ᠨᠡᠪᠲᠡᠷᠡᠨ ᠤᠷᠤᠬᠤ
ᠢᠷᠡᠭᠡᠳᠦᠢ

ᠢᠷᠡᠭᠡ ᠦᠭᠡᠶ ᠣᠴᠢᠷ ᠡᠴᠡ ᠢᠷᠠᠰᠠᠨ ᠨᠢ ᠦᠨᠡᠨ ᠪᠣᠳᠠᠳᠠᠢ ᠪᠠᠢ᠌ᠳᠠᠭ ᠬᠣᠢ᠌ᠨ᠎ᠠ᠂ ᠢᠷᠡᠭᠡᠳᠦᠢ ᠶᠢ ᠠᠭᠢᠨ ᠳᠠᠭᠢᠨ ᠪᠠᠷᠠᠯᠠᠵᠤ ᠭᠦᠰᠡᠨ ᠳᠠᠭᠠᠮᠠᠭᠯᠠᠬᠤ ᠨᠢ ᠵᠢᠭᠠᠬᠠᠨ ᠢᠨᠢᠶᠠᠳᠤᠮ ᠲᠡᠶ ᠰᠢᠭ ᠪᠣᠳᠤᠭᠳᠠᠬᠤ ᠨᠢ ᠳᠠᠮᠵᠢᠭ ᠦᠭᠡᠶ᠃

ᠢᠷᠡᠭᠡ ᠦᠭᠡᠶ ᠣᠴᠢᠷ ᠡᠴᠡ ᠬᠤᠵᠢᠮ ᠬᠣᠢ᠌ᠨ᠎ᠠ ᠶᠠᠮᠠᠷ ᠴᠤ ᠪᠣᠯᠬᠤ ᠶᠢ ᠠᠵᠢᠶᠠᠷᠠᠵᠤ᠂ ᠵᠥᠩᠨᠡᠭᠦ ᠶᠢᠨ ᠠᠷᠭ᠎ᠠ ᠦᠭᠡᠶ ᠬᠣᠢ᠌ᠨ᠎ᠠ᠂ ᠢᠷᠡᠭᠡᠳᠦᠢ ᠶᠢᠨ ᠳᠦᠯᠦᠭᠡ ᠰᠠᠨᠠᠭ᠎ᠠ ᠵᠤᠪᠠᠵᠤ᠂ ᠳᠠᠷᠢᠭᠢ ᠪᠠᠨ ᠪᠠᠷᠠᠬᠤ ᠨᠢ ᠥᠨᠡᠭᠡᠷ ᠱᠤᠭ ᠬᠤᠱᠤᠩ ᠰᠢᠭ ᠪᠣᠳᠤᠭᠳᠠᠬᠤ ᠨᠢ ᠭᠡᠯᠡᠯᠭᠡᠨ ᠦᠭᠡᠶ᠃

ᠳᠡᠦᠭᠡ ᠮᠡᠳᠡᠭᠦ ᠭᠦᠮᠤᠨ ᠣᠯᠠᠨ ᠪᠠᠢ᠌ᠳᠠᠭ᠂ ᠪᠣᠰᠤᠳ ᠤᠨ ᠳᠡᠦᠭᠡ ᠶᠢ ᠮᠡᠳᠡᠭᠦ ᠭᠦᠮᠤᠨ ᠨᠠᠩ ᠴᠤ ᠣᠯᠠᠨ ᠪᠠᠢ᠌ᠳᠠᠭ᠃ ᠬᠡᠶ᠎ᠡ᠂ ᠦᠪᠡᠷ ᠤᠨ ᠶᠢᠡᠨ ᠳᠡᠦᠭᠡ᠂ ᠦᠨᠳᠦᠰᠦᠳᠠᠨ ᠤ ᠪᠠᠨ ᠳᠡᠦᠭᠡ ᠪᠠᠨ ᠮᠡᠳᠡᠭᠦ ᠦᠭᠡᠶ ᠭᠦᠮᠤᠨ ᠪᠡᠰᠡ ᠮᠤᠩ ᠦᠭᠡᠶ ᠣᠯᠠᠨ ᠪᠤᠢ᠃

《ᠳᠡᠦᠭᠡ ᠶᠢᠨ ᠭᠢᠴᠢᠶᠠᠯ ᠢ ᠰᠤᠷᠤᠭᠠᠤᠨ ᠶᠠᠮᠠᠷ ᠴᠤ ᠭᠡᠷᠡᠭ᠍ᠴᠡᠭᠡ ᠪᠠᠢ᠌ᠬᠤ ᠪᠣᠢ︖ ᠳᠡᠦᠭᠡ ᠶᠢ ᠰᠤᠳᠤᠯᠤᠭᠠᠤᠨ ᠶᠠᠮᠠᠷ ᠴᠤ ᠭᠡᠷᠡᠭ᠍ᠴᠡᠭᠡ ᠪᠠᠢ᠌ᠬᠤ ᠪᠣᠢ ︖ ᠥᠭᠦᠮᠡᠯ ᠭᠡᠭᠦᠷ ᠢ ᠮᠢᠩᠭ᠋᠎ᠠ ᠳᠤᠶᠠᠴᠢᠭᠰᠠᠨ ᠴᠤ ᠠᠮᠢᠨ ᠰᠦᠨᠠᠰᠤ ᠶᠢ ᠨᠢ ᠡᠷᠢᠵᠤ ᠣᠯᠬᠤ ᠦᠭᠡᠶ ᠰᠢᠤ ︕》

