☆ ᠰ·ᠮᠥᠩᠭᠡᠨᠡᠷᠡᠰᠤ
ᠨᠢ᠋ᠮᠠᠨ ᠴᠠᠭ ᠳᠦᠴᠢ ᠶᠢᠨ ᠭᠠᠯᠳᠤ ᠳᠡᠷᠭᠡ
ᠣᠯᠠᠨ ᠤ ᠥᠢᠮᠡᠭᠡᠨ ᠠᠭᠤᠷ ᠤᠨ ᠱᠤᠤᠭᠢᠯ ᠳᠤ ᠳᠠᠷᠤᠭᠳᠠᠮᠠ ᠥᠭᠡᠢ
ᠡᠭᠦᠳᠡ ᠪᠠᠷ ᠪᠠᠭᠳᠠ ᠶᠠᠳᠠᠭᠰᠠᠨ ᠭᠦᠮᠤᠨ ᠤ ᠦᠶᠡᠷ ᠳᠠᠳᠠᠷᠠᠮᠠ ᠥᠭᠡᠢ
ᠦᠨᠳᠦᠷ ᠲᠤ ᠡᠯᠭᠦᠭ᠍ᠰᠡᠨ ᠴᠠᠭ ᠤᠨ ᠵᠡᠭᠦᠤ ᠭᠡᠨ ᠢ ᠴᠤ ᠭᠦᠯᠢᠶᠡᠮᠡᠷ ᠥᠭᠡᠢ
ᠥᠶᠡᠷᠭᠡᠨ ᠳᠠᠰᠤᠭᠰᠠᠨ ᠴᠢᠮ᠎ᠠ ᠡᠴᠡ ᠪᠠᠨ ᠰᠠᠯᠤᠭᠠᠤᠨ ᠶᠠᠪᠣᠮᠠᠷ ᠥᠭᠡᠢ
ᠨᠢ᠋ᠮᠠᠨ ᠴᠠᠭ ᠳᠦᠴᠢ ᠶᠢᠨ ᠭᠠᠯᠳᠤ ᠳᠡᠷᠭᠡ ᠴᠢᠨᠢ ᠭᠦᠳᠡᠯᠦᠮᠡᠷ ᠪᠠᠢ᠌ᠨ᠎ᠠ
ᠨᠠᠭᠠᠳᠤ ᠶᠠᠭᠤᠮ᠎ᠠ ᠶᠢ ᠮᠢᠨᠢ ᠳᠢᠭᠯᠡᠭᠦ ᠳᠤ ᠪᠠᠨ ᠰᠡᠭᠦᠳᠡᠷ ᠶᠢᠡᠨ ᠳᠠᠯᠳᠠᠬᠠᠨ ᠭᠢᠭᠡᠷᠡᠢ
ᠵᠤᠪᠠᠯ ᠭᠤᠨᠢᠭ ᠶᠢᠡᠨ ᠴᠠᠰᠢ ᠨᠢ ᠬᠤᠭ ᠤᠨ ᠰᠠᠪᠠᠨ ᠳᠤ ᠬᠠᠶᠠᠭᠠᠷᠠᠢ
ᠵᠤᠷᠢᠭᠰᠠᠨ ᠵᠥᠭ᠌ ᠲᠤ ᠪᠠᠨ ᠣᠤᠤᠠᠬᠤ ᠳᠤ ᠪᠠᠨ ᠡᠷᠭᠢᠵᠤ ᠪᠢᠳᠡᠭᠡᠢ ᠬᠠᠷᠠᠭᠠᠷᠠᠢ︕
ᠴᠢᠩ ᠬᠠᠢ᠌ᠷ᠎ᠠ ᠶᠢᠨ ᠴᠢᠨᠢ ᠵᠢᠷᠦᠭᠡ ᠣᠷᠤᠭᠤ
ᠴᠢᠪ ᠭᠦᠢᠳᠡᠨ ᠣᠰᠤ ᠶᠠᠭᠤ ᠴᠤ ᠭᠡᠮᠡᠨ ᠰᠠᠴᠤᠪᠠ ᠡ︖
ᠴᠡᠩᠭᠡᠷ ᠨᠠᠭᠤᠷ ᠤᠨ ᠣᠰᠤ ᠰᠢᠭ ᠮᠡᠯᠮᠡᠷᠡᠭᠦ ᠨᠢᠯᠪᠣᠰᠤ ᠪᠠᠨ
