ᠨᠡᠪᠲᠡᠷᠡᠨ ᠤᠷᠤᠬᠤ
ᠴᠠᠭᠠᠨ ᠵᠦᠷ᠎ᠡ

ᠪᠤᠤᠺᠠ ᠡᠪᠦᠭᠡᠨ ᠭᠡᠮ ᠡᠮ ᠬᠤᠶᠠᠷ ᠶᠢᠡᠷ ᠡᠪᠦᠯ ᠢ ᠪᠠᠷᠠᠵᠤ᠂ ᠮᠠᠭᠤ ᠡᠮᠡᠭᠡᠨ ᠤ ᠪᠠᠨ ᠭᠠᠮᠨᠠᠯᠤᠭ᠎ᠠ ᠪᠠᠷ ᠬᠠᠪᠣᠷ ᠤᠨ ᠡᠭᠢᠨ ᠳᠤ ᠭᠠᠳᠠᠭ᠎ᠠ ᠭᠠᠷᠴᠤ ᠮᠦᠷ ᠶᠢᠡᠨ ᠥᠵᠡᠭᠦ ᠳᠡᠩᠭᠡᠭᠡ ᠲᠡᠶ ᠪᠣᠯᠤᠭᠰᠠᠨ ᠪᠣᠯᠬᠤᠯ᠎ᠠ ᠣᠷᠴᠢᠮ ᠳᠤ ᠪᠦᠷ ᠮᠤᠷᠢᠨ ᠳᠤ ᠮᠤᠷᠳᠠᠵᠠᠢ᠃

ᠣᠢ ᠣᠭᠴᠢᠨ ᠭᠦᠭᠡᠷᠡᠵᠤ᠂ ᠭᠦᠭᠦᠭᠡ ᠶᠢᠨ ᠳᠠᠭᠤᠨ ᠬᠠᠩᠭᠢᠨᠠᠵᠤ᠂ ᠨᠢᠯᠬ᠎ᠠ ᠨᠤᠭᠤᠭᠠᠨ ᠤ ᠦᠨᠦᠷ ᠭᠡᠷ ᠤᠨ ᠢᠷᠭᠢ ᠪᠠᠷ ᠣᠷᠤᠵᠤ ᠰᠡᠩᠭᠢᠨᠡᠭᠦ ᠪᠣᠯᠤᠭᠰᠠᠨ ᠣᠷᠴᠢᠮ ᠤᠨ ᠭᠡᠳᠤᠨ ᠡᠳᠦᠷ ᠪᠤᠤᠺᠠ ᠡᠪᠦᠭᠡᠨ ᠪᠦᠷ ᠭᠦᠯ ᠭᠦᠩᠭᠡᠷᠡᠵᠤ ᠰᠡᠭᠡᠯᠵᠡᠭᠦ ᠳᠡᠭᠡᠨ ᠭᠦᠷᠴᠡᠢ᠃ ᠠᠪᠣ ᠶᠢᠨ ᠶᠢᠡᠨ ᠭᠠᠷ ᠡᠴᠠ ᠢᠷᠦᠭᠡᠯ ᠲᠡᠶ ᠳᠤᠰᠴᠤ ᠠᠪᠣᠭᠠᠤᠨ ᠨᠠᠰᠤ ᠪᠠᠷ ᠶᠢᠡᠨ ᠬᠠᠨᠢ ᠪᠣᠯᠭᠠᠵᠤ ᠢᠷᠡᠭ᠍ᠰᠡᠨ ᠬᠠᠭᠤᠴᠢᠨ ᠪᠧᠷᠳᠠᠩᠭᠢ ᠫᠣᠤ ᠪᠠᠨ ᠴᠤ ᠭᠡᠳᠤᠨ ᠣᠳᠠᠭ᠎ᠠ ᠭᠠᠷᠭᠠᠵᠤ᠂ ᠠᠷᠴᠢᠵᠤ ᠳᠤᠰᠤᠯᠠᠵᠤ ᠠᠮᠵᠢᠵᠠᠢ᠃ ᠡᠨᠡ ᠴᠤ ᠵᠦᠪ︕ ᠪᠤᠤᠺᠠ ᠪᠠᠶ᠎ᠠ ᠨᠢ ᠮᠡᠳᠡᠳᠡᠭ᠌ ᠭᠤᠴᠢᠨ ᠵᠢᠷᠭᠤᠭᠠᠨ ᠦᠶ᠎ᠡ ᠨᠢ ᠪᠦᠷ ᠨᠠᠷ᠎ᠠ ᠲᠡᠶ ᠮᠡᠷᠭᠡᠨ ᠠᠩᠴᠢᠨ ᠪᠠᠢ᠌ᠵᠠᠢ᠃ ᠮᠠᠠᠵᠤ ᠬᠠᠭᠠᠨ ᠳᠤ ᠬᠠᠷ᠎ᠠ ᠥᠨᠡᠭᠡ ᠠᠩᠨᠠᠵᠤ ᠦᠭ‍ᠭᠦᠭ᠍ᠰᠡᠨ᠂ ᠣᠷᠤᠰ ᠡᠷᠳᠡᠮᠳᠡᠨ ᠳᠤ ᠭᠦᠷᠵᠡ ᠡᠪᠠᠷ ᠲᠡᠶ ᠪᠣᠭᠤ ᠣᠨᠠᠭᠠᠵᠤ ᠦᠭ‍ᠭᠦᠭ᠍ᠰᠡᠨ ᠭᠡᠭᠦ ᠮᠠᠳᠤ ᠶᠢᠨ ᠰᠦᠷᠳᠠᠢ ᠰᠤᠨᠢᠨ ᠥᠯᠢᠭᠡᠷ ᠡᠳᠡᠨ ᠤ ᠣᠭ ᠲᠤ ᠳᠠᠯᠠᠢ ᠪᠠᠢ᠌ᠳᠠᠭ ᠪᠠᠢ᠌ᠵᠠᠢ᠃ ᠡᠨᠡ ᠠᠢ᠌ᠯ ᠠᠩ ᠤᠨ ᠣᠩᠭ᠋ᠤ ᠪᠠᠭᠤᠭᠰᠠᠨ ᠠᠢ᠌ᠯ ᠳᠤᠯᠠ ᠡᠨᠡ ᠨᠤᠳᠤᠭ ᠤᠨ ᠭᠦᠪᠠᠭᠦᠤᠨ ᠠᠩᠬ᠎ᠠ ᠣᠳᠠᠭ᠎ᠠ ᠪᠠᠶ᠎ᠠ ᠳᠠᠭᠠᠭᠠᠵᠤ ᠠᠩ ᠳᠤ ᠮᠤᠷᠳᠠᠬᠤ ᠳᠠᠭᠠᠨ ᠡᠨᠡ ᠠᠢ᠌ᠯ ᠳᠤ ᠢᠷᠠᠵᠤ ᠬᠠᠢ᠌ᠰᠤᠨ ᠤ ᠬᠢᠨᠢ ᠭᠦ᠋ ᠪᠠᠷ ᠫᠣᠤ ᠶᠢᠨ ᠶᠢᠡᠨ ᠠᠮᠠ ᠣᠯᠠᠢ᠌ᠳᠠᠵᠤ᠂ ᠣᠮᠤᠱ ᠳᠠᠷᠢ᠂ ᠳᠤᠰᠤᠯ ᠬᠤᠷᠭᠤᠯᠵᠢ ᠰᠤᠷᠠᠵᠤ ᠠᠪᠳᠠᠭ ᠰᠤᠨᠢᠨ ᠶᠤᠰᠤᠨ ᠪᠠᠢ᠌ᠵᠠᠢ᠃ ᠡᠢ᠌ᠮᠤ ᠯᠠ ᠠᠩ ᠤᠨ ᠣᠯᠠᠢ ᠲᠡᠶ ᠠᠢ᠌ᠯ ᠤᠨ ᠦᠷ᠎ᠡ ᠪᠣᠯᠤᠭᠰᠠᠨ ᠪᠤᠤᠺᠠ ᠭᠡᠳᠡᠭ᠌ ᠭᠦᠮᠤᠨ ᠠᠩ ᠭᠡᠭᠦᠯ᠎ᠡ ᠠᠷᠭ᠎ᠠ ᠦᠭᠡᠶ ᠭᠠᠯᠵᠠᠭᠤ ᠵᠢᠯᠪᠢ ᠲᠡᠶ᠂ ᠡᠨᠡ ᠨᠢ ᠳᠡᠭᠦᠨ ᠤ ᠬᠤᠪᠢ ᠳᠤ ᠵᠢᠯᠪᠢ ᠪᠢᠰᠢ ᠪᠦᠷ ᠡᠷᠳᠡ ᠳᠤ ᠵᠠᠩ ᠠᠷᠠᠠᠰᠢᠨ ᠨᠢ ᠪᠣᠯᠵᠤ ᠴᠤ ᠬᠤᠪᠢᠷᠠᠭᠠᠤᠨ ᠶᠠᠰᠤᠨ ᠳᠤ ᠨᠢ ᠰᠢᠩᠭᠡᠴᠢᠭᠡᠭ᠍ᠰᠡᠨ ᠪᠦᠯᠦᠭᠡ᠃

ᠲ᠋ᠠᠯ᠎ᠠ ᠶᠢᠨ ᠪᠣᠷᠤ ᠳᠤᠷᠭᠠᠢ ᠳᠠᠭ ᠨᠣᠢ᠌ᠷ ᠲᠠᠭᠠᠨ ᠪᠠᠢ᠌ᠬᠤ ᠳᠡᠭᠦᠤ ᠬᠠᠷᠠᠩᠭ᠋ᠤᠢ ᠶᠢᠨ ᠠᠯᠳᠠᠨ ᠳᠤ ᠬᠤᠳᠠ ᠠᠢ᠌ᠯ ᠡᠴᠠ ᠪᠠᠨ ᠭᠡᠨ ᠳᠤ ᠴᠤ ᠮᠡᠳᠡᠭᠦᠯᠦᠯ ᠦᠭᠡᠶ ᠮᠤᠷᠳᠠᠭᠰᠠᠨ ᠪᠤᠤᠺᠠ ᠡᠪᠦᠭᠡᠨ ᠣᠳᠤ ᠨᠢᠭᠡᠨᠲᠡ ᠭᠦᠷᠡᠩ ᠰᠠᠢ᠌ᠳᠤ ᠶᠢᠨ ᠬᠠᠷᠭᠠᠢ ᠳᠤᠳᠤᠷ᠎ᠠ ᠮᠤᠷᠢ ᠪᠠᠨ ᠪᠠᠳᠤᠯᠠᠵᠤ ᠠᠮᠵᠢᠭᠠᠤᠨ᠂ ᠭᠦᠭᠡ ᠴᠤᠯ (ᠳᠦᠭᠡᠯ) ᠊ᠤᠨ ᠣᠷᠭᠤᠬᠤ ᠳᠠᠯ᠎ᠠ ᠳ᠋ᠠᠭᠢ ᠮᠤᠭᠠᠢ ᠰᠢᠷᠭᠤᠰᠢ ᠦᠭᠡᠶ ᠪᠣᠳᠠ ᠪᠠᠷ ᠣᠷᠤᠵᠤ ᠪᠦᠭ‍ᠬᠦᠵᠤ ᠠᠮᠵᠢᠵᠠᠢ᠃

ᠠᠭᠠᠷ ᠴᠡᠯᠡᠭᠡᠷ ᠳᠡᠭ᠍ᠷᠢ ᠴᠡᠯᠡᠭᠡᠷ᠃ ᠪᠠᠢ᠌ᠭᠠᠯᠢ ᠶᠢᠨ ᠭᠦᠭ᠌ ᠠᠶᠠᠯᠭᠤ ᠪᠣᠯᠤᠭᠰᠠᠨ ᠣᠢ ᠶᠢᠨ ᠮᠢᠩᠭ᠋ᠠᠨ ᠵᠣᠢ᠌ᠯ ᠤᠨ ᠳᠠᠭᠤ ᠨᠠᠮᠬᠠᠨ ᠦᠷᠭᠦᠯᠵᠢᠯᠡᠨ᠎ᠡ᠃ ᠡᠭᠡ ᠪᠠᠢ᠌ᠭᠠᠯᠢ ᠨᠣᠢ᠌ᠷᠮᠤᠭ ᠭᠡᠪ ᠶᠢᠡᠷ ᠶᠢᠡᠨ᠃

ᠵᠢᠷᠭᠠᠬᠤ ᠵᠥᠭ᠌ ᠡᠴᠡ ᠰᠠᠯᠭᠢᠨ ᠠᠷᠠᠢ ᠮᠡᠳᠡᠭ᠌ ᠰᠠᠪᠠᠯᠵᠠᠨ᠎ᠡ᠃ ᠡᠨᠡ ᠰᠠᠢ᠌ᠬᠠᠨ ᠰᠡᠷᠢᠭᠦᠨ ᠰᠠᠯᠭᠢᠨ ᠡᠨᠡ ᠠᠭᠤᠯᠠ ᠶᠢᠨ ᠲᠦᠮᠡᠨ ᠠᠮᠢᠳᠠᠨ ᠢ ᠨᠣᠢ᠌ᠷ ᠡᠴᠠ ᠰᠡᠷᠭᠦᠭᠡᠭᠦ ᠭᠦᠵᠢ ᠠᠳᠠᠯᠢ ᠠᠷᠢᠭᠤᠨ ᠰᠠᠩᠭᠢᠨᠠᠮ᠎ᠠ ᠪᠦᠭᠡᠳ ᠵᠢᠩ ᠳᠠᠳᠠᠬᠤ ᠶᠤᠮ᠃ ᠪᠤᠤᠺᠠ ᠡᠪᠦᠭᠡᠨ ᠪᠣᠭᠳᠤᠭ ᠬᠠᠳᠠ ᠶᠢᠨ ᠵᠠᠭᠠᠭ ᠡᠴᠠ ᠮᠤᠬᠤᠷ ᠰᠥᠭᠦᠮ ᠣᠷᠭᠤᠭᠰᠠᠨ ᠳᠠᠷᠭᠢᠯ ᠳᠠᠰᠤᠯᠵᠤ ᠠᠪᠣᠭᠠᠤᠨ ᠵᠠᠵᠢᠯᠤᠨ᠎ᠠ᠃ ᠭᠦᠴᠤ ᠠᠪᠤᠨ ᠣᠷᠭᠤᠵᠤ ᠪᠠᠢ᠌ᠭ᠎ᠠ ᠭᠠᠰᠢᠭᠤᠨ ᠳᠠᠷᠭᠢᠯ ᠨᠢᠳᠤᠨ ᠡᠴᠡ ᠨᠢ ᠨᠢᠯᠪᠣᠰᠤ ᠭᠠᠷᠳᠠᠯ᠎ᠠ ᠬᠤᠷᠤᠰᠬᠠᠪᠠ᠂ ᠪᠤᠤᠺᠠ ᠡᠪᠦᠭᠡᠨ ᠨᠢᠯᠪᠣᠰᠤ ᠪᠠᠨ ᠠᠷᠴᠢᠨ ᠪᠠᠢ᠌ᠵᠤ᠂ ᠠᠮᠠᠨ ᠳᠦᠭᠦᠷᠡᠩ ᠵᠠᠵᠢᠯᠤᠭᠰᠠᠨ ᠳᠠᠷᠭᠢᠯ ᠶᠢᠡᠨ ᠰᠠᠬᠠᠯ ᠳᠠᠭᠠᠨ᠂ ᠭᠤᠳᠤᠯ ᠳᠠᠭᠠᠨ᠂ ᠦᠪᠣᠷ ᠡᠩᠭᠡᠷ ᠲᠡᠭᠡᠨ ᠳᠦᠷᠭᠢᠪᠠ᠃ ᠡᠪᠦᠭᠡᠨ᠄

