☆ ᠡᠷᠳᠡᠨᠢᠪᠠᠭᠠᠨ᠎ᠠ
ᠨᠤᠳᠤᠭ ᠤᠨ ᠨᠤᠭᠤᠭᠠᠨ ᠬᠠᠢ᠌ᠷ᠎ᠠ
ᠣᠢ ᠶᠢᠨ ᠵᠢᠠᠭᠠᠭᠨ ᠠᠯᠠᠭ ᠪᠣᠯᠵᠤᠮᠤᠷ
ᠵᠢᠷᠭᠢᠶᠠᠨ ᠨᠢ ᠰᠡᠳᠭᠢᠯ ᠳᠤ ᠰᠠᠪᠠᠯᠵᠠᠨ ᠢᠷᠠᠨ᠎ᠡ
ᠣᠷᠤᠳᠠᠭ ᠪᠣᠷᠤᠭᠠᠨ ᠤ ᠬᠤᠸᠠᠷᠯᠠᠬᠤ ᠵᠥᠰᠡᠷᠭᠡᠨ
ᠰᠠᠨᠠᠭᠠᠨ ᠳᠤ ᠴᠠᠯᠭᠢᠵᠤ ᠭᠦᠭᠡᠷᠴᠤ ᠢᠷᠠᠨ᠎ᠡ
ᠨᠠᠷᠠᠨ ᠤ ᠠᠯᠳᠠᠨ ᠭᠦᠰᠡᠭᠦᠢᠴᠢ ᠭᠡᠷᠡᠯ
ᠨᠠᠢ᠌ᠷ ᠨᠢ ᠳᠡᠯᠭᠡᠷᠡᠵᠤ ᠮᠦᠰᠢᠶᠠᠵᠤ ᠢᠷᠠᠨ᠎ᠡ
ᠨᠠᠭᠠᠳᠤ ᠳᠠᠯ᠎ᠠ ᠶᠢᠨ ᠳᠠᠯ᠎ᠠ ᠶᠢᠨ ᠡᠪᠠᠰᠤ
ᠨᠠᠮᠢᠷᠭᠠᠨ ᠨᠢ ᠠᠭᠠᠭᠰᠢᠵᠤ ᠪᠦᠵᠢᠵᠤ ᠢᠷᠠᠨ᠎ᠡ
ᠰᠠᠷᠠᠨ ᠤ ᠽᠠᠠᠳᠠᠨ ᠠᠯᠮᠠᠩ ᠭᠡᠷᠡᠯ
ᠰᠠᠯᠭᠠᠠᠳᠠᠢ ᠮᠤᠳᠤᠨ ᠳᠤ ᠬᠠᠶᠠ ᠮᠠᠯᠠᠷᠠᠵᠤ ᠢᠷᠠᠨ᠎ᠡ
ᠰᠠᠢ᠌ᠬᠠᠨ ᠮᠤᠩᠭ᠋ᠤᠯ ᠡᠪᠦᠷ ᠨᠤᠳᠤᠭ
ᠰᠠᠨᠠᠭ᠎ᠠ ᠰᠡᠳᠭᠢᠯ ᠳᠤ ᠬᠠᠶᠠ ᠮᠠᠨᠠᠠᠳᠠᠵᠤ ᠢᠷᠠᠨ᠎ᠡ
ᠠᠯᠳᠠᠭᠠᠨ᠎ᠠ ᠶᠢᠨ ᠮᠦᠴᠢᠷ ᠭᠠᠵᠠᠷ ᠡᠯᠢᠭᠡᠳᠡᠨ
ᠠᠨᠢᠷ ᠨᠢ ᠬᠠᠯᠠᠭᠤᠨ ᠠᠮᠢᠰᠬᠤᠳᠠᠨ ᠵᠢᠷᠭᠢᠵᠤ ᠢᠷᠠᠨ᠎ᠡ
ᠠᠯᠠᠭ᠎ᠠ ᠳᠠᠷᠤᠮ᠎ᠠ ᠬᠠᠯᠠᠭᠤᠨ ᠰᠢᠷᠤᠢ ᠳᠠᠪᠠᠷᠢᠯᠴᠠᠨ
ᠠᠮᠤᠭᠤᠯᠠᠩ ᠨᠠᠪᠴᠢᠰ ᠨᠠᠮᠤᠷ ᠲᠤ ᠪᠠᠨ ᠳᠦᠭᠡᠷᠢᠵᠤ ᠢᠷᠠᠨ᠎ᠡ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3141
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