ᠴᠡᠴᠡᠭᠭᠡᠨ ᠠᠷᠢᠭᠤᠨ ᠳᠤᠷᠠᠯᠠᠯ ᠲᠡᠶ ᠪᠠᠨ ᠶᠠᠭᠤ ᠴᠤ ᠭᠡᠮᠡᠨ ᠨᠠᠳᠠᠳᠤ ᠵᠤᠷᠢᠭᠤᠯᠪᠠ ᠡ︖
ᠡᠷᠡᠰᠭᠡᠨ ᠪᠣᠴᠠᠵᠤ ᠶᠠᠪᠣᠬᠤ ᠳᠤ ᠪᠠᠨ ᠴᠢ ᠭᠦᠮᠦᠭᠡᠢ ᠪᠠᠨ ᠵᠠᠭᠤᠭᠰᠠᠨ
ᠡᠷᠭᠢᠵᠤ ᠬᠠᠷᠠᠭ᠎ᠠ ᠦᠭᠡᠶ ᠬᠤᠷᠳᠤᠬᠠᠨ ᠠᠯᠬᠤᠭᠰᠠᠨ
ᠡᠩᠭᠡᠷ ᠢ ᠴᠢᠨᠢ ᠳᠡᠪᠳᠦᠭᠡᠭ᠍ᠰᠡᠨ ᠨᠢᠯᠪᠣᠰᠤ ᠶᠢ ᠠᠷᠴᠢᠬᠤ ᠡᠷᠭᠡ ᠦᠭᠡᠶ ᠶᠢ ᠠᠭᠤᠴᠢᠯᠠ
ᠡᠳᠡᠭᠡᠰᠢ ᠦᠭᠡᠶ ᠰᠢᠷᠬ᠎ᠠ ᠳᠠᠷᠠ ᠯᠠ ᠡᠳᠦᠷ ᠡᠴᠡ ᠵᠢᠷᠦᠭᠡᠨ ᠳᠤ ᠦᠯᠡᠳᠡᠭ᠍ᠰᠡᠨ ᠢ ᠮᠢᠨᠢ ᠪᠣᠯᠭᠤᠭᠠ
ᠡᠯᠢᠭᠡᠨ ᠳᠤ ᠴᠢᠨᠢ ᠨᠠᠭᠠᠯᠳᠤᠵᠤ ᠣᠭᠢᠯᠠᠬᠤ ᠡᠷᠭᠡ ᠨᠠᠳᠠᠳᠤ ᠪᠠᠢ᠌ᠭᠰᠠᠨ ᠦᠭᠡᠶ ᠶᠢ ᠮᠡᠳᠡᠭᠡᠷᠡᠢ
ᠡᠷᠢᠨ᠎ᠡ ᠰᠠᠨᠠᠨ᠎ᠠ ᠭᠡᠵᠤ ᠰᠣᠢ᠌ᠤᠨ ᠪᠣᠯᠬᠤ ᠡᠷᠭᠡ ᠴᠤ ᠪᠠᠢ᠌ᠭᠰᠠᠨ ᠦᠭᠡᠶ ᠶᠢ ᠣᠢ᠌ᠯᠠᠭᠠᠭᠠᠷᠠᠢ︕
ᠵᠨ᠂ ᠶᠠᠭᠠᠭᠢᠬᠤ ᠪᠣᠢ︖
ᠬᠤᠩᠭ᠋ᠤᠷ ᠮᠢᠨᠢ︕ ᠪᠢᠳᠡᠭᠡᠢ ᠣᠭᠢᠯᠠ
ᠵᠢᠷᠭᠠᠯ ᠭᠡᠳᠡᠭ᠌ ᠴᠢᠨᠢ ᠬᠤᠷᠤᠮᠬᠠᠨ ᠰᠢᠤ
ᠵᠠᠶᠠᠭ᠎ᠠ ᠭᠡᠳᠡᠭ᠌ ᠴᠢᠨᠢ ᠬᠤᠪᠢᠷᠠᠬᠤ ᠦᠭᠡᠶ ᠰᠢᠤ
ᠬᠠᠢ᠌ᠷᠠᠳᠠᠢ ᠭᠡᠰᠡᠨ ᠥᠭᠡ ᠮᠢᠨᠢ ᠦᠨᠡᠨ ᠴᠤ
ᠬᠠᠭᠠᠴᠠᠬᠤ ᠦᠭᠡᠶ ᠭᠡᠰᠡᠨ ᠦᠴᠢᠭ᠌ ᠪᠣᠯ ᠬᠤᠳᠠᠯ ᠰᠢᠤ︕