᠊᠊᠊᠊᠊᠊᠊᠊᠊᠊᠊᠊᠊᠊᠊ ᠡᠪᠦᠯ ᠤᠨ ᠳᠠᠭᠤᠰᠤᠨ ᠳᠠᠳᠠᠭᠰᠠᠨ ᠳᠠᠮᠠᠭᠢ ᠶᠢᠨ ᠪᠣᠭᠢ ᠶᠢᠨ ᠭᠠᠰᠢᠭᠤᠨ ᠦᠨᠦᠷ ᠬᠤᠯᠠ ᠳᠤ ᠭᠦᠷᠳᠡᠭ᠌ ᠮᠠᠭᠤ ᠢᠷᠸ᠎ᠠ ᠲᠡᠶ ᠶᠠᠭᠤᠮᠠᠨ᠃ ᠳᠠᠷᠠ ᠦᠨᠦᠷ ᠢ ᠡᠨᠡ ᠳᠠᠷᠭᠢᠯ ᠤᠨ ᠦᠨᠦᠷ ᠯᠠ ᠳᠠᠷᠤᠨ᠎ᠠ ᠭᠡᠵᠤ ᠨᠠᠮ ᠥᠭᠦᠯᠡᠪᠡ᠃

ᠭᠠᠭᠴᠠ ᠨᠢᠳᠤᠳᠠᠢ ᠳᠤᠷᠠᠨᠤᠧᠨ ᠪᠠᠷ ᠶᠢᠡᠨ ᠣᠷᠴᠢᠮ ᠤᠨ ᠣᠭᠴᠢᠨ ᠢ ᠳᠤᠷᠠᠠᠳᠠᠪᠠ᠃

᠊᠊᠊᠊᠊᠊᠊᠊᠊᠊᠊᠊᠊᠊᠊ ᠦᠭᠡᠶ᠂ ᠪᠠᠬᠠᠨ ᠡᠷᠳᠡ ᠪᠠᠢ᠌ᠨ᠎ᠠ ᠭᠡᠵᠤ ᠪᠠᠶ᠎ᠠ ᠳᠡᠭᠡᠨ ᠵᠠᠭᠢᠪᠠ᠃ ᠵᠠᠪᠢᠯᠠᠭᠰᠠᠨ ᠭᠦᠯ ᠶᠢᠡᠨ ᠵᠢᠭᠢᠭᠦ ᠳᠤ ᠳᠠᠱ ᠳᠤᠱ ᠳᠤᠤᠭᠠᠷᠴᠤ ᠱᠠᠷᠭᠢᠷᠠᠨ ᠡᠪᠠᠦᠡᠪᠡ᠃

᠊᠊᠊᠊᠊᠊᠊᠊᠊᠊᠊᠊᠊᠊᠊ ᠠᠢ᠂ ᠥᠭᠦᠭ᠍ᠰᠡᠨ ᠴᠤᠭᠴᠠ ᠭᠡᠵᠤ ᠭᠦᠯ ᠶᠢᠡᠨ ᠬᠠᠷᠢᠶᠠᠪᠠ᠃

ᠨᠠᠶᠠᠨ ᠤ ᠳᠠᠪᠠᠭ᠎ᠠ ᠶᠢ ᠭᠡᠵᠢᠶᠡᠨᠡᠢ ᠳᠠᠪᠠᠭᠰᠠᠨ ᠡᠨᠡ ᠡᠪᠦᠭᠡᠨ ᠴᠤᠭᠴᠠ ᠳᠠᠭᠠᠨ ᠭᠤᠮᠤᠳᠠᠵᠤ ᠶᠠᠭᠠᠭᠢᠬᠤ ᠪᠣᠢ᠂ ᠦᠰᠢᠵᠤ ᠪᠠᠢ᠌ᠬᠤ ᠨᠢ ᠡᠨᠡ᠃ ᠳᠠᠷᠠ ᠭᠦᠯ ᠶᠢᠡᠨ ᠬᠠᠯᠢᠶᠠᠵᠤ ᠪᠠᠢ᠌ᠭᠠᠤᠨ᠄

᠊᠊᠊᠊᠊᠊᠊᠊᠊᠊᠊᠊᠊᠊᠊ ᠭᠦᠭᠡᠷᠦᠭᠦᠢ᠂ ᠴᠢ ᠬᠤᠶᠠᠷ ᠯᠠ ᠪᠠᠢ᠌ᠭᠠᠤᠨ ᠨᠠᠮᠢ᠋ᠢ ᠴᠢᠷᠴᠤ ᠡᠷᠭᠦᠵᠤ ᠠᠯᠳᠠᠢ ᠶᠢ ᠠᠷᠪᠠ ᠡᠷᠭᠢᠭᠦᠯᠦᠭ᠍ᠰᠡᠨ ᠪᠠᠢ᠌ᠬᠤᠯ᠎ᠠ ᠭᠤᠮᠤᠳᠠᠯ ᠬᠠᠮᠢᠭ᠎ᠠ ᠪᠠᠢ᠌ᠬᠤ ᠪᠣᠢ ︖ ᠭᠡᠳ ᠭᠦᠭᠦᠷᠰᠡᠨ ᠢᠨᠢᠶᠠᠪᠠ᠃

᠊᠊᠊᠊᠊᠊᠊᠊᠊᠊᠊᠊᠊᠊᠊ ᠮᠢᠨᠤ ᠴᠤ ᠠᠩ ᠭᠢᠭ᠍ᠰᠡᠨ ᠴᠠᠭ ᠠᠯᠢ ᠴᠠᠭ ᠪᠢᠯᠠ︖ ᠭᠡᠵᠤ ᠪᠠᠰᠠ ᠪᠣᠳᠤᠭᠠᠤᠨ ᠬᠤᠯᠠ ᠶᠢᠨ ᠮᠥᠩᠭᠡ ᠴᠠᠭᠠᠨ ᠴᠤᠭᠢᠶ᠎ᠠ ᠡᠴᠠ ᠡᠭᠢᠯᠡᠨ ᠠᠭᠤᠯᠠ ᠪᠠᠨ ᠪᠠᠷᠠᠯᠠᠪᠠ᠃ ᠨᠠᠶᠠ ᠶᠢ ᠳᠠᠪᠠᠳᠠᠯ᠎ᠠ ᠪᠠᠨ ᠠᠩ ᠭᠢᠭ᠍ᠰᠡᠨ ᠣᠷᠳᠤ ᠳᠡᠦᠭᠡ ᠶᠢᠨ ᠬᠢᠨᠢ ᠡᠭᠢᠨ ᠠᠳᠠᠭ ᠳᠡᠭᠦᠨ ᠤ ᠬᠤᠷᠴᠠ ᠨᠢ ᠮᠤᠬᠤᠭᠰᠠᠨ ᠳᠠᠷᠢᠭᠢ ᠳᠤ ᠣᠷᠤᠬᠤ ᠴᠤ ᠪᠣᠯᠤᠮᠵᠢ ᠦᠭᠡᠶ ᠪᠠᠢ᠌ᠯ᠎ᠠ᠃ ᠭᠡᠳᠡᠯ᠎ᠡ ᠡᠢ᠌ᠮᠤ ᠯᠠ ᠨᠢᠭᠡ ᠭᠦᠭᠦᠭᠡ ᠳᠤᠩᠭ᠋ᠤᠳᠤᠭᠰᠠᠨ᠂ ᠭᠦᠪᠴᠢ ᠭᠦᠭᠡᠷᠡᠭ᠍ᠰᠡᠨ ᠦᠷᠯᠦᠭᠡ ᠠᠪᠣ ᠲᠡᠶ ᠪᠠᠨ ᠬᠤᠶᠠᠭᠤᠯᠠ ᠬᠠᠪᠣᠷ ᠤᠨ ᠨᠤᠭᠤᠭᠠᠨ ᠤ ᠵᠦᠷ᠎ᠡ ᠭᠡᠳᠡᠵᠤ ᠶᠠᠪᠣᠭᠰᠠᠨ ᠰᠠᠨᠠᠭᠳᠠᠨ᠎ᠠ᠃

ᠭᠠᠵᠠᠷ ᠤᠨ ᠪᠠᠢ᠌ᠴᠠ ᠪᠠᠷᠢᠵᠤ ᠰᠠᠯᠭᠢᠨ ᠤ ᠠᠶᠠᠰ ᠳᠠᠭᠠᠵᠤ ᠳᠡᠮᠡᠭᠡᠨ ᠤ ᠪᠦᠭᠦᠨ ᠮᠠᠳᠤ ᠭᠦᠳᠦᠯ ᠤᠨ ᠬᠤᠶᠠᠷ ᠳᠠᠯ᠎ᠠ ᠪᠠᠷ ᠡᠷᠭᠢᠵᠤ ᠭᠠᠷᠬᠤ ᠳᠤ ᠭᠠᠭᠴᠠ ᠴᠠᠭᠠᠨ ᠵᠦᠷ᠎ᠡ ᠤᠢ᠌ᠷᠠᠬᠠᠨ ᠥᠵᠡᠭ᠍ᠳᠡᠳᠡᠭ᠌ ᠪᠠᠢ᠌ᠨ᠎ᠠ᠃ ᠬᠤᠰᠠᠷᠠᠩ ᠴᠤ ᠪᠠᠢ᠌ᠬᠤ ᠨᠢ ᠳᠤᠳᠤᠷᠬᠠᠢ᠃ ᠠᠷᠪᠠᠨ ᠳᠤᠯᠤᠭ᠎ᠠ ᠰᠢᠨ᠎ᠡ ᠭᠦᠷᠴᠤ ᠪᠠᠢ᠌ᠬᠤ ᠵᠠᠯᠠᠭᠤ ᠶᠢᠨ ᠠᠩ ᠤᠨ ᠵᠢᠯᠪᠢ ᠭᠡᠳᠡᠭ᠌ ᠭᠡᠴᠡᠭᠦᠤ᠂ ᠠᠪᠣ ᠡᠴᠠ ᠪᠠᠨ ᠳᠦᠷᠦᠭᠦᠯᠡᠵᠤ 《ᠣᠨᠠᠭᠠᠵᠤ》 ᠣᠷᠭᠢᠶ᠎ᠠ ᠭᠡᠳ ᠯᠠ᠂ ᠬᠠᠷ᠎ᠠ ᠫᠣᠤ ᠶᠢᠨ ᠶᠢᠡᠨ ᠠᠮᠠᠨ ᠪᠡᠷ ᠳᠠᠷᠢ ᠭᠢᠵᠤ ᠰᠥᠮᠪᠦᠯᠡᠭᠡᠳ᠂ ᠠᠷᠤᠳᠠ ᠡᠴᠠ ᠨᠢ ᠰᠤᠮᠤ ᠪᠠᠨ ᠴᠤ ᠭᠢᠵᠤ ᠠᠮᠵᠢᠵᠠᠢ᠃ ᠶᠠᠭ ᠡᠨᠡ ᠦᠶ᠎ᠡ ᠳᠤ ᠳᠡᠭᠡᠳᠤ ᠳᠠᠯ᠎ᠠ ᠡᠴᠠ ᠨᠢ ᠨᠤᠮ ᠣᠩᠰᠢᠬᠤ ᠳᠠᠭᠤᠨ ᠭᠠᠷᠴᠤ ᠭᠦᠩᠭᠢᠨᠡᠵᠤ ᠡᠭᠢᠯᠡᠵᠡᠢ᠃ ᠡᠨᠡ ᠴᠢᠮᠡᠭᠡᠨ ᠳᠤ ᠦᠷᠭᠦᠭ᠍ᠰᠡᠨ ᠴᠠᠭᠠᠨ ᠵᠦᠷ᠎ᠡ ᠴᠤ ᠨᠢᠭᠡ ᠯᠠ ᠥᠰᠦᠷᠦᠭᠡᠳ ᠪᠣᠳᠠ ᠳᠤ ᠰᠢᠷᠭᠤᠵᠠᠢ᠃

ᠠᠪᠣ ᠨᠢ ᠦᠷᠭᠦᠯᠵᠢ ᠡᠪᠦᠷᠯᠡᠵᠤ ᠶᠠᠪᠣᠳᠠᠭ 《ᠠᠩ ᠤᠨ ᠰᠠᠩ ᠣᠷᠤᠰᠢᠪᠠᠢ》 ᠭᠡᠳᠡᠭ᠌ ᠪᠢᠴᠢᠬᠠᠨ ᠰᠤᠳᠤᠷ ᠶᠢᠡᠨ ᠨᠡᠭᠡᠭᠡᠵᠤ᠂ ᠦᠨᠳᠦᠷ ᠳᠠᠭᠤᠤ ᠪᠠᠷ ᠳᠠᠭᠤᠳᠠᠨ ᠣᠩᠰᠢᠵᠤ ᠪᠠᠢ᠌ᠨ᠎ᠠ᠃ ᠶᠠᠷᠤ ᠶᠢᠨ ᠴᠠᠭ ᠲᠤ ᠡᠨᠡ ᠰᠤᠳᠤᠷ ᠢ ᠢᠩᠭᠢᠵᠤ ᠭᠡᠭᠡᠷ᠎ᠡ ᠭᠠᠳᠠᠭ᠎ᠠ᠂ ᠴᠠᠭ ᠪᠢᠰᠢ ᠴᠠᠭ ᠲᠤ ᠣᠩᠰᠢᠳᠠᠭ ᠦᠭᠡᠶ ᠶᠤᠰᠤᠳᠠᠢ ᠪᠠᠢ᠌ᠵᠠᠢ᠃ ᠪᠤᠤᠺᠠ ᠠᠯᠠᠩ ᠪᠣᠯᠵᠤ ᠠᠪᠣ ᠶᠢᠨ ᠶᠢᠡᠨ ᠤᠢ᠌ᠷ᠎ᠡ ᠢᠷᠠᠵᠤ ᠨᠤᠮ ᠡᠴᠠ ᠠᠳᠢᠰ ᠠᠪᠴᠤ ᠰᠥᠭᠦᠳᠤᠨ ᠰᠠᠭᠤᠵᠠᠢ᠃ ᠨᠤᠮ ᠤᠨ ᠵᠠᠪᠰᠠᠷ ᠶᠢᠡᠷ ᠠᠪᠣ ᠨᠢ᠄

᠊᠊᠊᠊᠊᠊᠊᠊᠊᠊᠊᠊᠊᠊᠊ ᠠᠷᠴᠠ ᠠᠪᠴᠢᠷᠠᠭᠠᠤᠨ ᠰᠠᠩ ᠳᠠᠯᠪᠢ ᠭᠡᠵᠤ ᠠᠶᠤᠮᠠᠷ ᠳᠤᠭᠰᠢᠨ ᠵᠠᠭᠢᠵᠠᠢ᠃ ᠨᠤᠮ ᠳᠡᠭᠦᠰᠴᠤ ᠰᠠᠩ ᠤᠨ ᠣᠳᠤᠭ᠎ᠠ ᠭᠦᠪᠴᠢ ᠶᠢᠨ ᠭᠦᠭᠡ ᠣᠨᠢᠶᠠᠷ ᠯᠤᠭ᠎ᠠ ᠨᠠᠢ᠌ᠯᠠᠵᠤ ᠭᠦᠭᠦᠭᠯᠡᠭᠦ ᠳᠤ ᠡᠪᠦᠭᠡᠨ ᠳᠡᠭᠡᠭᠡᠳ ᠭᠦᠪᠠᠭᠦᠨ ᠳᠡᠭᠡᠨ ᠵᠦᠪ ᠴᠢᠷᠠᠢ ᠪᠠᠷ ᠬᠠᠯᠢᠶᠠᠵᠤ ᠥᠭᠡ ᠭᠡᠯᠡᠵᠡᠢ᠃