ᠴᠢᠩᠭᠢᠰ ᠬᠠᠭᠠᠨ ᠢ ᠯᠠ ᠮᠡᠳᠡᠭᠡᠤᠨ᠂ ᠳᠠᠮᠤᠵᠢᠨ ᠭᠡᠪᠠᠯ《 ᠭᠡᠨ ᠪᠣᠢ ︖》ᠭᠡᠵᠤ ᠠᠰᠠᠭᠤᠬᠤ ᠮᠤᠩᠭ᠋ᠤᠯᠴᠤᠳ ᠯᠠᠪᠳᠠᠢ ᠪᠠᠢ᠌ᠬᠤ ᠶᠢ ᠨᠠᠩ ᠣᠯᠠᠨ ᠮᠤᠩᠭ᠋ᠤᠯ ᠤᠨ ᠡᠷᠳᠡᠮᠳᠡᠨ ᠮᠡᠷᠭᠡᠤᠨ ᠳᠤᠯᠤᠭᠠᠢ ᠳᠤᠭᠢᠨ ᠮᠡᠳᠡᠷᠡᠭᠦ ᠨᠢ ᠯᠠᠪᠳᠠᠢ᠃《ᠶᠤᠸᠠᠨ ᠣᠯᠤᠰ ᠤᠨ ᠬᠠᠮᠤᠭ ᠠᠩᠬᠠᠨ ᠤ ᠬᠠᠭᠠᠨ ᠨᠢ ᠭᠡᠨ ᠪᠣᠢ ︖》 ᠭᠡᠵᠤ ᠠᠰᠠᠭᠤᠪᠠᠯ《ᠴᠢᠩᠭᠢᠰ ᠬᠠᠭᠠᠨ》ᠭᠡᠵᠤ ᠬᠠᠷᠢᠭᠤᠯᠬᠤ ᠭᠦᠮᠤᠨ ᠤ ᠳᠤᠭ᠎ᠠ ᠯᠡᠪᠳᠡᠢ ᠴᠥᠭᠡᠨ ᠪᠢᠰᠢ ᠭᠡᠳᠡᠭ᠌ ᠢ ᠳᠡᠦᠭᠡ ᠰᠤᠳᠤᠯᠤᠭᠴᠢᠤᠨ ᠯᠠᠪ ᠢᠳᠡᠭᠡᠭᠦ ᠶᠤᠮ᠃

ᠮᠠᠨ ᠤ ᠰᠤᠷᠭᠠᠭᠤᠯᠢ ᠳᠤ ᠭᠤᠴᠢᠨ ᠳᠠᠪᠣ ᠡᠴᠡ ᠳᠤᠷᠤᠭᠰᠢ ᠨᠠᠰᠤᠳᠠᠢ ᠪᠠᠭᠰᠢ ᠳᠦᠴᠢᠨ ᠨᠠᠷᠠᠰ ᠪᠣᠢ᠃ ᠭᠤᠴᠢᠨ ᠭᠦᠮᠤᠨ ᠨᠢ ᠭᠡᠦᠭᠡᠤᠨ ᠲᠡᠶ ᠭᠡᠪᠠᠴᠤ ᠮᠤᠩᠭ᠋ᠤᠯ ᠶᠢᠡᠷ ᠥᠵᠡᠭᠦᠯᠵᠤ ᠪᠠᠢ᠌ᠭ᠎ᠠ ᠭᠦᠮᠤᠨ ᠰᠠᠶ‍ᠢ ᠭᠠᠭᠴᠠᠬᠠᠨ ᠳᠠᠳᠣᠢ᠌ᠯᠠ᠃ ᠮᠤᠩᠭ᠋ᠤᠯ ᠪᠠᠭᠰᠢᠨᠠᠷ ᠤᠨ ᠭᠡᠦᠭᠡᠤᠨ ᠶᠢᠡᠨ ᠮᠤᠩᠭ᠋ᠤᠯ ᠶᠢᠡᠷ ᠥᠵᠡᠭᠦᠯᠵᠤ ᠪᠠᠢ᠌ᠭ᠎ᠠ ᠨᠤᠷᠮ᠎ᠠ ᠶᠢᠨ ᠬᠠᠷᠢᠴᠠᠯ ᠨᠢ ᠭᠦᠳᠡᠭᠡ ᠶᠢᠨ ᠪᠢᠴᠢᠭ᠌ ᠰᠤᠶᠤᠯ ᠦᠵᠡᠵᠤ ᠥᠩᠭᠡᠷᠡᠭ᠍ᠰᠡᠨ ᠦᠭᠡᠶ ᠮᠤᠩᠭ᠋ᠤᠯ ᠮᠡᠯᠴᠢᠨ ᠳᠠᠷᠢᠶᠠᠴᠢᠨ ᠤ ᠭᠡᠦᠭᠡᠤᠨ ᠶᠢᠡᠨ ᠮᠤᠩᠭ᠋ᠤᠯ ᠶᠢᠡᠷ ᠥᠵᠡᠭᠦᠯᠵᠤ ᠪᠠᠢ᠌ᠭ᠎ᠠ ᠨᠤᠷᠮ᠎ᠠ ᠡᠴᠡ ᠬᠤᠯᠠ ᠳᠤᠤᠷ᠎ᠠ ᠪᠠᠢ᠌ᠬᠤ ᠨᠢ ᠭᠦᠮᠦᠰ ᠤᠨ ᠰᠤᠨᠢᠭᠤᠴᠢ ᠶᠢ ᠭᠦᠷᠭᠡᠭᠦ ᠦᠭᠡᠶ ᠪᠠᠢ᠌ᠬᠤ ᠶᠢᠨ ᠠᠷᠭ᠎ᠠ ᠦᠭᠡᠶ᠃