ᠬᠠᠳᠠᠭᠤ ᠰᠡᠳᠭᠢᠯ ᠶᠢᠡᠷ ᠴᠢᠮ᠎ᠠ ᠶᠢ ᠣᠷᠭᠢᠯ᠎ᠠ ᠭᠡᠵᠤ ᠪᠢᠳᠡᠭᠡᠢ ᠭᠤᠮᠤᠳᠠᠭᠠᠷᠠᠢ
ᠬᠠᠤᠯᠢ ᠶᠤᠰᠤ ᠶᠢ ᠭᠦᠮᠤᠨ ᠳᠠᠪᠴᠢᠵᠤ ᠳᠠᠢ᠌ᠯᠤᠨ᠎ᠡ ᠭᠡᠵᠤ ᠭᠡᠵᠢᠶ᠎ᠡ ᠴᠤ ᠪᠣᠤ ᠢᠳᠡᠭᠡᠭᠡᠷᠡᠢ︕
ᠣᠭᠢᠯᠠᠨ᠎ᠠ ᠭᠡᠳᠡᠭ᠌ ᠪᠣᠯ ᠳᠠᠢ᠌ᠪᠣᠰᠢᠷᠠᠯ
ᠣᠢ᠌ᠤᠠᠬᠠᠷ ᠭᠡᠳᠡᠭ᠌ ᠪᠣᠯ ᠮᠦᠷᠦᠭᠡᠳᠦᠯ
ᠣᠭᠢᠯᠠᠬᠤ᠂ ᠣᠢ᠌ᠤᠠᠬᠠᠷᠯᠠᠬᠤ ᠡᠷᠭᠡ ᠶᠢ ᠠᠮᠢᠳᠤᠷᠠᠯ ᠮᠢᠨᠢ ᠴᠢ ᠨᠠᠳᠠᠳᠤ ᠰᠸᠺᠦᠨᠳ᠋ ᠶᠢᠡᠷ ᠴᠤ ᠭᠡᠰᠡᠨ ᠰᠤᠶᠤᠷᠬ᠎ᠠ
ᠦᠴᠦᠭᠡᠨ ᠵᠢᠷᠦᠭᠡ ᠶᠢ ᠮᠢᠨᠢ ᠪᠣᠯᠭᠢᠭᠤᠯᠤᠭᠰᠠᠨ ᠳᠡᠷᠡᠭᠡᠨ ᠬᠠᠢ᠌ᠷ᠎ᠠ ᠪᠠᠨ ᠪᠢ ᠬᠤᠯᠠᠭᠠᠢ᠌ᠯᠠᠵᠤ ᠮᠦᠷᠦᠭᠡᠳᠦᠶᠡ
ᠭᠡᠨ ᠳᠤ ᠴᠤ ᠮᠡᠳᠡᠭᠦᠯᠦᠯᠭᠡᠨ ᠥᠭᠡᠢ
ᠭᠡᠵᠢᠶ᠎ᠡ ᠴᠤ ᠭᠡᠯᠡᠯᠭᠡᠨ ᠦᠭᠡᠶ ᠡ
ᠨᠠᠰᠤᠨ ᠳᠤ ᠪᠠᠨ ᠮᠠᠷᠳᠠᠬᠤ ᠦᠭᠡᠶ ᠰᠠᠢ᠌ᠬᠠᠨ ᠳᠤᠷᠠᠰᠤᠯ ᠢ ᠮᠢᠨᠢ
ᠨᠢ᠋ᠮᠠᠨ ᠴᠠᠭ ᠳᠦᠴᠢ ᠶᠢᠨ ᠳᠡᠷᠭᠡᠨ ᠦᠷᠳᠡᠭᠡ ᠴᠢ ᠡ᠊ᠨᠳᠡ ᠨᠢ ᠳᠠᠮᠠᠭᠠᠯᠠᠵᠤ ᠦᠯᠡᠳᠡᠭᠡ︕
2010.8.3
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 08 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