᠊᠊᠊᠊᠊᠊᠊᠊᠊᠊᠊᠊᠊᠊᠊ ᠶᠠᠭᠤ ᠦᠵᠡᠪᠠ ᠴᠢ︖

᠊᠊᠊᠊᠊᠊᠊᠊᠊᠊᠊᠊᠊᠊᠊ ᠭᠠᠭᠴᠠ ᠴᠠᠭᠠᠨ ᠵᠦᠷ᠎ᠡ᠃

᠊᠊᠊᠊᠊᠊᠊᠊᠊᠊᠊᠊᠊᠊᠊ ᠳᠡᠭᠡᠭᠡᠳ ᠶᠠᠭᠠᠭᠢᠪᠠ ᠴᠢ︖

᠊᠊᠊᠊᠊᠊᠊᠊᠊᠊᠊᠊᠊᠊᠊ ᠫᠣᠤ ᠪᠠᠨ ᠪᠠᠯᠡᠳᠦᠭᠡᠳ ᠁

᠊᠊᠊᠊᠊᠊᠊᠊᠊᠊᠊᠊᠊᠊᠊ ᠠᠢ᠂ ᠬᠤᠷᠮᠤᠰᠳᠠ ᠮᠢᠨᠢ᠃ ᠴᠠᠭᠠᠨ ᠠᠪᠣ ᠮᠢᠨᠢ᠃ ᠡᠨᠡ ᠡᠷᠭᠢᠭᠦᠤ ᠶᠢ ᠡᠷᠳᠡ ᠰᠤᠷᠭᠠᠭᠰᠠᠨ ᠦᠭᠡᠶ ᠮᠢᠨᠤ ᠪᠣᠷᠤᠭᠤ ᠪᠣᠯᠵᠠᠢ᠃

ᠡᠪᠦᠭᠡᠨ ᠪᠠᠶ᠎ᠠ ᠪᠠᠨ ᠭᠡᠮᠰᠢᠵᠤ ᠭᠠᠵᠠᠷ ᠴᠢᠴᠢᠵᠤ ᠳᠡᠭ᠍ᠷᠢ ᠭᠠᠵᠠᠷ ᠳᠠᠭᠤᠳᠠᠵᠤ ᠪᠣᠯᠤᠭᠠᠤᠨ ᠭᠦᠪᠠᠭᠦᠨ ᠳᠡᠭᠡᠨ ᠣᠢ ᠶᠢᠨ ᠢᠷᠭᠡᠨ ᠤ ᠶᠤᠰᠤ ᠪᠠᠷ ᠠᠬᠠᠷ ᠭᠡᠳᠦᠭᠡᠨ ᠠᠮᠠᠨ ᠥᠭᠡ ᠪᠠᠷ ᠣᠴᠢᠷ ᠢ ᠳᠠᠢ᠌ᠯᠵᠠᠢ᠃ 《ᠴᠠᠭᠠᠨ ᠵᠦᠷ᠎ᠡ ᠭᠡᠳᠡᠭ᠌ ᠴᠠᠭᠠᠨ ᠠᠪᠣ ᠳᠤ ᠬᠤᠷᠮᠤᠰᠳᠠ ᠳᠡᠭ᠍ᠷᠢ ᠡᠴᠡ ᠦᠭ‍ᠭᠦᠭ᠍ᠰᠡᠨ ᠭᠠᠭᠴᠠ ᠭᠦᠯᠦᠭ᠌ ᠨᠢ ᠪᠣᠯᠤᠨ᠎ᠠ᠃ ᠴᠠᠭᠠᠨ ᠵᠦᠷ᠎ᠡ ᠥᠵᠡᠭ᠍ᠳᠡᠳᠡᠭ᠌ ᠭᠦᠮᠤᠨ ᠳᠡᠭᠡᠨ ᠥᠵᠡᠭ᠍ᠳᠡᠭᠦ ᠡᠴᠠ ᠪᠢᠰᠢ ᠵᠠᠶᠠᠭ ᠤᠨ ᠭᠦᠮᠤᠨ ᠳᠤ ᠥᠵᠡᠭ᠍ᠳᠡᠳᠡᠭ᠌ ᠦᠭᠡᠶ ᠶᠤᠰᠤᠳᠠᠢ᠃ ᠴᠠᠭᠠᠨ ᠵᠦᠷ᠎ᠡ ᠭᠦᠮᠤᠨ ᠠᠮᠢᠳᠠᠨ ᠳᠤ ᠣᠢ᠌ᠯᠠ ᠭᠦᠷᠦᠮ ᠳᠤᠯᠭᠠᠷᠠᠬᠤ ᠴᠠᠭ ᠲᠤ ᠳᠤᠰᠠ ᠭᠢᠭᠦ ᠪᠠᠷ ᠨᠢᠭᠡ ᠥᠵᠡᠭ᠍ᠳᠡᠳᠡᠭ᠌᠃ ᠨᠢᠭᠦᠯ ᠭᠢᠯᠢᠠᠴᠠ ᠠᠷᠪᠢᠵᠢᠬᠤ ᠴᠠᠭ ᠲᠤ ᠰᠢ᠌ᠳ ᠦᠭ‍ᠭᠦ ᠪᠠᠷ ᠨᠢᠭᠡ ᠥᠵᠡᠭ᠍ᠳᠡᠳᠡᠭ᠌᠃ ᠵᠢᠷᠭᠠᠯ ᠪᠠᠶᠠᠷ ᠵᠤᠵᠠᠭᠠᠷᠠᠬᠤ ᠳᠤ ᠢᠷᠦᠭᠡᠯ ᠦᠭ‍ᠭᠦ ᠪᠠᠷ ᠨᠢᠭᠡ ᠥᠵᠡᠭ᠍ᠳᠡᠳᠡᠭ᠌᠃ ᠳᠡᠭᠦᠨ ᠢ ᠬᠤᠷᠤᠭᠠᠵᠤ ᠠᠯᠠᠬᠤ ᠪᠢᠰᠢ᠂ ᠳᠡᠭᠦᠨ ᠳᠠᠯ᠎ᠠ ᠯᠠᠪᠯᠠᠭᠠᠤᠨ ᠬᠠᠷᠠᠵᠤ ᠪᠠᠰᠠ ᠪᠣᠯᠬᠤ ᠦᠭᠡᠶ᠂ ᠥᠵᠡᠭ᠍ᠰᠡᠨ ᠭᠦᠮᠤᠨ ᠮᠦᠷᠭᠦᠭᠡᠳ ᠣᠨᠤᠭᠠᠤᠨ ᠣᠤᠠᠳᠠᠭ ᠭᠡᠷᠡᠭ᠍ᠳᠡᠢ᠃ ᠵᠠᠯᠪᠠᠷᠢᠵᠤ ᠰᠠᠩ ᠰᠦᠷ ᠳᠠᠯᠪᠢᠬᠤ ᠣᠴᠢᠷ ᠲᠡᠶ᠃ ᠡᠰᠡᠭᠦᠯ᠎ᠡ ᠭᠠᠢ ᠪᠠᠷᠴᠢᠳ ᠲᠡᠶ ᠣᠴᠠᠷᠠᠬᠤ︕》 ᠭᠡᠵᠤ ᠰᠤᠷᠭᠠᠭᠠᠤᠨ 《ᠡᠷᠭᠢᠭᠦᠤ ᠨᠤᠬᠠᠢ ᠴᠢᠮ᠎ᠠ ᠳᠤ ᠶᠠᠭᠤᠨ ᠥᠵᠡᠭ᠍ᠳᠡᠨ᠎ᠡ ᠭᠡᠨ ᠮᠡᠳᠡᠭᠦ ᠪᠣᠢ ︖》 ᠭᠡᠵᠤ ᠭᠠᠰᠠᠯᠵᠠᠢ᠃ ᠴᠠᠭᠠᠨ ᠵᠦᠷ᠎ᠡ ᠶᠢᠨ ᠭᠠᠢ ᠪᠣᠯᠪᠠ ᠦᠦ ᠴᠠᠭ ᠤᠨ ᠴᠦᠪ ᠨᠢ ᠪᠣᠯᠤᠭᠰᠠᠨ ᠴᠤ ᠶᠤᠮ ᠦᠦ ︖ ᠣᠳᠠᠯ ᠦᠭᠡᠶ ᠪᠤᠤᠺᠠ ᠴᠡᠷᠢᠭ᠌ ᠲᠤ ᠮᠤᠷᠳᠠᠵᠤ᠂ ᠳᠠᠪᠤᠨ ᠵᠢᠯ ᠭᠠᠯᠳᠠᠢ ᠫᠣᠤ ᠶᠢᠨ ᠰᠤᠮᠤᠨ ᠳᠤᠤᠭᠤᠷ ᠮᠥᠯᠭᠦᠵᠡᠢ᠃

ᠪᠤᠤᠺᠠ ᠄

᠊᠊᠊᠊᠊᠊᠊᠊᠊᠊᠊᠊᠊᠊᠊ ᠠᠢ᠂ ᠶᠠᠭᠤᠨ ᠪᠢᠯᠠ ᠭᠡᠳ ᠴᠠᠭᠠᠨ ᠵᠦᠷ᠎ᠡ ᠶᠢᠨ ᠳᠤᠬᠠᠢ ᠪᠠᠰᠠ ᠨᠢᠭᠡ ᠪᠣᠳᠤᠯ ᠳᠤ ᠣᠷᠤᠵᠠᠢ᠃