《ᠮᠠᠨ ᠤ ᠦᠶ᠎ᠡ ᠶᠢᠨ ᠭᠢᠨ ᠮᠤᠩᠭ᠋ᠤᠯ ᠤᠨ ᠳᠦᠯᠦᠭᠡ ᠭᠡᠤᠨ ᠬᠠᠭᠠᠰ ᠨᠠᠰᠤ ᠪᠠᠨ ᠨᠢᠬᠡᠨᠳᠡ ᠥᠷᠥᠭᠰᠡᠨ᠂ ᠦᠷ᠎ᠡ ᠭᠡᠦᠭᠡᠤᠨ ᠶᠢᠡᠨ ᠭᠢᠳᠠᠤᠨ ᠶᠢᠡᠷ ᠥᠵᠡᠭᠦᠯᠴᠢᠭᠡᠭ᠍ᠰᠡᠨ ᠴᠤ ᠦᠨᠳᠦᠰᠦᠳᠠᠨ ᠳᠡᠭᠡᠨ ᠣᠰᠤᠯᠳᠠᠭᠰᠠᠨ ᠶᠢᠡᠷ ᠦᠭᠡᠶ ᠰᠢᠭ ᠪᠣᠳᠤᠭᠳᠠᠭᠠᠤᠨ ᠪᠠᠢ᠌ᠨ᠎ᠠ᠃》ᠡᠨᠡ ᠥᠭᠡ ᠶᠢ ᠭᠡᠯᠡᠭ᠍ᠰᠡᠨ ᠨᠢ ᠮᠤᠩᠭ᠋ᠤᠯ ᠰᠤᠨᠢᠨ ᠤ ᠬᠤᠷᠢᠶᠠᠨ ᠳᠤ ᠠᠯᠪᠠ ᠪᠠᠷᠢᠵᠤ ᠪᠠᠢ᠌ᠭ᠎ᠠ ᠭᠤᠴᠢᠨ ᠨᠢ᠋ᠮᠠᠨ ᠨᠠᠰᠤᠳᠠᠢ ᠨᠢᠭᠡᠨ ᠡᠷ᠎ᠡ ᠭᠦᠢᠰᠦᠳᠡᠢ ᠨᠠᠢ᠌ᠷᠠᠭᠤᠯᠤᠭᠴᠢ᠂ ᠳᠠᠷᠠ ᠮᠦᠨ ᠴᠤ ᠮᠢᠨᠤ ᠬᠠᠮᠤᠭ ᠰᠠᠢ᠌ᠨ ᠨᠠᠢ᠌ᠵᠠ ᠶᠢᠨ ᠨᠢᠭᠡ ᠪᠣᠯᠤᠨ᠎ᠠ᠃ ᠪᠢ ᠳᠡᠭᠦᠨ ᠤ ᠥᠭᠡᠳᠡ ᠨᠢᠴᠤᠭᠠᠬᠤ ᠥᠭᠡ ᠭᠡᠯᠡᠵᠤ ᠴᠢᠳᠠᠭᠰᠠᠨ ᠦᠭᠡᠶ᠂ ᠳᠠᠷᠠ ᠴᠤ ᠮᠤᠩᠭ᠋ᠤᠯ ᠭᠡᠯᠡᠨ ᠤ ᠰᠠᠯᠪᠣᠷᠢ ᠡᠴᠡ ᠶᠡᠭᠡ ᠰᠤᠷᠭᠠᠭᠤᠯᠢ ᠶᠢᠨ ᠨᠠᠮᠳᠠᠷ ᠶᠢᠡᠨ ᠭᠦᠷᠳᠡᠭ᠍ᠰᠡᠨ ᠭᠦᠮᠤᠨ᠂ ᠣᠬᠠᠭᠠᠨ ᠰᠠᠨᠠᠭ᠎ᠠ ᠡᠷᠳᠡᠮ ᠮᠡᠳᠡᠯᠭᠡ ᠪᠠᠷ ᠳᠤᠳᠠᠬᠤ ᠦᠭᠡᠶ ᠭᠦᠮᠤᠨ ᠶᠤᠮ ᠴᠢᠨᠢ᠃ ᠳᠠᠭᠢᠵᠤ ᠭᠡᠯᠡᠪᠠᠯ ᠦᠪᠡᠷ ᠤᠨ ᠭᠢᠭ᠍ᠰᠡᠨ ᠨᠢᠭᠡ ᠣᠴᠢᠷ ᠶᠠᠪᠣᠳᠠᠯ ᠶᠢᠡᠨ ᠵᠥᠪᠳᠡᠭᠡᠭᠦ ᠭᠡᠵᠤ ᠰᠢᠯᠳᠠᠭᠠᠨ ᠡᠷᠢᠵᠤ᠂ ᠪᠠᠷᠢᠮᠳᠠ ᠡᠰᠢᠯᠡᠵᠤ ᠪᠠᠢ᠌ᠭ᠎ᠠ ᠨᠢ ᠳᠠᠷᠠ ᠨᠢᠭᠡᠡᠳᠡ ᠡᠨᠡ ᠶᠠᠪᠣᠳᠠᠯ ᠢ ᠪᠣᠷᠤᠭᠤ ᠭᠢᠴᠢᠭᠡᠯ᠎ᠡ ᠭᠡᠰᠡᠨ ᠶᠢᠡᠨ ᠮᠡᠳᠡᠷᠡᠭ᠍ᠰᠡᠨ ᠭᠡᠷᠡᠭ᠌ ᠪᠣᠯᠤᠨ᠎ᠠ᠂ ᠪᠢ ᠶᠠᠭᠤ ᠭᠡᠵᠤ ᠭᠡᠯᠡᠭᠦ ᠶᠢᠨ ᠠᠷᠭ᠎ᠠ ᠦᠭᠡᠶ᠂ ᠭᠡᠳᠦᠢ ᠵᠢᠯ ᠣᠴᠠᠷᠠᠭᠠᠳᠤᠢ ᠨᠠᠢ᠌ᠵᠠ ᠶᠢᠨ ᠰᠠᠤᠠᠭᠢᠯ ᠢ ᠨᠢᠭᠡ ᠯᠠ ᠳᠤᠤᠷ᠎ᠠ ᠭᠦᠡᠳᠡᠭᠡᠤᠨ᠂ ᠰᠢᠮᠰᠢᠷᠡᠭᠦᠯᠦᠭᠡᠤᠨ᠂ ᠵᠤᠪᠠᠭᠠᠭᠠᠤᠨ ᠶᠠᠭᠤ ᠭᠢᠭᠦ ᠪᠣᠢ᠃ ᠡᠨᠡ ᠣᠴᠢᠷ ᠳᠡᠭᠡᠷ᠎ᠡ ᠮᠢᠨᠤ ᠳᠤᠳᠤᠷ᠎ᠠ ᠦᠨᠡᠨ ᠳᠡᠭᠡᠨ《ᠮᠤᠩᠭ᠋ᠤᠯ ᠭᠦᠮᠤᠨ ᠪᠣᠶᠠᠨ ᠶᠢᠡᠷ ᠶᠢᠡᠨ ᠪᠣᠯᠤᠭ ︕》ᠭᠡᠰᠡᠨ ᠪᠣᠳᠤᠯ ᠣᠷᠭᠤᠵᠠᠢ᠃ ᠭᠡᠳᠡᠯ᠎ᠡ᠂ ᠮᠠᠨ ᠤ ᠨᠢᠭᠡ ᠦᠶ᠎ᠡ ᠶᠢᠨ ᠭᠢᠨ ᠮᠤᠩᠭ᠋ᠤᠯ ᠳᠠᠭᠠᠨ ᠶᠠᠮᠠᠷ ᠴᠤ ᠬᠤᠪᠢ ᠪᠣᠶᠠᠨ ᠭᠡᠵᠤ ᠣᠯᠭᠤᠵᠤ ᠦᠭ‍ᠭᠦᠭᠡᠳᠦᠢ ᠪᠠᠢ᠌ᠭᠠᠤᠨ ᠦᠨᠳᠦᠰᠦ ᠣᠭᠰᠠᠭ᠎ᠠ ᠪᠠᠨ ᠬᠠᠷᠢᠨ ᠮᠤᠩᠭ᠋ᠤᠯ ᠤᠨ ᠡᠩᠨᠡᠭᠡ ᠡᠴᠡ ᠪᠠᠨ ᠳᠠᠰᠤᠳᠠᠨ ᠭᠠᠷᠭᠠᠵᠤ᠂ ᠳᠠᠶᠠᠭᠳᠠᠨ ᠬᠠᠶᠠᠵᠤ᠂ ᠪᠠᠯᠠᠢ᠌ᠷᠠᠭᠤᠯᠤᠨ ᠬᠠᠢ᠌ᠯᠠᠭᠤᠯᠬᠤ ᠨᠢ ᠭᠡᠴᠢᠨᠡᠨ ᠭᠤᠳᠤᠮᠰᠢᠭ ᠳᠠᠢ ᠶᠠᠪᠣᠳᠠᠯ ᠠᠵᠠᠢ ︕ ᠬᠣᠢ᠌ᠨ᠎ᠠ ᠬᠠᠭᠠᠰ ᠨᠠᠰᠤ ᠪᠠᠨ ᠪᠢᠳᠠ ᠮᠤᠩᠭ᠋ᠤᠯ ᠦᠨᠳᠦᠰᠦᠳᠠᠨ ᠦᠦ︖ ᠭᠢᠳᠠᠤᠨ ᠦᠨᠳᠦᠰᠦᠳᠠᠨ ᠦᠦ︖ ᠶᠠᠮᠠᠷ ᠦᠨᠳᠦᠰᠦᠳᠠᠨ ᠶᠢᠡᠷ ᠥᠩᠭᠡᠷᠡᠭᠡᠭᠦ ᠪᠣᠢ ︖ ᠡᠪᠦᠭᠡ ᠳᠡᠭᠡᠳᠦᠰ ᠶᠢᠡᠨ ᠳᠠᠭᠢᠬᠤ ᠳᠠᠭᠠᠨ ᠪᠢᠳᠠ ᠶᠠᠭᠤ ᠭᠡᠵᠤ ᠭᠡᠯᠡᠭᠦ ᠪᠣᠯ ︖ ᠮᠤᠩᠭ᠋ᠤᠯ ᠭᠦᠮᠤᠨ ᠤ ᠪᠣᠶᠠᠨ ᠢ ᠭᠡᠨ ᠣᠯᠭᠤᠭᠰᠠᠨ ᠪᠣᠢ ︖ ᠮᠤᠩᠭ᠋ᠤᠯ ᠭᠦᠮᠤᠨ ᠥᠪᠠᠷᠳᠡᠭᠡᠨ ᠰᠢᠳᠠ ︕

