠢ ᠰᠦᠷᠦᠭ᠌ ᠶᠢᠡᠷ ᠨᠢ ᠳᠠᠭᠤᠭᠠᠤᠨ ᠶᠠᠪᠣᠭᠰᠠᠨ ᠭᠡᠳᠡᠭ᠌᠃



ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7503
ᠴᠠᠭ᠄ 2012 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