ᠪᠤᠤᠺᠠ ᠠᠩᠴᠢᠨ ᠠᠢ᠌ᠯ ᠤᠨ ᠭᠦᠪᠠᠭᠦᠨ ᠪᠣᠯᠬᠤᠷ ᠬᠠᠷ᠎ᠠ ᠪᠠᠭ᠎ᠠ ᠡᠴᠠ ᠪᠠᠨ ᠠᠩ ᠤᠨ ᠳᠤᠬᠠᠢ ᠣᠯᠠᠨ ᠶᠤᠰᠤ ᠭᠤᠷᠢᠮ ᠢ ᠮᠠᠳᠠᠵᠤ 《ᠲᠦᠯ ᠤᠨ ᠴᠠᠭ᠂ ᠬᠤᠰᠢᠶᠠᠯᠠᠯᠭᠠᠨ ᠤ ᠴᠠᠭ ᠶᠢᠡᠷ ᠠᠩ ᠭᠢᠳᠡᠭ᠌ ᠦᠭᠡᠶ᠂ ᠭᠡᠭᠡᠯ ᠲᠡᠶ ᠡᠭᠡ ᠠᠩ᠂ ᠰᠦᠷᠦᠭ᠌ ᠤᠨ ᠰᠦᠯᠳᠡ ᠪᠣᠯᠤᠭᠰᠠᠨ ᠠᠬᠠᠯᠠᠭᠠᠴᠢ ᠠᠩ᠂ ᠵᠢᠰᠤ ᠪᠣᠷᠤᠭᠤ ᠠᠩ᠂ ᠣᠭ ᠨᠢ ᠳᠠᠰᠤᠷᠠᠬᠤ ᠰᠢᠬᠠᠭᠰᠠᠨ ᠠᠩ ᠳᠤ ᠬᠠᠯᠳᠠᠵᠤ ᠪᠣᠯᠬᠤ ᠦᠭᠡᠶ᠁》 ᠭᠡᠭᠦ ᠮᠠᠳᠤ ᠶᠢᠨ ᠣᠯᠠᠨ ᠶᠤᠰᠤ ᠶᠢ ᠪᠠᠷᠢᠮᠳᠠᠯᠠᠵᠤ ᠢᠷᠡᠭ᠍ᠰᠡᠨ ᠪᠢᠯᠠ᠃ ᠠᠪᠣ ᠡᠴᠠ ᠭᠡᠷᠢᠶᠡᠰ ᠪᠣᠯᠤᠭᠰᠠᠨ 《ᠠᠩ ᠤᠨ ᠰᠠᠩ》 ᠰᠤᠳᠤᠷ ᠢ ᠴᠤ ᠴᠡᠭᠡᠵᠢᠯᠡᠵᠤ ᠠᠪᠣᠭᠰᠠᠨ ᠪᠢᠯᠠ᠃ ᠭᠡᠪᠠᠴᠤ ᠵᠠᠷᠢᠮ ᠴᠠᠭ ᠲᠤ ᠵᠠᠷᠢᠮ ᠭᠠᠵᠠᠷ ᠲᠤ ᠠᠷᠭ᠎ᠠ ᠦᠭᠡᠶ᠃ ᠪᠠᠴᠢᠨ ᠵᠢᠯ ᠤᠨ ᠵᠤᠳ ᠲᠤ ᠳᠠᠷᠢᠶ᠎ᠠ ᠲᠦᠮᠦᠰᠦ ᠣᠨᠠᠴᠠ ᠠᠯᠳᠠᠵᠤ᠂ ᠮᠠᠯ ᠬᠠᠷ᠎ᠠ ᠬᠤᠳᠠᠨ ᠬᠤᠷᠤᠭ᠎ᠠ ᠪᠠᠷ ᠶᠢᠡᠨ ᠴᠠᠰᠤᠨ ᠳᠤ ᠳᠠᠷᠤᠭᠳᠠᠵᠤ᠂ ᠥᠭᠦᠭ᠍ᠰᠡᠨ ᠬᠤᠨᠢ ᠢᠮᠠᠭ᠎ᠠ ᠪᠠᠷ ᠬᠠᠰᠢᠶ᠎ᠠ ᠶᠢᠨ ᠬᠠᠭᠠᠷᠬᠠᠢ ᠪᠦᠭᠯᠡᠵᠤ᠂ ᠮᠠᠯ ᠮᠠᠯ ᠤᠨ ᠶᠢᠡᠨ ᠨᠤᠤᠰᠤ ᠢᠳᠡᠭᠦ ᠳᠡᠭᠡᠨ ᠭᠦᠷᠦᠭ᠍ᠰᠡᠨ ᠳᠠᠢ᠌ᠮᠤ ᠬᠠᠪᠣᠷ ᠳᠠᠷᠢᠶᠠᠯᠠᠬᠤ ᠣᠷᠤᠨ ᠤ ᠭᠢᠨ ᠳᠠᠭ ᠭᠦᠨᠡᠰᠤ ᠳᠠᠰᠤᠷᠠᠵᠠᠢ᠃ ᠠᠮᠢᠳᠤ ᠭᠦᠮᠤᠨ ᠠᠷᠭ᠎ᠠ ᠲᠡᠶ ᠭᠡᠨ᠎ᠡ᠃ ᠠᠮᠢᠨ ᠨᠢ ᠬᠠᠷ᠎ᠠ ᠬᠠᠮᠠᠷ ᠤᠨ ᠥᠵᠦᠭᠦᠷ ᠲᠤ ᠢᠷᠡᠭᠦ ᠳᠤ 《ᠮᠠᠠᠵᠤ ᠬᠠᠭᠠᠨ ᠳᠤ ᠬᠠᠷ᠎ᠠ ᠥᠨᠡᠭᠡ ᠡᠷᠭᠦᠭ᠍ᠰᠡᠨ》 ᠣᠭ ᠮᠠᠭᠤᠳᠤ ᠪᠣᠯᠵᠤ ᠠᠭᠤᠯᠠ ᠡᠴᠠ ᠭᠦᠳᠡᠭᠡ ᠳᠤ᠂ ᠭᠦᠳᠡᠭᠡ ᠡᠴᠡ ᠳᠠᠷᠢᠶᠠᠯᠠᠩ ᠳᠤ 《ᠴᠥᠯᠡᠭ᠍ᠳᠡᠭ᠍ᠰᠡᠨ》 ᠪᠤᠤᠺᠠ ᠳᠠᠷᠤᠭ᠎ᠠ ᠶᠢᠨ ᠰᠠᠨᠠᠭᠠᠨ ᠳᠤ ᠵᠢᠮ᠎ᠠ ᠪᠠᠷ ᠣᠷᠤᠵᠠᠢ᠃ ᠳᠡᠭᠡᠭᠡᠳ ᠯᠠ ᠪᠤᠤᠺᠠ ᠪᠠᠷ ᠭᠡᠳᠤᠨ ᠵᠠᠯᠠᠭᠤ ᠳᠠᠭᠠᠭᠤᠯᠤᠨ ᠠᠭᠤᠯᠠ ᠳᠤ ᠭᠠᠷᠴᠠᠢ᠃ ᠪᠦᠰᠡᠯᠡᠭᠦᠷ ᠵᠢᠷᠤᠭᠰᠠᠨ ᠴᠠᠰᠤᠨ ᠳᠤᠳᠤᠷ᠎ᠠ ᠭᠡᠳᠤᠨ ᠡᠳᠦᠷ ᠶᠠᠪᠣᠬᠤ ᠳᠤ ᠳᠤᠰᠬᠤᠨ ᠡᠴᠠ ᠪᠠᠨ ᠡᠪᠦᠷᠯᠡᠵᠤ ᠭᠠᠷᠤᠭᠰᠠᠨ ᠭᠡᠳᠤᠨ ᠣᠰᠤᠨ ᠮᠠᠠᠳᠠᠤ ᠳᠠᠮᠤᠷ ᠪᠣᠯᠵᠤ ᠭᠦᠯᠳᠡᠵᠡᠢ᠃ ᠵᠢᠷᠭᠤᠭᠠᠨ ᠬᠤᠨᠤᠭ ᠳᠠᠨᠤᠵᠤ ᠣᠯᠤᠭᠰᠠᠨ ᠣᠯᠵᠠ ᠶᠠᠭᠤ ᠴᠤ ᠦᠭᠡᠶ᠂ ᠭᠦᠨᠡᠰᠤᠨ ᠴᠢᠯᠠᠵᠤ ᠥᠭᠦᠭᠦ ᠶᠢᠨ ᠨᠠᠭᠠᠨ᠎ᠠ ᠳᠤᠯᠵᠠᠢ᠃ ᠳᠡᠭᠡᠳᠡᠯ᠎ᠡ ᠨᠢᠭᠡ ᠦᠷᠯᠦᠭᠡ᠂ ᠬᠠᠷᠭᠠᠢ ᠶᠢᠨ ᠵᠠᠭᠠᠭ ᠲᠤ ᠭᠠᠭᠴᠠ ᠵᠦᠷ᠎ᠡ ᠶᠢᠨ ᠮᠦᠷ ᠬᠠᠷᠭᠤᠯᠳᠤᠵᠠᠢ᠃ ᠮᠦᠷᠳᠡᠭᠡᠳ ᠪᠠᠢ᠌ᠳᠠᠯ᠎ᠠ ᠦᠳᠡ ᠶᠢᠨ ᠠᠯᠳᠠᠨ ᠳᠤ ᠭᠤᠷᠪᠠᠨ ᠭᠦᠳᠦᠯ ᠤᠨ ᠴᠠᠭᠠᠨᠠᠭᠢ ᠰᠢᠷ᠎ᠠ ᠦᠯᠭᠢᠨ ᠳᠤ ᠴᠠᠭᠠᠨ ᠵᠦᠷ᠎ᠡ ᠥᠵᠡᠭ᠍ᠳᠡᠵᠡᠢ᠃ ᠣᠷᠢᠳᠤ ᠶᠢᠨ ᠥᠩᠭᠡᠷᠡᠯᠳᠡ᠂ ᠠᠪᠣ ᠶᠢᠨ ᠵᠠᠭᠢᠶ᠎ᠠ ᠶᠢ ᠰᠠᠨᠠᠭᠰᠠᠨ ᠪᠤᠤᠺᠠ ᠳᠤᠤᠷ᠎ᠠ ᠪᠠᠨ ᠰᠥᠭᠦᠳᠡᠵᠤ ᠰᠤᠨᠤᠨ ᠮᠦᠷᠭᠦᠵᠤ᠂ ᠠᠪᠣ ᠡᠴᠠ ᠥᠯᠡᠳᠡᠭ᠍ᠰᠡᠨ 《ᠠᠩ ᠤᠨ ᠰᠠᠩ》 ᠵᠢᠡᠨ ᠴᠡᠭᠡᠵᠢ ᠪᠠᠷ ᠳᠤᠯᠤᠭ᠎ᠠ ᠳᠠᠪᠳᠠᠨ ᠣᠩᠰᠢᠵᠠᠢ᠃ ᠳᠡᠭᠡᠭᠡᠳ ᠬᠤᠱ (ᠪᠠᠢ᠌ᠷᠢ) ᠲᠠᠭᠠᠨ ᠪᠣᠴᠠᠵᠠᠢ᠃ ᠪᠣᠴᠠᠬᠤ ᠵᠠᠮ ᠳᠠᠭᠠᠨ ᠬᠤᠵᠤᠤᠯ᠎ᠠ ᠲᠦᠰᠢᠵᠤ ᠥᠭᠦᠭᠡᠳ ᠬᠤᠶᠠᠷ ᠨᠢᠳᠤ ᠶᠢ ᠨᠢ ᠬᠤᠩ ᠭᠡᠷᠢᠶ᠎ᠡ ᠴᠤᠭᠢᠵᠤ ᠣᠷᠭᠢᠭᠰᠠᠨ ᠭᠠᠬᠠᠢ ᠶᠢᠨ ᠰᠡᠭ᠌ ᠣᠯᠵᠤ ᠴᠢᠷᠴᠤ ᠬᠠᠷᠢᠭᠠᠤᠨ ᠰᠢᠷᠠᠵᠤ᠂ ᠣᠯᠠᠨ ᠶᠢᠡᠷ ᠶᠢᠡᠨ ᠳᠡᠭᠦᠨ ᠶᠢᠡᠷ ᠦᠯ ᠵᠠᠯᠭᠠᠵᠤ ᠠᠮᠢᠨ ᠣᠷᠤᠵᠠᠢ᠃ ᠮᠠᠩᠭ᠋ᠠᠳᠤᠷ ᠨᠢ ᠴᠠᠭᠠᠨ ᠵᠦᠷ᠎ᠡ ᠶᠢᠨ ᠮᠦᠷ ᠮᠦᠷᠳᠠᠵᠤ ᠶᠠᠪᠣᠭᠠᠤᠨ ᠬᠠᠨ ᠳᠡᠭ᠍ᠷᠢ ᠶᠢᠨ ᠶᠢᠡᠨ ᠭᠦᠷᠦᠮᠤ ᠴᠤᠭᠢᠶ᠎ᠠ ᠶᠢ ᠪᠠᠷᠠᠭᠠᠳᠠᠵᠠᠢ᠃ ᠭᠦᠮᠤᠨ ᠡᠡᠮᠢᠳᠡᠨ ᠪᠢᠭ᠍ᠰᠢᠭ᠍ᠰᠡᠨ ᠭᠠᠵᠠᠷ ᠲᠠᠭᠠᠨ ᠵᠤᠳ ᠵᠤᠪᠠᠯᠠᠩ ᠪᠣᠯᠵᠤ ᠪᠠᠢ᠌ᠪᠠᠴᠤ ᠡ᠊ᠨᠳᠡ ᠬᠠᠷᠢᠨ ᠴᠠᠰᠤᠨ ᠨᠢᠮᠭᠡᠨ ᠪᠠᠢ᠌ᠵᠤ ᠠᠩ ᠠᠮᠢᠳᠠᠨ ᠠᠮᠤᠭᠤᠯᠠᠩ ᠴᠠᠳᠬᠤᠯᠠᠩ ᠪᠠᠢ᠌ᠵᠠᠢ᠃ ᠠᠮᠢ ᠪᠦᠭᠡ ᠶᠠᠩᠭᠢᠷ ᠢᠮᠠᠭᠠᠨ ᠤ ᠳᠡᠭᠡ ᠡᠴᠡ ᠳᠠᠳᠠᠨ ᠵᠠ ᠭᠡᠰᠡᠨ 《ᠣᠨᠠᠭᠠᠵᠤ》 ᠠᠪᠴᠠᠢ᠃ ᠳᠡᠭᠡᠭᠡᠳ ᠠᠩ ᠤᠨ ᠭᠡᠰᠢᠭ᠌ ᠶᠢᠡᠷ ᠡ᠊ᠨᠳᠡᠭᠢ ᠨᠤᠳᠤᠭ ᠵᠤᠳ ᠢ ᠳᠤᠭᠤᠯᠵᠤ ᠣᠨ ᠳᠤ ᠣᠷᠤᠵᠠᠢ᠃ ᠡᠨᠡ ᠪᠣᠯᠬᠤᠯ᠎ᠠ ᠴᠠᠭᠠᠨ ᠵᠦᠷ᠎ᠡ ᠶᠢᠨ ᠠᠪᠣᠷᠠᠯ ᠭᠡᠵᠤ ᠪᠤᠤᠺᠠ ᠪᠣᠳᠤᠳᠠᠭ ᠨᠢ ᠵᠦᠢ᠌ ᠲᠡᠶ ᠪᠢᠯᠠ᠃

ᠭᠦᠳᠦᠯ ᠤᠨ ᠴᠠᠭᠠᠳᠤᠭᠢ ᠮᠤᠳᠤᠨ ᠳᠤ ᠬᠤᠨᠤᠭᠰᠠᠨ ᠰᠢᠪᠠᠭᠤᠳ ᠦᠷᠭᠦᠵᠤ᠂ ᠱᠠᠭᠠᠵᠠᠭᠠᠢ ᠮᠠᠭᠤᠬᠠᠢ ᠱᠠᠭᠰᠢᠪᠠ᠃ 《ᠬᠤᠩᠱᠤᠤ ᠴᠢᠰᠤᠨ ᠤ ᠦᠨᠦᠷ ᠲᠡᠶ ᠬᠤᠭᠢᠮᠠᠢ ᠳᠤᠯᠤᠭᠠᠢ ᠢᠷᠠᠪᠠ》 ᠭᠡᠵᠤ ᠠᠮᠢᠳᠠᠨ ᠵᠢᠷᠭᠤᠭᠠᠨ ᠵᠣᠢ᠌ᠯ ᠳᠤ ᠮᠠᠭᠤ ᠴᠢᠮᠡᠭᠡ ᠭᠡᠯᠡᠵᠤ᠂ ᠠᠮᠢ ᠪᠠᠨ ᠴᠠᠬᠠᠷᠯᠠᠬᠤ ᠳᠤ ᠰᠠᠷᠠᠮᠵᠢ ᠪᠣᠯᠵᠤ ᠪᠠᠢ᠌ᠬᠤ ᠨᠢ ᠡᠨᠡ ᠭᠡᠵᠤ ᠪᠤᠤᠺᠠ ᠪᠣᠳᠤᠭᠠᠤᠨ᠄

᠊᠊᠊᠊᠊᠊᠊᠊᠊᠊᠊᠊᠊᠊᠊ ᠠᠢ᠂ ᠭᠦᠮᠤᠨ ᠭᠡᠳᠡᠭ᠌ ᠠᠮᠢᠳᠠᠨ ᠭᠡᠵᠤ ᠢᠭ᠍ᠵᠢᠭᠡᠷᠡᠨ ᠭᠠᠵᠠᠷ ᠲᠤ ᠨᠢᠯᠪᠣᠪᠠ᠃ ᠬᠤᠯᠠ ᠡᠴᠠ ᠮᠠᠷᠠᠵᠤ ᠭᠡᠳᠡᠵᠤ ᠠᠢ᠌ᠰᠤᠬᠤ ᠨᠢ ᠣᠠᠳᠤᠤ ᠭᠦᠮᠤᠨ ᠪᠢᠰᠢ ᠶᠠᠭ ᠪᠠᠶ᠎ᠠ ᠨᠢ ᠪᠣᠯᠵᠤ ᠰᠡᠳᠦᠭ᠍ᠳᠡᠪᠡ᠃ ᠡᠨᠡ ᠦᠶ᠎ᠡ ᠳᠤ ᠳᠡᠭᠦᠨ ᠤ ᠳᠠᠷᠢᠭᠢ ᠳᠤ ᠪᠣᠳᠤᠬᠤ ᠪᠦᠷᠢ ᠪᠦᠭᠡᠯᠵᠢᠰᠤ ᠨᠢ ᠭᠦᠷᠳᠡᠭ᠌ ᠨᠢᠭᠡ ᠣᠴᠠᠷᠠᠯ ᠨᠢ ᠣᠷᠤᠪᠠ᠃

ᠠᠮᠢᠨ ᠤ ᠳᠡᠵᠢᠭᠡᠯ ᠤᠨ ᠲᠦᠯᠦᠭᠡ ᠪᠢᠰᠢ᠂ 《ᠬᠠᠪᠣᠷ ᠤᠨ ᠴᠠᠭ ᠤᠨ ᠵᠦᠷ᠎ᠡ ᠶᠢᠨ ᠵᠢᠷᠦᠭᠡᠨ ᠤ ᠴᠢᠰᠤᠨ ᠡᠮ ᠪᠣᠯᠤᠨ᠎ᠠ᠂ ᠢᠯᠠᠩᠭ᠋ᠤᠶ᠎ᠠ ᠴᠠᠭᠠᠨ ᠵᠦᠷ᠎ᠡ ᠶᠢᠨ ᠵᠢᠷᠦᠭᠡᠨ ᠤ ᠴᠢᠰᠤᠨ ᠠᠯᠠᠬᠠᠭ᠎ᠠ ᠦᠭᠡᠶ》 ᠭᠡᠮᠡᠨ ᠰᠤᠨᠤᠰᠤᠭᠰᠠᠨ ᠵᠢᠷᠦᠭᠡᠨ ᠤ ᠠᠷᠬᠠᠭ ᠲᠡᠶ ᠨᠢᠭᠡ ᠳᠠᠷᠤᠭ᠎ᠠ ᠶᠠᠮᠪᠠᠳᠠᠨ ᠰᠤᠮᠤᠨ ᠳᠡᠭᠡᠷ᠎ᠡ ᠢᠷᠡᠭᠡᠳ ᠨᠤᠳᠤᠭ ᠤᠨ ᠵᠢᠵᠢᠭ᠌ ᠳᠠᠷᠤᠭ᠎ᠠ ᠶᠢ ᠰᠢᠬᠠᠵᠤ᠂ ᠳᠠᠷᠠ ᠨᠢ ᠪᠤᠤᠺᠠ ᠶᠢ ᠳᠠᠷᠤᠮᠳᠠᠯᠠᠵᠤ᠂ ᠡᠴᠦᠰ ᠳ᠋ᠦ᠋ᠩ ᠳᠤ ᠪᠤᠤᠺᠠ ᠮᠠᠨᠢ 《ᠶᠠᠮᠠᠷ ᠵᠢᠷᠦᠭᠡ ᠨᠢ ᠵᠢᠰᠤᠳᠡᠭᠰᠠᠨ ᠵᠢᠰᠤᠷ ᠡᠮᠴᠢ ᠨᠢ ᠡᠨᠡ ᠥᠭᠡ ᠶᠢ ᠭᠡᠯᠡᠭᠡᠳ ᠣᠷᠭᠢᠪᠠ》 ᠭᠡᠵᠤ ᠪᠢᠳᠡᠭᠦᠤ ᠭᠠᠰᠠᠯᠤᠭᠰᠠᠨ ᠪᠣᠯᠪᠠᠴᠤ 《ᠬᠠᠭᠠᠨ ᠤ ᠠᠯᠪᠠᠨ ᠬᠠᠳᠠᠭᠤ᠂ ᠬᠠᠰ ᠤᠨ ᠡᠭᠢᠨ ᠪᠢᠳᠡᠭᠦᠤ》 ᠪᠣᠯᠬᠤᠷ ᠠᠷᠭ᠎ᠠ ᠦᠭᠡᠶ ᠪᠣᠯᠵᠤ᠂ ᠬᠤᠷᠳᠤᠨ ᠫᠣᠤ ᠲᠡᠶ᠂ ᠬᠠᠵᠠᠭᠤ ᠳᠠᠭᠠᠨ 《ᠬᠠᠷᠠᠭᠠᠯᠵᠠᠭᠴᠢ》 ᠲᠡᠶ ᠪᠠᠷ ᠵᠦᠷ᠎ᠡ ᠶᠢᠨ ᠠᠩ ᠳᠤ ᠮᠤᠷᠳᠠᠵᠠᠢ᠃