《ᠡᠷᠴᠢᠮ ᠦᠭᠡᠶ ᠳᠡᠭᠡᠰᠤ᠂ ᠡᠷᠳᠡᠮ ᠦᠭᠡᠶ ᠭᠦᠮᠤᠨ ᠃》ᠮᠤᠩᠭ᠋ᠤᠯ ᠰᠤᠷᠭᠠᠭᠤᠯᠢ ᠭᠠᠵᠠᠷ ᠶᠢᠡᠨ ᠬᠤᠳᠠᠯᠳᠤᠵᠠᠢ ᠭᠡᠨ᠎ᠡ ︕ ᠶᠠᠭᠤᠨ ᠤ ᠳᠦᠯᠦᠭᠡ ᠪᠣᠢ ︖ ᠳᠡᠭᠡᠳᠤ ᠱᠠᠳᠤᠨ ᠡᠴᠡ ᠭᠠᠵᠠᠷ ᠢ ᠨᠢ ᠠᠪᠴᠤ ᠰᠠᠭᠤᠭᠠᠯᠢ ᠠᠷᠠᠤᠨ ᠤᠨ ᠠᠰᠠᠷ ᠪᠠᠢ᠌ᠭᠤᠯᠤᠨ᠎ᠠ ᠭᠡᠨ᠎ᠡ ︕ ᠪᠠᠷᠢᠬᠤ ᠦᠭᠡᠶ ᠳᠤ ᠪᠣᠯᠬᠤ ᠦᠭᠡᠶ ᠦᠦ︖ ᠪᠠᠷᠢᠬᠤ ᠦᠭᠡᠶ ᠪᠣᠯᠬᠤ ᠦᠭᠡᠶ᠂ ᠳᠡᠭᠡᠳᠤ ᠱᠠᠳᠤᠨ ᠤ ᠣᠳᠤᠷᠢᠳᠤᠯᠭ᠎ᠠ ᠦᠨᠦ ᠭᠠᠵᠠᠷ ᠢ ᠦᠵᠡᠵᠤ ᠳᠤᠭᠤᠭᠠᠤᠨ ᠨᠢᠭᠡᠡᠳᠡ ᠠᠰᠠᠷ ᠪᠠᠷᠢᠬᠤ ᠪᠠᠷ ᠳᠤᠭᠳᠠᠭᠠᠴᠢᠬᠠᠭᠰᠠᠨ ᠶᠤᠮ ︕ ᠵᠠᠪᠠᠯ ᠬᠤᠳᠠᠯᠳᠤᠨ᠎ᠠ ᠦᠦ︖ ᠬᠤᠳᠠᠯᠳᠤᠬᠤ ᠦᠭᠡᠶ ᠪᠣᠯᠬᠤ ᠦᠭᠡᠶ᠂ ᠡᠨᠡ ᠪᠣᠯ ᠳᠡᠭᠡᠳᠤ ᠱᠠᠳᠤᠨ ᠤ ᠰᠢ᠌ᠤᠠᠪᠣᠷᠢ ᠪᠦᠭᠡᠤᠨ ᠵᠠᠷᠯᠢᠭ᠃ ᠭᠡᠷᠡᠭ᠍ᠵᠢᠭᠦᠯᠭᠦ ᠥᠬᠡᠢ ᠪᠣᠯᠬᠤ ᠥᠭᠡᠢ ᠤᠤ︖ ᠭᠡᠷᠡᠭ᠍ᠵᠢᠭᠦᠯᠭᠦ ᠦᠭᠡᠶ ᠪᠣᠯ ᠪᠣᠯᠬᠤ ᠦᠭᠡᠶ᠂ ᠵᠠᠭᠢᠷᠤᠯ ᠤᠨ ᠮᠠᠯᠠᠭᠠᠢ ᠰᠢᠷᠣᠢ᠌ᠳᠠᠬᠤ ᠪᠣᠯᠤᠨ᠎ᠠ ︕ ᠪᠦᠭᠦᠳᠡᠭᠡᠷ ᠶᠢᠡᠨ ᠬᠠᠰᠢᠵᠤ ᠪᠣᠯᠬᠤ ᠦᠭᠡᠶ ᠦᠦ︖ ᠭᠡᠨ ᠴᠤ ᠬᠠᠰᠢᠬᠤ ᠪᠢᠯᠠ᠂ ᠪᠦᠭᠦᠳᠡᠭᠡᠷ ᠶᠢᠡᠨ ᠳᠦᠷᠦᠭᠦᠤ ᠦᠭᠡᠶ ᠶᠢᠨ ᠰᠢᠯᠳᠠᠭᠠᠨ ᠡᠴᠡ ᠰᠠᠳᠠᠷᠠᠭᠰᠠᠨ ᠡᠯᠡᠰᠤ ᠪᠣᠯᠵᠤ ᠭᠡᠢ᠌ᠰᠦᠭ᠍ᠰᠡᠨ ᠦᠭᠡᠶ ᠦᠦ ︖ ᠭᠠᠳᠠ ᠮᠠᠢ᠌ᠷᠠᠨ ᠶᠢᠡᠨ ᠰᠤᠭᠳᠤᠭᠤ ᠮᠤᠭᠳᠤᠭᠤ ᠪᠠᠷ ᠶᠢᠡᠨ ᠳᠠᠭᠤᠯᠠᠭᠠᠤᠨ ᠯᠠ ᠂ ᠪᠠᠷᠭᠢᠷᠠᠭᠠᠤᠨ ᠯᠠ ᠪᠠᠢ᠌ᠭᠰᠠᠨ ᠴᠢᠨᠢ ᠭᠡᠷᠡᠭ᠌ ᠣᠴᠢᠷ ᠶᠠᠭ ᠪᠣᠯᠵᠤ ᠪᠠᠶ᠎ᠠ ᠳᠡᠭᠡᠷ᠎ᠡ ᠨᠢ ᠳᠤᠯᠭᠠᠷᠠᠭᠠᠤᠨ ᠢᠷᠡᠭᠦ ᠳᠤ ᠭᠡᠯᠪᠠᠢ᠌ᠭᠡᠤᠨ ᠭᠦᠯᠪᠠᠷᠡᠭᠡᠤᠨ《ᠬᠤᠪᠢ ᠶᠢᠨ ᠳ᠋ᠸᠪᠠᠵᠠᠨ》 ᠳᠠᠭᠠᠨ ᠰᠢᠨᠤᠯ ᠬᠠᠶᠠᠨ ᠰᠢᠭᠢᠤᠠᠴᠠᠢ᠃

