☆ ᠭᠦᠢ ᠶᠢᠩ
ᠨᠤᠳᠤᠭ ᠤᠨ ᠬᠠᠢ᠌ᠷ᠎ᠠ
ᠨᠤᠳᠤᠭ ᠤᠨ ᠬᠠᠢ᠌ᠷ᠎ᠠ ᠪᠣᠯ
ᠨᠢᠳᠤ ᠳᠦᠭᠦᠷᠡᠩ ᠨᠢᠯᠪᠣᠰᠤ ᠮᠢᠨᠢ ᠪᠢᠯᠠ
ᠰᠠᠤᠠᠭᠢᠯ ᠳᠦᠭᠦᠷᠡᠩ ᠮᠥᠷᠦᠭᠡᠳᠦᠯ ᠮᠢᠨᠢ ᠪᠢᠯᠠ᠃
ᠨᠤᠳᠤᠭ ᠤᠨ ᠬᠠᠢ᠌ᠷ᠎ᠠ ᠪᠣᠯ
ᠨᠢᠭᠤᠵᠤ ᠣᠭᠢᠯᠠᠭᠰᠠᠨ ᠡᠵᠢ ᠮᠢᠨᠢ ᠪᠢᠯᠠ
ᠢᠯᠠ ᠠᠭᠤᠷᠯᠠᠭᠰᠠᠨ ᠠᠪᠣ ᠮᠢᠨᠢ ᠪᠢᠯᠠ᠃
ᠨᠤᠳᠤᠭ ᠤᠨ ᠬᠠᠢ᠌ᠷ᠎ᠠ ᠪᠣᠯ
ᠨᠤᠭᠤᠭᠠᠨ ᠳᠠᠯ᠎ᠠ ᠶᠢᠨ ᠳᠤᠮᠳᠠᠭᠢ ᠨᠢᠭᠡ ᠪᠣᠳᠠ ᠴᠡᠴᠡᠭ᠌ ᠪᠢᠯᠠ
ᠨᠤᠮᠢᠨ ᠣᠢ ᠶᠢᠨ ᠳᠤᠮᠳᠠᠭᠢ ᠨᠢᠭᠡ ᠠᠯᠠᠭ ᠰᠢᠪᠠᠤᠬᠠᠢ ᠪᠢᠯᠠ
ᠨᠤᠳᠤᠭ ᠤᠨ ᠬᠠᠢ᠌ᠷ᠎ᠠ ᠪᠣᠯ
ᠮᠠᠷᠳᠠᠵᠤ ᠴᠢᠳᠠᠬᠤ ᠦᠭᠡᠶ ᠠᠷᠪᠠᠨ ᠳᠠᠪᠤᠨ ᠤ ᠰᠠᠷ᠎ᠠ ᠪᠢᠯᠠ
ᠠᠩᠭᠢᠷ ᠣᠭᠤᠷᠠᠭ ᠤᠨ ᠠᠮᠳᠠ ᠪᠢᠯᠠ
ᠨᠤᠳᠤᠭ ᠤᠨ ᠬᠠᠢ᠌ᠷ᠎ᠠ ᠪᠣᠯ
ᠦᠳᠡᠰᠢ ᠶᠢᠨ ᠵᠡᠭᠦᠳᠤᠨ ᠤ ᠠᠩᠭᠢᠯᠤᠮᠠᠯ ᠬᠤᠷ᠎ᠠ ᠪᠢᠯᠠ
ᠡᠳᠦᠷ ᠤᠨ ᠪᠣᠳᠤᠯ ᠤᠨ ᠬᠠᠩᠬᠤᠯᠤᠮ᠎ᠠ ᠴᠠᠢ ᠪᠢᠯᠠ᠃
ᠵᠤᠬᠢᠶᠠᠭᠴᠢ᠄ ᠭᠦᠢ ᠶᠢᠩ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3581
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