ᠪᠠᠰᠠ ᠯᠠ ᠵᠤᠳ ᠲᠡᠶ ᠳᠠᠷᠠ ᠵᠢᠯ ᠪᠠᠢ᠌ᠵᠠᠢ᠃ ᠮᠦᠰᠤᠨ ᠱᠠᠪᠰᠢᠭᠰᠠᠨ ᠮᠤᠳᠤᠨ ᠤ ᠰᠠᠯᠠᠭ᠎ᠠ ᠳᠤ ᠰᠠᠭᠤᠵᠤ ᠳᠤᠩᠭ᠋ᠤᠤᠠᠬᠤ ᠭᠦᠭᠦᠭᠡ ᠶᠢᠨ ᠳᠠᠭᠤᠤ ᠭᠦᠯᠳᠡᠭᠦᠤ ᠳᠡᠯᠡᠭᠡᠢ ᠳᠤ ᠳᠠᠮᠤᠷ ᠤᠨ ᠳᠠᠭᠤ ᠪᠠᠷ ᠬᠠᠩᠭᠢᠨᠠᠨ᠎ᠠ᠃ ᠥᠭᠡᠷ ᠤᠨ ᠳᠤᠯᠤᠭᠠᠢ ᠶᠢᠨ ᠠᠷᠠᠰᠤᠨ ᠴᠠᠷᠠᠭ ᠲᠡᠶ ᠪᠤᠤᠺᠠ ᠭᠦᠩᠭᠡᠨ ᠭᠦᠩᠭᠡᠨ ᠠᠯᠬᠤᠬᠤ ᠳᠤ ᠨᠢ ᠡᠳᠦᠷ ᠳᠠᠪᠳᠤᠵᠤ ᠰᠦᠨᠢ ᠴᠠᠷᠴᠠᠭᠰᠠᠨ ᠭᠦᠷ ᠴᠠᠰᠤᠨ ᠴᠥᠮᠦᠷᠡᠭᠦ ᠰᠢᠠᠵᠢ ᠦᠭᠡᠶ᠂ ᠪᠢᠳᠡᠭᠦᠤ ᠰᠢᠷᠵᠢᠭᠢᠨᠠᠨ᠎ᠡ᠃ 《ᠬᠠᠷᠠᠭᠠᠯᠵᠠᠭᠴᠢ》 ᠨᠢ ᠠᠭᠤᠯᠠ ᠥᠵᠡᠭᠡᠳ ᠦᠭᠡᠶ 《ᠡᠭᠦᠯᠳᠡᠷ ᠰᠠᠢ᠌ᠳᠠᠢ》 ᠠᠮᠢᠳᠠᠨ ᠪᠣᠯᠬᠤᠷ ᠠᠷᠤ ᠳᠤ ᠬᠤᠴᠤᠷᠴᠠᠢ᠃

ᠲ᠋ᠠᠷᠠ ᠨᠢᠭᠡ ᠭᠦᠳᠦᠯ ᠳᠡᠭᠡᠷ᠎ᠡ ᠭᠠᠷᠬᠤ ᠳᠤ ᠭᠠᠳᠠᠴᠠ ᠳᠠᠯ᠎ᠠ ᠶᠢᠨ ᠪᠣᠷᠢᠶᠠᠭᠤᠯ ᠳᠤᠳᠤᠷ᠎ᠠ ᠳᠤᠷᠰ ᠭᠡᠵᠤ ᠶᠠᠭᠤᠮᠠᠨ ᠭᠦᠳᠡᠯᠦᠯ᠎ᠡ᠃ ᠴᠠᠰᠤᠨ ᠱᠤᠷ ᠱᠤᠷ ᠭᠡᠨ᠎ᠡ᠃

ᠪᠤᠤᠺᠠ ᠰᠠᠭᠤᠭᠠᠤᠨ ᠠᠪᠣᠯ᠎ᠠ᠃ ᠠᠮᠢᠰᠬᠤᠯ ᠶᠢᠡᠨ ᠳᠠᠷᠤᠵᠤ ᠰᠤᠷᠮᠤᠤᠰᠤᠨ ᠤ ᠪᠠᠨ ᠴᠠᠩ ᠢ ᠠᠷᠴᠢᠵᠤ ᠠᠵᠢᠭᠯᠠᠬᠤᠯ᠎ᠠ ᠵᠦᠷ᠎ᠡ ᠶᠢᠨ ᠨᠢᠯᠬ᠎ᠠ ᠢᠰᠢᠭᠡᠨ ᠪᠣᠷᠶᠠᠭᠤᠯ ᠤᠨ ᠭᠦᠯᠭᠡ ᠳᠡᠭᠦᠵᠤ ᠢᠳᠠᠵᠤ ᠪᠠᠢ᠌ᠨ᠎ᠠ᠃ ᠡᠭᠡ ᠨᠢ ᠥᠵᠡᠭ᠍ᠳᠡᠭᠦᠰᠢ᠃ ᠡ ᠮᠠᠨᠢ᠂ ᠡᠭᠡ ᠨᠢ ᠬᠠᠷᠭᠤᠨᠠᠵᠤ ᠥᠭᠦᠭ᠍ᠰᠡᠨ ᠪᠣᠯᠬᠤ ︖ ᠭᠡᠳ ᠠᠵᠢᠭᠯᠠᠭᠠᠤᠨ ᠣᠳᠠᠭᠠᠨ ᠰᠠᠭᠤᠯ᠎ᠠ᠃ ᠣᠭᠤᠷᠠᠭ ᠴᠠᠭᠠᠨ ᠭᠡᠭᠡᠨ ᠣᠷᠴᠢᠯᠠᠩ ᠢ ᠭᠡᠢ᠌ᠭᠦᠯᠪᠡ᠃ ᠴᠠᠭᠠᠨ ᠴᠠᠰᠤᠨ ᠳᠤᠳᠤᠷ᠎ᠠ ᠴᠠᠪ ᠴᠠᠭᠠᠨ ᠵᠦᠷ᠎ᠡ ᠢᠰᠢᠭᠡᠨ ᠤ ᠪᠠᠨ ᠤᠢ᠌ᠷ᠎ᠡ ᠪᠣᠷᠢᠶ᠎ᠠ ᠳᠡᠭᠦᠯᠢᠨ ᠭᠦᠯᠭᠡ ᠳᠠᠰᠤᠯᠤᠨ ᠢᠳᠠᠵᠤ ᠪᠠᠢ᠌ᠭ᠎ᠠ ᠥᠵᠡᠭ᠍ᠳᠡᠪᠡ᠃

《ᠨᠠᠢ᠂ ᠴᠠᠭᠠᠨ ᠵᠦᠷ᠎ᠡ ᠵᠢᠭᠢ᠃ ᠴᠠᠭᠠᠨ ᠵᠦᠷ᠎ᠡ ᠭᠡᠳᠡᠭ᠌ ᠭᠠᠵᠠᠷ ᠣᠰᠤᠨ ᠤ ᠣᠩᠭ᠋ᠤᠨ ᠠᠮᠢᠳᠠᠨ᠂ ᠴᠠᠭᠠᠨ ᠠᠪᠣ ᠶᠢᠨ ᠠᠮᠢᠨ ᠭᠡᠰᠢᠭ᠌ ᠭᠡᠳᠡᠭ᠌ ᠡᠰᠡ ᠪᠢᠯᠠ ᠦᠦ ⁈ ᠡᠨᠡ ᠳᠤᠮᠤ ᠳᠠᠷᠤᠭ᠎ᠠ ᠳᠤ ᠴᠠᠭᠠᠨ ᠠᠪᠣ ᠠᠮᠢᠨ ᠭᠡᠰᠢᠭ᠌ ᠶᠢᠡᠨ ᠬᠠᠢ᠌ᠷᠠᠯᠠᠵᠤ ᠪᠠᠢ᠌ᠬᠤ ᠨᠢ ᠦᠦ︖》 ᠭᠡᠵᠤ ᠪᠤᠤᠺᠠ ᠪᠣᠳᠤᠪᠠ᠃ 《 ᠦᠭᠡᠶ᠃ ᠳᠠᠭᠠᠭᠤᠯ᠎ᠡ᠂ ᠠᠮᠠᠨ ᠤ ᠬᠢᠨᠢ ᠠᠰᠠᠭᠠᠨ ᠠᠷᠢᠯᠤᠭᠠᠤᠨ ᠦᠭᠡᠶ ᠨᠢᠯᠬ᠎ᠠ ᠢᠰᠢᠭᠡ ᠶᠢ ᠨᠢ ᠨᠢᠳᠤᠨ ᠳᠤ ᠥᠵᠡᠭᠦᠯᠳᠡᠭ᠌ ᠨᠢ ᠶᠠᠭᠤ ᠪᠢᠯᠠ᠃ ᠦᠷ᠎ᠡ ᠠᠴᠢᠷ ᠲᠡᠶ ᠭᠦᠮᠤᠨ᠂ ᠡᠨᠡ ᠨᠢᠯᠬ᠎ᠠ ᠠᠮᠢᠳᠠᠨ ᠢ ᠦᠨᠦᠴᠢᠨ ᠬᠤᠴᠤᠷᠤᠭᠤᠯᠵᠤ ᠶᠠᠭᠠᠭᠢᠵᠤ ᠵᠤᠷᠢᠭᠯᠠᠨ᠎ᠠ︖》 ᠭᠡᠵᠤ ᠣᠷᠢᠳᠤᠭᠢ ᠪᠣᠳᠤᠯ ᠶᠢᠡᠨ ᠴᠤᠴᠠᠪᠠ᠃

ᠭᠠᠮᠰᠢᠭ ᠵᠤᠳ ᠲᠤ ᠥᠭᠦᠯ ᠦᠭᠡᠶ ᠴᠢᠳᠠᠭᠠᠤᠨ᠂ ᠭᠦᠷ ᠴᠠᠰᠤᠨ ᠳᠤᠳᠤᠷ᠎ᠠ ᠭᠡᠰᠡᠨ ᠴᠤ ᠭᠦᠭᠦᠭᠡ ᠶᠢᠨ ᠳᠠᠭᠤ ᠰᠤᠨᠤᠰᠬᠤ ᠵᠠᠶᠠᠭ᠎ᠠ ᠲᠡᠶ ᠡᠨᠡ ᠡᠭᠡ ᠦᠷᠠᠨ ᠬᠤᠶᠠᠷ ᠢ ᠬᠠᠷ᠎ᠠ ᠫᠣᠤ ᠶᠢᠨ ᠬᠠᠷᠠᠭᠤᠯ ᠳᠤ ᠠᠪᠬᠤ ᠣᠮᠤᠭ ᠭᠦᠰᠡᠯ ᠪᠤᠤᠺᠠ ᠳᠤ ᠦᠭᠡᠶ ᠪᠠᠢ᠌ᠪᠠ᠃ ᠶᠠᠭ ᠡᠨᠡ ᠦᠶ᠎ᠡ ᠳᠤ ᠳᠠᠷᠤᠭ᠎ᠠ ᠶᠢᠨ ᠳᠠᠭᠠᠭᠤᠯ᠂ ᠪᠤᠤᠺᠠ ᠶᠢᠨ 《ᠬᠠᠷᠠᠭᠠᠯᠵᠠᠭᠴᠢ》 ᠵᠠᠯᠠᠭᠤ ᠭᠦᠷᠴᠤ ᠢᠷᠡᠭᠡᠳ᠂ ᠳᠡᠭᠦᠨ ᠤ ᠬᠠᠵᠠᠭᠤ ᠳᠤ ᠰᠠᠭᠤᠪᠠ᠃

᠊᠊᠊᠊᠊᠊᠊᠊᠊᠊᠊᠊᠊᠊᠊ ᠠᠬ᠎ᠠ ᠳᠠ᠂ ᠬᠠᠷᠪᠣᠬᠤ ᠦᠭᠡᠶ ᠶᠠᠭᠤ ᠭᠢᠵᠤ ᠪᠠᠢ᠌ᠨ᠎ᠠ ᠳᠠ ⁈

᠊᠊᠊᠊᠊᠊᠊᠊᠊᠊᠊᠊᠊᠊᠊ ᠶᠠᠭᠤ ᠬᠠᠷᠪᠣᠳᠠᠭ ᠪᠢᠯᠠ ᠪᠢ︖

᠊᠊᠊᠊᠊᠊᠊᠊᠊᠊᠊᠊᠊᠊᠊ ᠮᠢᠨᠤ ᠦᠵᠡᠵᠤ ᠪᠠᠢ᠌ᠬᠤ ᠴᠠᠭᠠᠨ ᠵᠦᠷ᠎ᠡ ᠶᠢ ᠳᠠ ᠯᠠᠪ ᠦᠵᠡᠵᠤ ᠪᠠᠢ᠌ᠬᠤ ᠭᠡᠵᠤ ᠵᠠᠯᠠᠭᠤ ᠬᠠᠭᠢᠷ ᠳᠤᠤᠭᠠᠷᠪᠠ᠃

᠊᠊᠊᠊᠊᠊᠊᠊᠊᠊᠊᠊᠊᠊᠊ ᠣᠩᠭ᠋ᠤ ᠲᠡᠶ ᠠᠮᠢᠳᠠᠨ ᠳᠠᠷᠠ ᠴᠢᠨᠢ᠃ ᠠᠯᠠᠵᠤ ᠪᠣᠯᠳᠠᠭ ᠶᠠᠭᠤᠮᠠᠨ ᠪᠢᠰᠢ᠃

᠊᠊᠊᠊᠊᠊᠊᠊᠊᠊᠊᠊᠊᠊᠊ ᠮᠤᠬᠤᠷ ᠰᠥᠰᠦᠭ᠌᠃ ᠶᠠᠮᠠᠷ ᠣᠩᠭ᠋ᠤ ᠲᠡᠶ ᠠᠮᠢᠳᠠᠨ ᠪᠣᠯᠳᠠᠭ ᠪᠢᠯᠠ ⁈ ᠭᠦᠭ᠍ᠰᠢᠷᠡᠭᠡᠳ ᠴᠠᠢ᠌ᠵᠤ ᠣᠳᠤᠭᠰᠠᠨ ᠠᠮᠢᠳᠠᠨ᠃

᠊᠊᠊᠊᠊᠊᠊᠊᠊᠊᠊᠊᠊᠊᠊ ᠨᠢᠭᠦᠯ ᠪᠣᠯᠤᠨ᠎ᠠ᠃

ᠵᠠᠯᠠᠭᠤ ᠣᠮᠤᠭᠳᠠᠢ ᠪᠠᠷ ᠫᠣᠤ ᠪᠠᠨ ᠱᠠᠭᠠᠢ᠌ᠯ᠎ᠠ᠃ ᠵᠠᠯᠠᠭᠤ ᠶᠢᠨ ᠫᠣᠤ ᠶᠢᠨ ᠴᠠᠭᠢᠪ ᠳᠤᠱ ᠭᠡᠰᠡᠨ ᠪᠣᠯᠪᠠᠴᠤ ᠭᠠᠯ ᠠᠪᠣᠭᠰᠠᠨ ᠦᠭᠡᠶ᠃