ᠠᠯᠠᠭᠠᠨ ᠴᠢᠨᠡᠭᠡᠨ ᠭᠠᠵᠠᠷ ᠲᠠᠭᠠᠨ ᠳᠤᠭᠯᠠᠵᠤ᠂ ᠮᠤᠩᠭ᠋ᠤᠯ ᠠᠪᠢᠶ᠎ᠠ ᠪᠠᠨ ᠠᠪᠢᠶᠠᠯᠠᠭᠤᠯᠵᠤ ᠰᠠᠭᠤᠬᠤ ᠳᠠᠭᠠᠨ ᠮᠤᠩᠭ᠋ᠤᠯ ᠤᠨ ᠳᠡᠳᠡᠭᠡᠷ ᠦᠷᠡᠰ᠂ ᠦᠨᠳᠦᠰᠦᠳᠠᠨ ᠤ ᠮᠢᠨᠢ ᠮᠠᠷᠭᠠᠰᠢ ᠭᠡᠳᠡᠭ᠍ᠰᠡᠳ ᠣᠢ᠌ᠯᠠᠭᠠᠬᠤ ᠶᠠᠭᠤ ᠪᠠᠢ᠌ᠬᠤᠪ ᠳ᠋ᠠ᠃ ᠡᠴᠢᠭᠡ ᠶᠢᠨ ᠭᠢᠨᠢ ᠵᠢᠭᠠᠭᠰᠠᠨ ᠨᠢ ᠦᠨᠦᠳᠤᠷ ᠶᠤᠮ ᠴᠢᠨᠢ᠂ ᠮᠠᠷᠭᠠᠰᠢ ᠶᠢ ᠳᠠᠳᠠ ᠵᠢᠩᠭᠢᠨᠢ ᠦᠪᠡᠷ ᠤᠨ ᠨᠢᠳᠤ ᠦᠪᠡᠷ ᠤᠨ ᠶᠢᠡᠨ ᠰᠠᠤᠠᠭᠢᠯ ᠶᠢᠡᠷ ᠶᠢᠡᠨ ᠣᠴᠢᠵᠤ ᠥᠵᠡᠭᠦ ᠭᠡᠵᠤ ᠦᠦ︖ ᠮᠤᠩᠭ᠋ᠤᠯ ᠦᠨᠳᠦᠰᠦᠳᠠᠨ ᠭᠡᠳᠡᠭ᠌ ᠣᠬᠠᠭᠳᠠᠬᠤᠨ ᠢ ᠶᠠᠭᠠᠭᠢᠵᠤ ᠤᠢ᠌ᠯᠡᠭᠠᠳᠡᠬ ᠪᠣᠯ︖