᠊᠊᠊᠊᠊᠊᠊᠊᠊᠊᠊᠊᠊᠊᠊ ᠢᠱᠢ︕ ᠳᠠᠷᠢ ᠨᠢ ᠴᠢᠭᠢᠭ᠌ ᠳᠠᠳᠠᠭᠰᠠᠨ ᠪᠣᠯᠬᠤ ᠨᠢ ᠦᠦ︖ ᠭᠡᠵᠤ ᠵᠠᠯᠠᠭᠤ ᠪᠣᠷᠭᠢᠪᠠ᠃ ᠡᠢ᠌ᠮᠤ ᠰᠠᠢ᠌ᠬᠠᠨ᠂ ᠰᠢᠨ᠎ᠡ ᠴᠠᠭ ᠤᠨ ᠬᠤᠷᠳᠤᠨ ᠫᠣᠤ ᠶᠢᠨ ᠳᠠᠷᠢ ᠨᠢ ᠴᠢᠭᠢᠭ᠌ ᠳᠠᠳᠠᠨ᠎ᠠ ᠭᠡᠳᠡᠭ᠌ ᠶᠤᠰᠤᠨ ᠦᠭᠡᠶ᠃ ᠴᠠᠭᠠᠨ ᠵᠦᠷ᠎ᠡ ᠶᠢᠨ ᠷᠢᠳᠢ ᠰᠢᠳᠢ ᠳᠤ ᠫᠣᠤ ᠨᠢ ᠭᠠᠢ᠌ᠷᠠᠵᠤ ᠪᠠᠢ᠌ᠬᠤ ᠭᠡᠵᠤ ᠪᠤᠤᠺᠠ ᠪᠣᠳᠤᠵᠤ ᠵᠢᠷᠦᠭᠡ ᠳᠦᠭ᠍ᠰᠢᠪᠡ᠃

᠊᠊᠊᠊᠊᠊᠊᠊᠊᠊᠊᠊᠊᠊᠊ ᠪᠤᠤᠺᠠ᠂ ᠫᠣᠤ ᠪᠠᠨ ᠨᠠᠭᠠᠷᠤ ᠦᠭ‍ᠭᠦᠭ᠍ᠳᠤᠨ᠃ ᠳᠠᠨ ᠤ ᠵᠢᠷᠦᠭᠡᠨ ᠳᠤᠷᠰᠢᠬᠤ ᠦᠭᠡᠶ ᠪᠠᠢ᠌ᠬᠤᠯ᠎ᠠ ᠪᠢ ᠯᠠ ᠡᠳ᠋ ᠪᠣᠳᠢ ᠭᠢᠵᠤ ᠣᠷᠭᠢᠰᠤᠭᠠᠢ ᠭᠡᠵᠤ ᠫᠣᠤ ᠳᠠᠭᠠᠨ ᠬᠤᠷᠤᠰᠤᠭᠰᠠᠨ ᠵᠠᠯᠠᠭᠤ ᠭᠠᠯ ᠣᠮᠤᠭ ᠲᠠᠭᠠᠨ ᠭᠠᠷᠪᠠ᠃

《ᠠᠢ᠂ ᠶ‍ᠢᠷᠳᠢᠠᠴᠤ ᠮᠢᠨᠢ︕ ᠨᠢᠳᠤᠨᠤᠨ ᠭᠡᠷᠯᠡᠭ᠍ᠰᠡᠨ ᠡᠨᠡ ᠵᠠᠯᠠᠭᠤ ᠶᠢᠨ ᠭᠡᠷᠡᠯ ᠳ᠋ᠤᠨᠢ ᠣᠢ᠌ᠯᠠ ᠣᠶᠤᠮ᠎ᠠ᠂ ᠭᠡᠭᠡᠨ ᠳ᠋ᠤᠨᠢ ᠠᠳᠤᠭᠤ ᠮᠠᠨᠠᠮ᠎ᠠ ᠠᠷᠪᠠᠨ ᠨᠢ᠋ᠮᠠᠨ ᠨᠠᠰᠤᠳᠠᠢ ᠠᠪᠠᠯᠢ ᠭᠡᠷᠭᠡᠢ ᠨᠢ ᠠᠮᠠᠨ ᠳᠠᠭᠠᠨ ᠭᠦᠷᠦᠭ᠍ᠰᠡᠨ ᠭᠡᠳᠡᠰᠦᠳᠡᠢ ᠪᠠᠢ᠌ᠭ᠎ᠠ ᠶᠢ ᠨᠢ ᠶᠠᠭᠠᠭᠢᠶ᠎ᠠ᠂ ᠭᠠᠷᠬᠤ ᠳᠠᠭᠠᠨ ᠭᠦᠷᠦᠭ᠍ᠰᠡᠨ ᠠᠯᠠᠭ ᠦᠷ᠎ᠡ ᠶᠢ ᠨᠢ ᠶᠠᠭᠠᠭᠢᠶ᠎ᠠ︕ ᠡᠨᠡ ᠭᠦᠪᠠᠭᠦᠨ ᠴᠠᠭᠠᠨ ᠵᠦᠷ᠎ᠡ ᠶᠢ ᠣᠨᠠᠭᠠᠵᠤ ᠣᠷᠭᠢᠪᠠᠯ ᠳᠠᠳᠠᠨ ᠳ᠋ᠤᠨᠢ ᠠᠶᠤᠯ ᠪᠠᠷᠴᠢᠳ ᠪᠣᠯᠬᠤ ᠦᠭᠡᠶ ᠦᠦ︖》

ᠪᠤᠤᠺᠠ᠂ ᠡᠳᠡᠭᠡᠷ ᠢ ᠪᠣᠳᠤᠵᠤ᠂ ᠳᠠᠷᠤᠭ᠎ᠠ ᠶᠢᠨ ᠶᠢᠡᠨ ᠲᠦᠯᠦᠭᠡ ᠳᠤ ᠳᠠᠯᠠᠢ ᠳᠤ ᠣᠷᠤᠪᠠᠴᠤ ᠠᠶᠤᠬᠤ ᠳᠦᠷᠢ ᠦᠭᠡᠶ ᠵᠠᠯᠠᠭᠤ ᠶᠢ ᠥᠭᠡ ᠳᠡᠭᠡᠨ ᠣᠷᠤᠭᠤᠯᠵᠤ ᠴᠢᠳᠠᠰᠢ ᠦᠭᠡᠶ ᠳᠡᠭᠡᠨ ᠬᠠᠷᠠᠮᠰᠠᠵᠤ᠂ ᠠᠷᠭ᠎ᠠ ᠦᠭᠡᠶ ᠶᠢᠨ ᠭᠦᠴᠤᠨ ᠳᠤ᠂ ᠭᠡᠨᠡᠨ ᠠᠷᠳᠠᠭ ᠵᠠᠯᠠᠭᠤ ᠪᠠ ᠭᠡᠮ ᠦᠭᠡᠶ ᠡᠭᠡ ᠦᠷᠠᠨ ᠤ ᠨᠢᠭᠦᠯ ᠢ ᠨᠢᠮᠭᠡᠯᠡᠵᠤ᠂ ᠭᠢᠯᠢᠠᠴᠠ ᠶᠢ ᠨᠢ ᠪᠠᠶ᠎ᠠ ᠳᠡᠭᠡᠨ ᠠᠪᠰᠤᠭᠠᠢ ᠭᠡᠭᠦ ᠪᠣᠳᠤᠯ ᠶᠢᠡᠷ ᠣᠩᠭ᠋ᠤᠨ ᠴᠠᠭᠠᠨ ᠵᠦᠷ᠎ᠡ ᠳᠠᠯ᠎ᠠ ᠬᠠᠷ᠎ᠠ ᠫᠣᠤ ᠶᠢᠨ ᠠᠮᠠ ᠳᠤᠰᠬᠠᠪᠠ᠃ ᠳᠡᠭᠦᠨ ᠤ ᠭᠠᠷ ᠠᠩᠬ᠎ᠠ ᠣᠳᠠᠭ᠎ᠠ ᠪᠠᠨ ᠫᠣᠤ ᠳᠡᠯᠡᠳᠭᠦ ᠳᠤ ᠴᠠᠴᠠᠷᠠᠪᠠ᠃ ᠣᠳᠠᠵᠤ ᠪᠠᠢ᠌ᠭᠠᠤᠨ 《ᠪᠣᠷᠬᠠᠨ ᠮᠢᠨᠢ︕》 ᠭᠡᠵᠤ ᠵᠠᠯᠪᠠᠷᠢᠪᠠ᠃ ᠪᠠᠷᠠᠭᠤᠨ ᠭᠠᠷ ᠤᠨ ᠬᠢᠨᠢ ᠬᠤᠮᠤᠬᠠᠢ ᠬᠤᠷᠤᠭᠤᠨ ᠭᠤᠬ᠎ᠠ ᠳᠠᠳᠠᠪᠠ᠃

ᠭᠦᠴᠦᠳᠡᠢ ᠫᠣᠤ ᠶᠢᠨ ᠳᠠᠭᠤᠨ᠂ ᠨᠠᠮ ᠵᠢᠮ ᠣᠭᠴᠢᠨ ᠢ ᠴᠤᠴᠢᠭᠠᠵᠤ᠂ ᠳᠠᠷᠢ ᠶᠢᠨ ᠦᠨᠦᠷ ᠴᠡᠩᠭᠡᠭ᠌ ᠭᠦᠭᠡ ᠠᠭᠠᠷ ᠶᠢᠡᠷ ᠡᠯᠪᠠᠭ᠌ ᠳᠦᠭᠡᠨ ᠲ᠋ᠡᠷᠡᠪᠡ᠃ ᠪᠤᠤᠺᠠ ᠫᠣᠤ ᠪᠠᠨ ᠬᠠᠶᠠᠵᠤ᠂ ᠨᠢᠳᠤ ᠪᠠᠨ ᠠᠨᠢᠵᠤ ᠭᠡᠴᠡᠢ᠌ᠯᠳᠤᠨ ᠨᠠᠮ ᠳᠤᠰᠪᠠ᠃ ᠨᠢᠭᠦᠯᠳᠤ ᠰᠤᠮᠤ ᠨᠢ ᠭᠢᠯᠢᠠᠴᠠ ᠦᠭᠡᠶ ᠴᠠᠭᠠᠨ ᠵᠦᠷ᠎ᠡ ᠶᠢᠨ ᠪᠠᠷᠠᠭᠤᠨ ᠰᠡᠪᠠᠷᠡᠭᠡᠢ ᠪᠠᠷ ᠣᠳᠤᠭ᠎ᠠ ᠲᠡᠶ ᠪᠠᠨ ᠣᠷᠤᠭᠰᠠᠨ ᠢ ᠳᠡᠭᠦᠨ ᠤ ᠪᠦᠷᠭᠦᠤᠨ ᠨᠢᠳᠤᠨ ᠦᠵᠡᠵᠤ ᠠᠮᠵᠢᠭᠰᠠᠨ ᠡᠴᠠ ᠬᠠᠷᠠᠮᠰᠠᠯ ᠰᠡᠵᠢᠭ᠌ ᠤᠨ ᠶᠡᠭᠡ ᠨᠤᠷᠠᠭ ᠵᠢᠷᠦᠭᠡᠨ ᠡᠴᠡ ᠨᠢ ᠨᠤᠷᠠᠵᠤ ᠣᠬᠠᠭ᠎ᠠ ᠰᠡᠳᠭᠢᠯ ᠢ ᠨᠢ ᠨᠢᠴᠠ ᠳᠠᠷᠤᠵᠠᠢ᠃ ᠭᠤᠬ᠎ᠠ ᠳᠠᠳᠠᠭᠰᠠᠨ ᠬᠤᠷᠤᠭᠤᠨ ᠡᠴᠠ ᠨᠢ ᠡᠭᠢᠯᠡᠵᠤ ᠪᠠᠷᠠᠭᠤᠨ ᠭᠠᠷ ᠨᠢ ᠭᠦᠢᠳᠡᠷᠡᠵᠤ᠂ ᠣᠳᠠᠯ ᠦᠭᠡᠶ ᠮᠠᠳᠠᠷᠠᠯ ᠠᠯᠳᠠᠵᠤ ᠮᠦᠰᠤᠨ ᠪᠣᠯᠵᠠᠢ᠃

ᠭᠦᠶ‍ᠦᠵᠤ ᠶᠠᠪᠣᠭᠰᠠᠨ ᠵᠠᠯᠠᠭᠤ ᠣᠯᠵᠠ ᠪᠠᠨ ᠴᠢᠷᠦᠭᠡᠳ ᠢᠷᠠᠪᠠ᠃ ᠪᠤᠤᠺᠠ ᠨᠢᠳᠤ ᠪᠠᠨ ᠨᠡᠭᠡᠭᠡᠵᠤ ᠥᠵᠡᠭᠦ ᠡᠴᠡ ᠪᠠᠨ ᠰᠢᠷᠭᠢᠷᠠᠵᠤ ᠪᠠᠢ᠌ᠪᠠ᠃

᠊᠊᠊᠊᠊᠊᠊᠊᠊᠊᠊᠊᠊᠊᠊ ᠪᠤᠤᠺᠠ ᠠᠬ᠎ᠠ᠂ ᠡᠨᠡ ᠳᠠᠨᠢ ᠴᠠᠭᠠᠨ ᠵᠦᠷ᠎ᠡ ᠪᠢᠰᠢ ᠪᠣᠷᠤ ᠵᠦᠷ᠎ᠡ ᠵᠢᠭᠢ︕ ᠣᠳᠤᠬᠠᠨ ᠶᠠᠭᠠᠭᠢᠭᠠᠤᠨ ᠴᠠᠭᠠᠨ ᠥᠵᠡᠭ᠍ᠳᠡᠭᠡᠳ ᠪᠠᠢ᠌ᠭᠰᠠᠨ ᠪᠣᠢ︖

ᠡᠨᠡ ᠥᠭᠡ ᠶᠢ ᠰᠤᠨᠤᠰᠤᠭᠠᠤᠨ ᠪᠤᠤᠺᠠ ᠨᠢᠳᠤ ᠪᠠᠨ ᠨᠡᠭᠡᠭᠡᠪᠡ᠃ ᠰᠤᠨᠢᠨ᠂ ᠬᠠᠷᠪᠣᠬᠤ ᠳᠤ ᠴᠠᠭᠠᠨ ᠪᠠᠢ᠌ᠭᠰᠠᠨ ᠶᠠᠭᠤᠮᠠᠨ ᠣᠳᠤ ᠶᠠᠭᠠᠭᠢᠭᠠᠳ ᠪᠣᠷᠤ ᠪᠣᠯᠵᠤ ᠣᠤᠠᠪᠠ︖

᠊᠊᠊᠊᠊᠊᠊᠊᠊᠊᠊᠊᠊᠊᠊ ᠠᠢ᠌ᠯᠠᠳᠬᠠᠯ ᠲᠡᠶ ᠴᠠᠭᠠᠨ ᠵᠦᠷ᠎ᠡ ᠥᠭᠦᠭᠦᠯ᠎ᠡ ᠷᠢᠳᠢ ᠰᠢᠳᠢ ᠨᠢ ᠳᠡᠭ᠍ᠷᠢ ᠳᠤ ᠮᠤᠷᠳᠠᠵᠤ᠂ ᠴᠢ ᠪᠢᠳᠠᠨ ᠬᠤᠶᠠᠷ ᠲᠤ ᠰᠦᠯᠳᠡᠷ ᠶᠢᠡᠨ ᠬᠠᠶᠠᠭᠠᠤᠨ ᠥᠭ᠍ᠴᠤ ᠪᠢᠰᠢ ᠦᠦ︕

᠊᠊᠊᠊᠊᠊᠊᠊᠊᠊᠊᠊᠊᠊᠊ ᠠᠢ᠂ ᠪᠤᠤᠺᠠ ᠠᠬ᠎ᠠ᠃ ᠪᠢᠳᠡᠭᠡᠢ ᠮᠤᠬᠤᠷ ᠰᠥᠰᠦᠭ᠌ ᠤᠨ ᠶᠠᠭᠤᠮ᠎ᠠ ᠪᠠᠨ ᠶᠠᠷᠢᠭᠠᠤᠨ ᠪᠠᠢ᠃ ᠦᠷᠯᠦᠭᠡ ᠶᠢᠨ ᠭᠦᠢᠳᠡᠨ ᠳᠤ ᠴᠠᠩ ᠳᠠᠳᠠᠭᠠᠤᠨ ᠴᠠᠢ᠌ᠵᠤ ᠣᠳᠤᠭᠰᠠᠨ ᠵᠦᠷ᠎ᠡ ᠡᠰᠡ ᠪᠣᠯᠬᠤ ᠪᠣᠢ᠃ ᠣᠳᠤ ᠴᠠᠩ ᠨᠢ ᠠᠷᠢᠯᠵᠤ ᠣᠳᠤᠭᠰᠠᠨ ᠪᠠᠢ᠌ᠬᠤ ᠦᠭᠡᠶ ᠦᠦ︕