ᠵᠥᠪᠭᠡᠨ ᠭᠠᠵᠠᠷ ᠶᠢᠡᠨ ᠬᠤᠳᠠᠯᠳᠤᠭᠰᠠᠨ ᠮᠤᠩᠭ᠋ᠤᠯ ᠵᠠᠭᠢᠷᠤᠯ ᠢ ᠬᠠᠷᠢᠶᠠᠭᠠᠤᠨ ᠯᠠ ᠭᠡᠷᠡᠭ᠌ ᠣᠴᠢᠷ ᠪᠢᠳᠠ ᠪᠦᠭᠦᠨ ᠤ ᠮᠦᠷᠤᠨ ᠡᠴᠡ ᠳᠦᠯᠭᠢᠭ᠍ᠳᠡᠨ ᠵᠠᠢ᠌ᠯᠠᠬᠤ ᠶᠠᠭᠤᠮ᠎ᠠ ᠪᠢᠰᠢ᠂ ᠬᠠᠷᠢᠨ ᠮᠤᠩᠭ᠋ᠤᠯ ᠳᠤᠯᠤᠭᠠᠢ᠌ᠳᠠᠨ ᠪᠦᠷ ᠰᠡᠢ᠌ᠳᠤᠷ ᠰᠡᠳᠬᠢᠪᠡᠯ ᠵᠤᠭᠢᠨ᠎ᠠ ︕ ᠳᠤᠮ ᠢ ᠨᠢ ᠭᠦᠢᠴᠡᠭᠡᠭᠦ ᠦᠭᠡᠶ ᠪᠣᠯ ᠡᠪᠠᠦᠡᠴᠢᠨ ᠨᠢ ᠠᠷᠢᠯᠬᠤ ᠦᠭᠡᠶ ᠮᠤᠩᠭ᠋ᠤᠯᠴᠤᠳ ᠲᠤ ᠵᠢᠮᠡᠯᠡᠯ ᠢᠯᠡᠭᠦᠳᠡᠭᠦ ᠦᠭᠡᠶ ︕ ᠭᠡᠪᠠᠴᠤ ᠬᠠᠷᠢᠶᠠᠳᠤ ᠳᠤ ᠳᠡᠮᠰᠢᠭᠡ ᠦᠭᠡᠶ ᠪᠢ ᠵᠥᠪᠭᠡᠨ ᠦᠪᠡᠷ ᠤᠨ ᠬᠠᠴᠠᠷ ᠶᠢᠡᠨ ᠭᠦᠴᠦᠳᠡᠢ ᠭᠡᠳᠤ ᠠᠯᠠᠭᠠᠳᠠᠬᠤ ᠯᠠ ᠭᠡᠷᠡᠭ᠌ ᠲᠡᠶ ᠪᠣᠯᠵᠠᠢ᠂ ᠭᠡᠯᠡᠵᠤ ᠪᠣᠯᠬᠤ ᠦᠭᠡᠶ ᠥᠭᠡ ᠶᠢ ᠣᠯᠠᠨ ᠭᠡᠯᠡᠪᠠᠯ᠂ ᠬᠠᠷᠢᠶᠠᠭᠳᠠᠬᠤ ᠦᠭᠡᠶ ᠬᠠᠷᠢᠨ ᠬᠠᠴᠠᠷ ᠶᠢᠡᠨ ᠠᠯᠠᠭᠳᠠᠭᠤᠯᠬᠤ ᠣᠴᠢᠷ ᠲᠡᠶ ᠰᠢᠤ᠃

ᠢᠷᠡᠭᠡ ᠦᠭᠡᠶ ᠡᠳᠦᠷ ᠤᠳ ᠲᠤ ᠶᠡᠭᠡ ᠠᠩᠬᠠᠷᠤᠯ ᠶᠢᠡᠨ ᠳᠠᠯᠪᠢᠵᠤ ᠪᠠᠢ᠌ᠬᠤ ᠳᠠᠭᠠᠨ ᠪᠢ ᠶᠡᠭᠡ ᠰᠤᠨᠢᠷᠬᠠᠳᠠᠭ᠃ ᠦᠬᠢᠨ ᠮᠢᠨᠢ ᠴᠡᠭᠡᠵᠢ ᠳᠠᠪᠠᠬᠤ ᠭᠡᠵᠤ ᠪᠠᠢ᠌ᠨ᠎ᠠ᠂ ᠪᠢ ᠳᠡᠭᠦᠨ ᠤ ᠪᠠᠨ ᠳᠦᠯᠦᠭᠡ ᠲᠦᠰᠤᠪᠯᠠᠵᠤ ᠳᠠᠯᠪᠢᠭᠰᠠᠨ ᠵᠣᠢ᠌ᠯ ᠭᠡᠵᠤ ᠠᠯᠠᠭ᠎ᠠ ᠰᠢᠭ᠂ ᠮᠤᠩᠭ᠋ᠤᠯ ᠭᠡᠯᠡ ᠪᠠᠨ ᠰᠠᠢ᠌ᠬᠠᠨ ᠰᠤᠷᠴᠤ ᠭᠢᠳᠠᠤᠨ ᠭᠡᠯᠡ ᠶᠢ ᠣᠷᠤᠰᠬᠠᠵᠤ ᠰᠢᠨ᠎ᠠ ᠮᠤᠩᠭ᠋ᠤᠯ ᠳᠤ ᠰᠢᠮᠡᠳᠦᠭᠡᠤᠨ ᠠᠩᠭ᠌ᠯᠢ ᠶᠡᠫᠤᠨ ᠵᠢᠡᠷ ᠠᠷᠭᠠᠯᠠᠵᠤ᠂ ᠮᠤᠩᠭ᠋ᠤᠯ ᠣᠯᠤᠰ ᠤᠨ ᠭᠡᠦᠭᠡᠤᠨ ᠰᠢᠭ ᠳᠡᠯᠡᠭᠡᠢ ᠳᠤ ᠨᠢᠳᠤ ᠭᠦᠶ‍ᠦᠯᠭᠡᠨ᠂ ᠮᠤᠩᠭ᠋ᠤᠯ ᠭᠡᠰᠡᠨ ᠨᠠᠷ᠎ᠠ ᠪᠠᠨ; ᠮᠤᠩᠭ᠋ᠤᠯ ᠭᠡᠰᠡᠨ ᠴᠢᠰᠤ ᠪᠠᠨ; ᠮᠤᠩᠭ᠋ᠤᠯ ᠭᠡᠰᠡᠨ ᠡᠷᠢᠯ ᠶᠢᠡᠨ ᠨᠢᠭᠡ ᠨᠠᠰᠤᠨ ᠳᠠᠭᠠᠨ ᠬᠠᠳᠠᠭᠠᠯᠠᠭᠠᠤᠨ᠂ ᠮᠤᠩᠭ᠋ᠤᠯ ᠤᠨ ᠦᠷ᠎ᠡ ᠣᠳᠤᠮ ᠢ ᠣᠯᠠᠮᠵᠢᠯᠠᠨ ᠳᠡᠯᠭᠡᠷᠡᠭᠦᠯᠭᠦ ᠶᠢ ᠰᠠᠤᠠᠭᠢᠯ ᠳᠡᠭᠡᠨ ᠳᠠᠯᠪᠢᠬᠤ ᠶᠢ ᠥᠷᠯᠦᠭᠡ ᠦᠳᠡᠰᠢ ᠦᠭᠡᠶ ᠭᠦᠰᠡᠳᠡᠭ᠌ ᠪᠠᠢ᠌ᠨ᠎ᠠ᠃

ᠶ‍ᠢᠷᠳᠢᠠᠴᠤ ᠶᠢᠨ ᠲᠦᠮᠡᠨ ᠭᠡᠷᠡᠭ᠌ ᠤᠨ ᠶᠤᠰᠤ ᠨᠢ ᠪᠦᠷ ᠠᠳᠠᠯᠢᠬᠠᠨ᠂ ᠭᠢᠭᠦ ᠡᠴᠡ ᠠᠶᠤᠬᠤ ᠦᠭᠡᠶ ᠭᠢᠭᠦ ᠦᠭᠡᠶ ᠡᠴᠡ ᠠᠶᠤᠨ᠎ᠠ ; ᠪᠣᠳᠤᠬᠤ ᠡᠴᠡ ᠠᠶᠤᠬᠤ ᠦᠭᠡᠶ ᠪᠣᠳᠤᠬᠤ ᠦᠭᠡᠶ ᠡᠴᠡ ᠠᠶᠤᠨ᠎ᠠ ᠃ ᠪᠣᠰᠤᠳ ᠤᠨ ᠶᠠᠪᠣᠵᠤ ᠭᠠᠷᠭᠠᠭᠰᠠᠨ ᠵᠠᠮ ᠶᠢᠡᠷ ᠶᠠᠪᠣᠬᠤ ᠳᠠᠭᠠᠨ ᠪᠦᠷ ᠠᠶᠤᠬᠤ ᠶᠤᠮ ᠴᠢᠨᠢ ᠂ ᠨᠠᠩ ᠵᠠᠮ ᠦᠭᠡᠶ ᠡᠭᠡᠷᠡᠮ᠎ᠡ ᠳᠠᠯ᠎ᠠ ᠳᠤ ᠶᠠᠪᠣᠬᠤ ᠳᠤ ᠵᠥᠭ᠌ ᠴᠡᠭ᠌ ᠶᠢᠡᠨ ᠣᠯᠬᠤ ᠭᠡᠵᠤ ᠦᠦ ︖ ᠮᠤᠷᠢ ᠪᠠᠨ ᠠᠯᠳᠠᠭᠰᠠᠨ ᠮᠤᠩᠭ᠋ᠤᠯᠴᠤᠳ ᠥᠨᠡᠭᠡᠷ ᠵᠠᠮ ᠶᠢᠡᠨ ᠪᠠᠰᠠ ᠠᠯᠳᠠᠪᠠᠯ ᠬᠤᠳᠤᠭᠤᠷ ᠲᠤ ᠳᠦᠭᠡᠷᠢᠭ᠍ᠰᠡᠨ ᠨᠤᠮᠤᠬᠠᠨ ᠬᠤᠨᠢ ᠪᠣᠯᠬᠤ ᠨᠢ ᠯᠠᠪᠳᠠᠢ᠃