᠊᠊᠊᠊᠊᠊᠊᠊᠊᠊᠊᠊᠊᠊᠊ ᠳᠡᠭᠡᠭᠡᠳ ᠢᠰᠢᠭᠡ ᠨᠢ ᠶᠠᠭᠠᠭᠢᠭᠠᠤᠨ ᠴᠠᠩ ᠳᠠᠳᠠᠵᠤ ᠴᠠᠢ᠌ᠭᠰᠠᠨ ᠦᠭᠡᠶ ᠪᠣᠢ︖

᠊᠊᠊᠊᠊᠊᠊᠊᠊᠊᠊᠊᠊᠊᠊ ᠳᠠᠷᠠ ᠦᠦ︖ ᠡᠭᠡ ᠶᠢᠨ ᠶᠢᠡᠨ ᠡᠯᠢᠭᠡᠨ ᠳᠤᠤᠷ᠎ᠠ ᠪᠠᠢ᠌ᠭᠰᠠᠨ ᠪᠣᠯᠬᠤᠷ ᠴᠠᠩ ᠳᠠᠳᠠᠬᠤ ᠶᠤᠰᠤ ᠦᠭᠡᠶ᠃

᠊᠊᠊᠊᠊᠊᠊᠊᠊᠊᠊᠊᠊᠊᠊ ᠮᠠᠷᠭᠤᠵᠤ ᠶᠠᠭᠠᠭᠢᠬᠤ ᠪᠣᠢ︕ ᠬᠠᠷᠢᠶ᠎ᠠ︕

ᠡᠳᠡᠨ ᠤ ᠥᠭᠡ ᠢᠩᠭᠢᠵᠤ ᠳᠡᠭᠦᠰᠦᠭᠡᠳ ᠵᠦᠷ᠎ᠡ ᠪᠡᠨ ᠠᠪᠣᠭᠠᠤᠨ ᠶᠠᠪᠣᠵᠠᠢ᠃

ᠲ᠋ᠠᠷᠠ ᠡᠳᠦᠷ ᠡᠴᠡ ᠡᠭᠢᠯᠡᠨ ᠪᠤᠤᠺᠠ ᠶᠢᠨ ᠪᠠᠷᠠᠭᠤᠨ ᠭᠠᠷ ᠳᠤᠯᠠᠭᠠᠴᠠᠭᠰᠠᠨ ᠦᠭᠡᠶ᠂ ᠵᠤᠨ ᠪᠣᠯᠬᠤ ᠳᠤ ᠪᠦᠷ ᠬᠠᠪᠣᠤᠠᠴᠤ᠂ ᠵᠢᠯ ᠰᠢᠬᠠᠮ ᠡᠮᠨᠡᠭᠦᠯᠵᠤ ᠠᠷᠠᠢ ᠡᠳᠡᠭᠡᠭ᠍ᠰᠡᠨ ᠪᠣᠯᠪᠠᠴᠤ᠂ ᠳᠠᠷᠠ ᠭᠠᠷ ᠤᠨ ᠬᠢᠨᠢ ᠪᠣᠯᠴᠢᠩ ᠮᠢᠬᠠᠨ ᠪᠦᠷ ᠣᠷᠤᠰᠴᠤ ᠦᠭᠡᠶ ᠪᠣᠯᠤᠭᠠᠤᠨ ᠭᠡᠯᠭᠢᠶ᠎ᠡ ᠲᠡᠶ ᠶᠠᠰᠤᠨ᠂ ᠭᠡᠳᠤᠨ ᠰᠢᠷᠪᠣᠰᠤᠨ ᠪᠣᠯᠵᠤ ᠦᠯᠠᠳᠠᠵᠠᠢ᠃

ᠰᠠᠶ‍ᠢᠭᠢ ᠵᠠᠯᠠᠭᠤ ᠶᠢᠨ ᠭᠡᠷᠭᠡᠢ ᠭᠦᠩᠭᠡᠵᠢᠯᠳᠡ ᠳᠡᠭᠡᠨ ᠪᠠᠷᠭᠡᠳᠡᠵᠤ᠂ ᠠᠰᠠᠭ᠎ᠠ ᠲᠡᠶ ᠨᠢᠯᠬ᠎ᠠ ᠦᠷ᠎ᠡ ᠪᠠᠨ ᠣᠷᠴᠢᠯᠠᠩ ᠳᠤ ᠦᠨᠦᠴᠢᠨ ᠬᠠᠶᠠᠵᠤ ᠨᠠᠰᠤ ᠪᠠᠷᠠᠵᠠᠢ᠃ ᠡᠭᠦᠨ ᠢ ᠨᠢᠭᠦᠯ ᠤᠨ ᠦᠷ᠎ᠡ ᠭᠡᠵᠤ ᠭᠠᠭᠴᠠ ᠪᠤᠤᠺᠠ ᠯᠠ ᠪᠣᠳᠤᠵᠤ ᠵᠤᠪᠠᠵᠠᠢ᠃

ᠣᠯᠠᠨ ᠵᠢᠯ ᠥᠩᠭᠡᠷᠡᠭᠦ ᠳᠤ ᠨᠠᠮ ᠵᠠᠰᠠᠭ ᠤᠨ ᠪᠠᠢ᠌ᠭᠠᠯᠢ᠂ ᠠᠩ ᠠᠮᠢᠳᠠᠨ ᠢ ᠬᠠᠮᠠᠭᠠᠯᠠᠬᠤ ᠠᠴᠢᠳᠤ ᠪᠣᠳᠤᠯᠭ᠎ᠠ ᠭᠦᠴᠦᠳᠤ ᠬᠠᠤᠯᠢ ᠶᠢᠨ ᠢᠪᠠᠭᠡᠯ ᠶᠢᠡᠷ ᠠᠭᠤᠯᠠ ᠣᠭᠴᠢᠨ ᠭᠤᠪᠢ ᠴᠠᠢ᠌ᠳᠠᠮ ᠶᠢᠡᠷ ᠳᠠᠭᠢᠨ ᠠᠩ ᠠᠮᠢᠳᠠᠨ ᠪᠢᠭ᠍ᠰᠢᠵᠤ ᠢᠷᠡᠭᠦ ᠳᠤ ᠪᠤᠤᠺᠠ ᠡᠪᠦᠭᠡᠨ ᠳᠠᠷᠠ ᠵᠢᠯ ᠤᠨ ᠴᠠᠭᠠᠨ ᠵᠦᠷ᠎ᠡ ᠶᠢᠨ ᠳᠤᠬᠠᠢ ᠭᠠᠰᠠᠯ ᠲᠡᠶ ᠥᠯᠢᠭᠡᠷ ᠶᠢᠡᠨ ᠮᠠᠷᠳᠠᠬᠤ ᠰᠢᠬᠠᠵᠤ᠂ ᠣᠭ ᠳᠤᠬᠤᠮ ᠤᠨ ᠵᠢᠯᠪᠢ ᠪᠠᠬ᠎ᠠ ᠳᠤ ᠭᠦᠳᠦᠯᠦᠭ᠍ᠳᠡᠨ᠂ ᠬᠠᠷ᠎ᠠ ᠫᠣᠤ ᠪᠠᠨ ᠵᠡᠭᠦᠨ ᠡᠭᠡᠮ᠎ᠡ ᠳᠡᠭᠡᠨ ᠠᠪᠴᠤ ᠱᠠᠭᠠᠢ᠌ᠬᠤ ᠡᠷᠳᠡᠮ ᠰᠤᠷᠴᠤ ᠪᠢᠯᠠ᠃ ᠭᠡᠪᠠᠴᠤ ᠨᠢᠭᠦᠯ ᠲᠡᠶ ᠠᠩ ᠭᠦᠷᠦᠭᠡ ᠭᠢᠵᠤ᠂ ᠭᠢᠯᠢᠠᠴᠠ ᠬᠤᠷᠢᠶᠠᠭᠰᠠᠨ ᠦᠭᠡᠶ ᠡᠨᠡ ᠡᠳᠦᠷ ᠲᠤ ᠭᠦᠷᠴᠡᠢ ᠁

ᠪᠤᠤᠺᠠ ᠡᠪᠦᠭᠡᠨ ᠤ ᠪᠣᠳᠤᠯ ᠢ ᠭᠡᠨᠡᠳᠲᠡ ᠪᠢᠳᠡᠭᠦᠤ ᠬᠤᠭᠤᠷᠠᠬᠤ ᠪᠣᠷᠭᠠᠰᠤᠨ ᠤ ᠴᠢᠮᠡᠭᠡᠨ ᠳᠠᠰᠤᠯᠪᠠ᠃ ᠠᠯᠠᠭᠠᠨ ᠳᠡᠭᠡᠷ᠎ᠡ ᠪᠠᠢ᠌ᠨ᠎ᠠ ᠭᠡᠮᠡᠷ ᠤᠢ᠌ᠷᠠᠬᠠᠨ᠂ ᠢᠯᠠ ᠳᠤᠳᠤ ᠴᠤᠯ ᠤᠨ ᠴᠠᠭᠠᠨ᠎ᠠ ᠳᠠᠯ᠎ᠠ ᠶᠢᠨ ᠮᠤᠳᠤᠨ ᠳᠤᠳᠤᠷ᠎ᠠ ᠴᠢᠮᠡᠭᠡᠨ ᠭᠠᠷᠴᠠᠢ᠃ ᠪᠤᠤᠺᠠ ᠡᠪᠦᠭᠡᠨ ᠤᠨ ᠪᠦᠷᠭᠦᠤᠨ ᠨᠢᠳᠤ ᠭᠢᠯᠢᠪᠭᠢᠪᠠ᠃ ᠣᠳᠠᠯ ᠦᠭᠡᠶ᠂ ᠨᠢᠯᠬ᠎ᠠ ᠨᠤᠭᠤᠭ᠎ᠠ ᠶᠢ ᠵᠤᠭᠰᠤᠭ᠎ᠠ ᠵᠠᠢ ᠦᠭᠡᠶ ᠳᠠᠰᠤᠯᠤᠭᠰᠠᠨ ᠭᠡᠪ ᠶᠢᠡᠷ ᠶᠢᠡᠨ ᠨᠢᠭᠡ ᠴᠠᠭᠠᠨ ᠵᠦᠷ᠎ᠡ ᠴᠤᠯ ᠳᠤ ᠭᠠᠷᠴᠤ ᠢᠷᠠᠪᠠ᠃ ᠨᠤᠪ ᠨᠤᠭᠤᠭᠠᠨ ᠴᠤᠯ ᠳᠤ ᠴᠠᠪ ᠴᠠᠭᠠᠨ ᠵᠦᠷ᠎ᠡ ᠬᠠᠶᠠ ᠨᠢᠭᠡ ᠰᠤᠷᠳᠤᠯᠵᠠᠵᠤ ᠣᠷᠭᠢᠭᠠᠤᠨ ᠨᠤᠭᠤᠭ᠎ᠠ ᠬᠠᠵᠠᠬᠤ ᠨᠢ ᠦᠷᠯᠦᠭᠡ ᠶᠢᠨ ᠭᠦᠭᠡ ᠴᠡᠩᠭᠡᠷ ᠭᠡᠭᠡᠨ ᠳᠤ ᠠᠶᠤᠮᠠᠷ ᠳᠤᠳᠤ᠃

ᠣᠷᠴᠢᠮ ᠤᠨ ᠵᠢᠯ ᠳᠤ ᠠᠩ ᠠᠮᠢᠳᠠᠨ ᠤ ᠶᠠᠭᠤ ᠶᠢ ᠨᠢ ᠢᠳᠡᠭᠦᠯ᠎ᠡ ᠢᠳᠡᠭ᠍ᠰᠡᠨ ᠭᠦᠮᠤᠨ ᠤ ᠶᠠᠭ ᠳᠠᠷᠠ ᠡᠷᠭᠡᠳᠡᠨ ᠳ᠋ᠤᠨᠢ ᠳᠤᠰᠠ ᠪᠣᠯᠤᠨ᠎ᠠ ᠭᠡᠳᠡᠭ᠌ ᠬᠠᠴᠢᠨ ᠰᠤᠷᠭᠠᠯ ᠭᠦᠯ ᠦᠭᠡᠶ ᠳᠦᠭᠡᠵᠤ᠂ ᠠᠩ ᠤᠨ ᠵᠣᠢ᠌ᠯ ᠤᠨ ᠦᠨ᠎ᠡ ᠡᠷᠡᠰ ᠦᠰᠴᠦ ᠬᠤᠯᠠᠭᠠᠢ ᠪᠠᠷ ᠠᠩᠨᠠᠭᠴᠢ ᠴᠤ ᠣᠯᠠᠰᠢᠷᠠᠵᠠᠢ᠃

ᠨᠢᠳᠤᠨᠤᠨ ᠨᠠᠮᠤᠷ ᠤᠨ ᠡᠴᠠ ᠡᠭᠢᠯᠡᠨ 《ᠭᠦᠷᠡᠩ ᠰᠠᠢ᠌ᠳᠤ ᠶᠢᠨ ᠪᠢᠳᠡᠭᠦᠤ ᠳᠤ ᠴᠠᠭᠠᠨ ᠵᠦᠷ᠎ᠡ ᠥᠵᠡᠭ᠍ᠳᠡᠯ᠎ᠡ》 ᠭᠡᠳᠡᠭ᠌ ᠥᠭᠡ ᠪᠤᠤᠺᠠ ᠡᠪᠦᠭᠡᠨ ᠤ ᠴᠢᠭᠢᠨ ᠳᠤ ᠨᠢᠭᠡ ᠪᠢᠰᠢ ᠰᠤᠨᠤᠰᠤᠭᠳᠠᠵᠠᠢ᠃ ᠡᠪᠦᠭᠡᠨ ᠪᠠᠷ 《ᠠᠩ ᠭᠦᠷᠦᠭᠡ ᠣᠯᠠᠰᠢᠷᠠᠵᠤ ᠪᠠᠢ᠌ᠭᠠᠯᠢ ᠣᠷᠴᠢᠯᠠᠩ ᠳᠠᠢ᠌ᠪᠣᠩ ᠪᠣᠯᠵᠤ ᠦᠨᠢᠷ ᠦᠰᠴᠦ ᠪᠠᠢ᠌ᠬᠤ ᠳᠤᠯᠠ ᠴᠠᠭᠠᠨ ᠵᠦᠷ᠎ᠡ ᠰᠠᠢ᠌ᠨ ᠢᠷᠸ᠎ᠠ ᠪᠠᠷ ᠢᠯᠠᠷᠠᠵᠤ ᠪᠠᠢ᠌ᠨ᠎ᠠ᠂ ᠨᠤᠳᠤᠭ ᠤᠨ ᠳᠠᠮᠪᠠᠷᠠᠯ ︕》 ᠭᠡᠵᠤ ᠵᠣᠢ᠌ᠴᠢᠯᠠᠨ᠂ ᠳᠤᠳᠤᠷ᠎ᠠ ᠪᠠᠨ ᠪᠠᠶᠠᠰᠴᠤ ᠪᠠᠢ᠌ᠵᠠᠢ᠃ ᠡᠭᠦᠨ ᠯᠦᠭᠡ ᠬᠠᠮᠳᠤ 《ᠨᠢᠭᠡ ᠴᠠᠭᠠᠨ ᠵᠦᠷ᠎ᠡ ᠶᠢ ᠲᠦᠮᠡᠨ ᠶᠤᠸᠠᠨ ᠶᠢᠡᠷ ᠠᠪᠣᠨ᠎ᠠ ᠪᠢ ᠭᠡᠵᠤ ᠨᠢᠭᠡ ᠮᠠᠢ᠌ᠮᠠᠢ᠌ᠴᠢᠨ ᠢᠷᠠᠵᠤ ᠭᠡᠨ᠎ᠡ》 ᠭᠡᠭᠦ ᠮᠠᠭᠤ ᠴᠢᠮᠡᠭᠡ ᠴᠤ ᠰᠤᠨᠤᠰᠴᠤ ᠪᠦᠭᠡᠷ᠎ᠡ ᠨᠢ ᠬᠤᠷᠤᠰᠴᠠᠢ᠃