ᠰᠢᠨ᠎ᠠ ᠬᠤᠰᠢᠭᠤᠨ ᠳᠠᠷᠤᠭ᠎ᠠ ᠰᠠᠶ‍ᠢ ᠠᠵᠢᠯ ᠰᠢᠯᠵᠢᠨ ᠢᠷᠠᠵᠤ᠂ ᠭᠡᠳᠤᠨ ᠡᠳᠦᠷ ᠪᠠᠢ᠌ᠴᠠᠭᠠᠨ《ᠢᠠᠳᠠᠷ ᠬᠤᠶᠠᠳᠤᠭᠠᠷ ᠰᠤᠷᠭᠠᠭᠤᠯᠢ ᠭᠦᠷᠭᠦ ᠶᠠᠪᠣᠬᠤ ᠠᠷᠭ᠎ᠠ ᠦᠭᠡᠶ ᠳᠠᠷᠠ ᠨᠢᠭᠡ ᠵᠤᠷᠪᠣᠰ ᠵᠠᠮ ᠢ ᠰᠢᠨᠡᠳᠭᠡᠨ ᠵᠠᠰᠠᠬᠤ ᠭᠡᠷᠡᠭ᠍ᠳᠡᠢ》ᠭᠡᠭᠦ ᠴᠢᠮᠡᠭᠡ ᠭᠠᠷᠬᠤ ᠳᠤ ᠵᠢᠷᠦᠭᠡ ᠭᠤᠤᠯ ᠮᠢᠨᠢ ᠳᠤᠯᠭᠢᠰᠤᠨ ᠳᠤᠭᠳᠤᠯᠵᠤ ᠪᠢᠯᠠ᠃ ᠭᠢᠭᠦ ᠭᠡᠷᠡᠭ᠍ᠳᠡᠢ ᠶᠠᠭᠤᠮ᠎ᠠ ᠶᠢ ᠭᠢᠭᠦ ᠪᠣᠯᠤᠭᠰᠠᠨ ᠳ᠋ᠤᠨᠢ ᠰᠠᠤᠠᠭᠢᠯ ᠵᠤᠷᠢᠭ ᠮᠢᠨᠢ ᠭᠦᠭ᠍ᠰᠡᠵᠤ ᠪᠢᠯᠠ᠃ ᠮᠤᠩᠭ᠋ᠤᠯ ᠰᠤᠷᠭᠠᠭᠤᠯᠢ ᠵᠥᠭ᠌ ᠣᠴᠢᠬᠤ ᠵᠠᠮ ᠰᠢᠪᠠᠷ ᠱᠠᠯᠴᠢᠭ ᠦᠭᠡᠶ ᠪᠣᠯᠵᠤ ᠮᠤᠩᠭ᠋ᠤᠯ ᠭᠡᠦᠭᠡᠤᠨ ᠮᠢᠨᠢ ᠪᠦᠳᠦᠷᠢᠵᠤ ᠳᠤᠷᠬᠤ ᠦᠭᠡᠶ ᠪᠣᠯᠬᠤ ᠳ᠋ᠤᠨᠢ ᠨᠠᠩ ᠪᠠᠶᠠᠷᠯᠠᠵᠤ ᠪᠢᠯᠠ᠃

ᠣᠬᠤᠷᠢᠵᠤ ᠰᠠᠭᠤᠬᠤ ᠪᠠᠷ ᠶᠢᠡᠨ ᠣᠷᠤᠭᠰᠢᠯᠠᠵᠤ ᠶᠠᠪᠣᠶ᠎ᠠ᠂ ᠳᠠᠯᠳᠠᠷᠢᠵᠤ ᠶᠠᠪᠣᠬᠤ ᠪᠠᠷ ᠶᠢᠡᠨ ᠳᠠᠭᠠᠷᠢᠨ ᠬᠠᠯᠢᠶ᠎ᠠ᠂ ᠠᠭᠤᠷᠰᠢᠵᠤ ᠶᠠᠪᠣᠬᠤ ᠪᠠᠷ ᠶᠢᠡᠨ ᠰᠢᠭᠤᠷᠴᠤ ᠰᠤᠷᠤᠶ᠎ᠠ᠂ ᠮᠤᠩᠭ᠋ᠤᠯ ᠴᠢᠨ᠋ᠸ᠎ᠠ ᠪᠠᠨ ᠥᠪᠠᠷᠳᠡᠭᠡᠨ ᠪᠢᠴᠢᠶ᠎ᠠ᠂ ᠮᠦᠩᠭᠡ ᠶᠢᠨ ᠵᠤᠭᠤᠭ ᠶᠢᠡᠨ ᠥᠪᠠᠷᠳᠡᠭᠡᠨ ᠳᠡᠯᠭᠡᠶ᠎ᠡ ︕

ᠥᠴᠦᠭᠡᠨ ᠴᠤ ᠪᠣᠯᠤᠭ᠂ ᠢᠷᠡᠭᠡ ᠦᠭᠡᠶ ᠡᠳᠦᠷ ᠤᠳ ᠤᠨ ᠶᠢᠡᠨ ᠳᠦᠯᠦᠭᠡ᠂ ᠮᠥᠩᠭᠡ ᠣᠷᠤᠰᠢᠬᠤ ᠮᠤᠩᠭ᠋ᠤᠯ ᠵᠡᠭᠦᠳᠤᠨ ᠤ ᠪᠠᠨ ᠳᠦᠯᠦᠭᠡ᠂ ᠣᠯᠠᠨ ᠶᠢᠡᠷ ᠶᠢᠡᠨ ᠭᠢᠵᠤ ᠳᠡᠢ᠌ᠯᠭᠦ ᠵᠣᠢ᠌ᠯ ᠶᠢᠡᠨ ᠭᠢᠭᠦ ᠪᠠᠨ ᠪᠣᠤ ᠣᠮᠠᠷᠳᠠᠶ᠎ᠠ᠃

ᠪᠢᠳᠠᠨ ᠢ ᠪᠢᠳᠡᠬᠡᠢ ᠬᠢᠬᠡᠷᠡᠢ ᠭᠡᠵᠤ ᠭᠡᠯᠡᠭ᠍ᠰᠡᠨ ᠭᠦᠮᠤᠨ ᠪᠠᠢ᠌ᠬᠤ ᠦᠭᠡᠶ᠂ ᠪᠢᠳᠠ ᠥᠪᠠᠷᠳᠡᠭᠡᠨ ᠭᠢᠭᠦ ᠦᠭᠡᠶ ᠪᠣᠯ ᠪᠠᠶᠠᠨ ᠳᠡᠭᠡᠨ ᠭᠤᠮᠤᠳᠠᠬᠤ ᠯᠠ ᠭᠡᠷᠡᠭ᠌᠃

ᠵᠤᠬᠢᠶᠠᠭᠴᠢ᠄ ᠯᠢ ᠲᠢᠶᠠᠨ ᠰᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6194
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