ᠪᠤᠤᠺᠠ ᠡᠪᠦᠭᠡᠨ ᠨᠤᠭᠤᠭᠠᠨ ᠴᠤᠯ ᠳ᠋ᠠᠭᠢ ᠴᠠᠭᠠᠨ ᠵᠦᠷ᠎ᠡ ᠶᠢ ᠳᠤᠷᠠᠠᠳᠠᠪᠠ᠃ ᠬᠤᠶᠠᠷ ᠪᠦᠭᠡᠷ᠎ᠡ ᠨᠢ ᠮᠤᠠᠳᠣᠢ᠌ᠭᠰᠠᠨ ᠶᠡᠭᠡ ᠯᠠ ᠭᠡᠳᠡᠰᠤ ᠲᠡᠶ ᠪᠠᠢ᠌ᠨ᠎ᠠ᠃ 《ᠡᠨᠡ ᠵᠦᠷ᠎ᠡ ᠢᠭᠢᠷᠯᠡᠭᠦ ᠶᠠᠩᠵᠤᠳᠠᠢ᠂ ᠭᠦᠭᠡᠷᠦᠭᠦᠢ》 ᠭᠡᠵᠤ ᠡᠪᠦᠭᠡᠨ ᠪᠠᠶᠠᠰᠤᠨ ᠢᠨᠢᠶᠡᠮᠰᠦᠭᠯᠡᠪᠡ᠃ ᠳᠡᠭᠡᠳᠡᠯ᠎ᠡ ᠪᠠᠷᠠᠭᠤᠨ ᠭᠦᠪᠠᠭᠡ ᠳᠤ ᠳᠤᠷᠰ ᠭᠡᠵᠤ ᠭᠦᠮᠤᠨ ᠤ ᠳᠤᠯᠤᠭᠠᠢ ᠴᠤᠬᠤᠯᠵᠠᠪᠠ᠃

《ᠵᠠ᠂ ᠢᠷᠠᠪᠠ》 ᠡᠪᠦᠭᠡᠨ ᠰᠢᠳᠤ ᠵᠠᠭᠤᠵᠤ ᠦᠨᠳᠠᠢ᠌ᠪᠠ᠃ ᠳᠠᠭᠢᠨ ᠪᠣᠯᠳᠠᠪᠠ᠃

ᠦᠴᠦᠭᠡᠳᠦᠷ ᠰᠦᠨᠢ᠂ ᠬᠤᠰᠢᠶ᠎ᠠ ᠠᠢ᠌ᠯ ᠳᠤ ᠳᠠᠭᠤᠤ ᠬᠤᠭᠤᠷ ᠪᠣᠯᠵᠤ ᠪᠠᠢ᠌ᠭᠠᠤᠨ ᠣᠯᠤᠰ ᠣᠠᠳᠠᠭᠰᠠᠨ ᠤ ᠳᠠᠷᠠᠭ᠎ᠠ ᠨᠠᠮᠵᠢᠵᠠᠢ᠃ ᠨᠠᠢ᠌ᠷ ᠰᠠᠭᠤᠳᠠᠯ ᠡᠴᠠ ᠬᠠᠯᠠᠭᠤᠨ ᠬᠠᠷᠢᠵᠤ ᠢᠷᠡᠭ᠍ᠰᠡᠨ ᠭᠦᠪᠠᠭᠦᠨ ᠨᠢ᠂ ᠳᠦᠭ᠍ᠰᠢᠭ᠍ᠰᠡᠨ ᠴᠢᠷᠠᠢ ᠲᠡᠶ ᠠᠪᠣ ᠶᠢᠨ ᠶᠢᠡᠨ ᠭᠡᠷ ᠲᠤ ᠣᠷᠤᠵᠤ ᠢᠷᠡᠭᠡᠳ᠄ 《ᠠᠪᠣ᠂ ᠣᠳᠤ ᠶᠠᠭᠠᠭᠢᠶ᠎ᠠ᠃ ᠴᠠᠭᠠᠨ᠎ᠠ ᠳᠠᠨᠢ ᠪᠠᠯᠭᠠᠰᠤᠨ ᠡᠴᠠ ᠪᠠᠯᠳᠠᠨ ᠤ ᠪᠠᠯᠳᠠᠷ ᠢᠷᠠᠵᠠᠢ᠃ ᠬᠠᠮ ᠳᠠᠭᠠᠨ ᠰᠠᠭᠤᠪᠠ ᠪᠢᠳᠠᠨ᠃ ᠴᠠᠭᠠᠨ ᠵᠦᠷ᠎ᠡ ᠠᠩᠨᠠᠬᠤ ᠪᠠᠷ ᠢᠷᠡᠭ᠍ᠰᠡᠨ ᠥᠭᠡ ᠭᠡᠯᠡᠵᠤ ᠪᠠᠢ᠌ᠨ᠎ᠠ᠃ ᠪᠦᠷ ᠠᠤᠲ᠋ᠤᠮᠤᠲ᠋ ᠫᠣᠤ ᠲᠡᠶ ᠢᠷᠠᠵᠠᠢ᠃》 ᠭᠡᠵᠤ ᠮᠠᠭᠤ ᠴᠢᠮᠡᠭᠡ ᠭᠡᠯᠡᠵᠡᠢ᠃

᠊᠊᠊᠊᠊᠊᠊᠊᠊᠊᠊᠊᠊᠊᠊ ᠭᠡᠵᠢᠶ᠎ᠡ ᠠᠩ ᠳᠤ ᠭᠠᠷᠬᠤ ᠶᠠᠩᠵᠤᠳᠠᠢ︖

᠊᠊᠊᠊᠊᠊᠊᠊᠊᠊᠊᠊᠊᠊᠊ ᠢᠷᠡᠭᠦ ᠦᠷᠯᠦᠭᠡ ᠮᠤᠷᠳᠠᠬᠤ ᠶᠠᠩᠵᠤᠳᠠᠢ᠃

᠊᠊᠊᠊᠊᠊᠊᠊᠊᠊᠊᠊᠊᠊᠊ ᠠᠮᠢ ᠪᠠᠨ ᠠᠯᠳᠠ︕

ᠡᠨᠡ ᠴᠢᠮᠡᠭᠡᠨ ᠳᠤ ᠠᠭᠤᠷᠯᠠᠭᠰᠠᠨ ᠡᠪᠦᠭᠡᠨ ᠭᠦᠪᠠᠭᠦᠨ ᠶᠢᠡᠨ ᠣᠭᠢᠵᠤ ᠬᠠᠷᠢᠭᠤᠯᠤᠭᠰᠠᠨ ᠡᠴᠠ ᠬᠣᠢ᠌ᠷᠤ ᠣᠠᠳᠠᠵᠤ ᠴᠢᠳᠠᠭᠰᠠᠨ ᠦᠭᠡᠶ᠃ ᠳᠡᠭᠦᠤ ᠬᠠᠷᠠᠩᠭ᠋ᠤᠢ ᠪᠠᠷ ᠪᠣᠰᠴᠤ ᠬᠠᠭᠤᠴᠢᠨ ᠬᠠᠷ᠎ᠠ ᠫᠣᠤ ᠪᠠᠨ ᠠᠪᠣᠭᠠᠤᠨ ᠮᠤᠷᠳᠠᠵᠠᠢ᠃

ᠡᠨᠡ ᠭᠦᠷᠳᠡᠯ᠎ᠡ ᠪᠣᠳᠤᠭᠠᠤᠨ ᠡᠪᠦᠭᠡᠨ ᠤ ᠠᠭᠤᠷ ᠪᠣᠴᠠᠯᠵᠤ 《ᠳᠦᠢ᠌᠂ ᠨᠤᠬᠠᠢ ᠶᠢᠨ ᠭᠢᠴᠢᠭ᠌》 ᠭᠡᠳ ᠭᠠᠵᠠᠷ ᠨᠤᠯᠮᠤᠬᠤ ᠳᠤ ᠭᠦᠳᠡᠯᠵᠤ ᠪᠠᠢ᠌ᠭᠰᠠᠨ ᠨᠢᠭᠡ ᠡᠭᠦᠳᠡᠨ ᠰᠢᠳᠤ ᠨᠢ ᠦᠰᠦᠷᠴᠠᠢ᠃ ᠡᠪᠦᠭᠡᠨ ᠰᠢᠳᠤ ᠪᠠᠨ ᠣᠪᠠᠢ᠌ᠯᠠᠭᠰᠠᠨ ᠴᠤ ᠦᠭᠡᠶ᠃

ᠪᠠᠯᠳᠠᠨ ᠭᠡᠭ᠍ᠴᠢ ᠪᠣᠯ ᠪᠤᠤᠺᠠ ᠶᠢ ᠰᠢᠬᠠᠵᠤ ᠪᠠᠢ᠌ᠭᠠᠤᠨ ᠴᠠᠭᠠᠨ ᠵᠦᠷ᠎ᠡ ᠬᠠᠷᠪᠣᠭᠤᠯᠤᠭᠰᠠᠨ ᠭᠡᠵᠢᠶᠡᠨ ᠤ ᠭᠢ ᠳᠠᠷᠠ ᠵᠠᠯᠠᠭᠤ ᠪᠠᠢ᠌ᠵᠠᠢ᠃ ᠪᠠᠯᠳᠠᠨ ᠤ ᠪᠠᠯᠳᠠᠷ ᠭᠡᠳᠡᠭ᠌ ᠨᠢ ᠰᠠᠶ‍ᠢᠭᠢ ᠴᠠᠭᠠᠨ ᠵᠦᠷ᠎ᠡ ᠶᠢᠨ ᠨᠢᠭᠦᠯ ᠳᠤ ᠡᠭᠡ ᠪᠠᠨ ᠠᠯᠳᠠᠵᠤ ᠠᠰᠠᠭ᠎ᠠ ᠲᠡᠶ ᠭᠡᠪ ᠶᠢᠡᠷ ᠶᠢᠡᠨ ᠦᠨᠦᠴᠢᠨ ᠬᠤᠴᠤᠷᠤᠭᠰᠠᠨ ᠳᠠᠷᠠ ᠨᠢᠯᠬ᠎ᠠ ᠠᠮᠢᠳᠠᠨ ᠪᠣᠯᠤᠨ᠎ᠠ᠃ ᠣᠳᠤ ᠥᠰᠦᠭᠡᠳ ᠪᠣᠰᠤᠭᠠᠤᠨ ᠢᠷᠡᠭᠦᠯᠡᠷ ᠶᠢᠡᠨ ᠡᠴᠢᠭᠡ ᠶᠢᠨ ᠶᠢᠡᠨ ᠭᠢᠭ᠍ᠰᠡᠨ ᠭᠢᠯᠢᠠᠴᠠ ᠶᠢ ᠳᠠᠪᠳᠠᠬᠤ ᠪᠠᠷ ᠪᠠᠢ᠌ᠬᠤ ᠳᠤ ᠡᠪᠦᠭᠡᠨ ᠤ ᠵᠢᠷᠦᠭᠡ ᠱᠠᠷᠭᠢᠷᠠᠵᠠᠢ᠃

ᠪᠤᠤᠺᠠ ᠡᠪᠦᠭᠡᠨ ᠪᠠᠷᠠᠭᠤᠨ ᠭᠦᠪᠠᠭᠡ ᠳᠠᠯ᠎ᠠ ᠳᠠᠭᠢᠨ ᠳᠤᠷᠠᠠᠳᠠᠪᠠ᠃ ᠨᠢᠮᠭᠡᠨ ᠴᠠᠭᠠᠨ ᠵᠠᠯᠠᠭᠤ ᠡᠪ ᠲᠡᠶ ᠮᠥᠯᠭᠦᠵᠤ ᠪᠠᠢ᠌ᠨ᠎ᠠ᠃ ᠰᠢᠪ ᠰᠢᠨ᠎ᠡ ᠠᠤᠲ᠋ᠤᠮᠤᠲ᠋ ᠫᠣᠤ ᠶᠢᠨ ᠣᠪᠣᠭ᠎ᠠ ᠳᠡᠭᠡᠷ᠎ᠡ ᠨᠢ ᠳᠤᠷᠠᠨᠤᠧᠨ ᠣᠭᠯᠠᠵᠠᠢ᠃

《ᠪᠠᠯᠳᠠᠨ ᠤ ᠭᠦᠪᠠᠭᠦᠨ ᠴᠢᠳᠠᠵᠤ ᠪᠠᠢ᠌ᠨ᠎ᠠ ᠴᠢ︕》 ᠭᠡᠵᠤ ᠡᠪᠦᠭᠡᠨ ᠢ ᠭᠦᠷᠦᠭᠡ ᠭᠦᠷᠥᠢᠪᠡ᠃ ᠳᠤᠷᠠᠨ ᠶᠢᠡᠨ ᠨᠢᠳᠤᠨ ᠡᠴᠡ ᠪᠠᠨ ᠰᠠᠯᠭᠠᠭᠰᠠᠨ ᠦᠭᠡᠶ᠃

《ᠰᠥᠭᠦᠷᠦᠯ᠎ᠡ︕ ᠁ ᠬᠤᠵᠤᠤᠯ᠎ᠠ ᠳᠡᠭᠡᠷ᠎ᠡ ᠫᠣᠤ ᠪᠠᠨ ᠳᠠᠯᠪᠢᠪᠠ ᠁ ᠱᠠᠭᠠᠢ᠌ᠪᠠ︕》 ᠡᠪᠦᠭᠡᠨ ᠳᠤᠷᠠᠨ ᠶᠢᠡᠨ ᠬᠠᠶᠠᠪᠠ᠃

《ᠣᠳᠤ ᠯᠠ ᠦᠵᠡ︕》 ᠭᠡᠵᠤ ᠡᠪᠦᠭᠡᠨ ᠫᠣᠤ ᠪᠠᠨ ᠰᠢᠭᠦᠷᠡᠵᠤ ᠠᠪᠣᠭᠠᠤᠨ ᠳᠠᠯᠠᠪᠠ ᠁

《ᠨᠢᠷᠳ᠋》 ᠭᠡᠭᠦ ᠫᠣᠤ ᠶᠢᠨ ᠳᠠᠭᠤᠨ ᠨᠠᠮ ᠵᠢᠮ ᠣᠷᠴᠢᠯᠠᠩ ᠢ ᠳᠠᠰ ᠴᠤᠴᠢᠭᠠᠪᠠ᠃

ᠴᠠᠭᠠᠨ ᠵᠦᠷ᠎ᠡ ᠴᠠᠭᠢᠯᠠᠨ ᠦᠰᠦᠷᠴᠤ ᠮᠤᠳᠤᠨ ᠶᠢᠡᠷ ᠰᠢᠷᠭᠤᠵᠤ ᠠᠷᠢᠯᠪᠠ᠃

ᠡᠪᠦᠭᠡᠨ ᠳᠠᠯᠪᠠᠯᠵᠠᠵᠤ ᠢᠷᠡᠭᠡᠳ ᠫᠣᠤ ᠪᠠᠨ ᠠᠯᠳᠠᠯᠠᠭᠰᠠᠨ ᠭᠡᠪ ᠶᠢᠡᠷ ᠶᠢᠡᠨ ᠭᠡᠳᠡᠷᠭᠦ ᠣᠨᠠᠪᠠ᠃

ᠦᠷᠯᠦᠭᠡ ᠶᠢᠨ ᠨᠠᠮ ᠵᠢᠮ ᠣᠷᠴᠢᠯᠠᠩ ᠢ ᠴᠤᠴᠢᠭᠠᠭᠰᠠᠨ ᠭᠠᠭᠴᠠ ᠫᠣᠤ ᠶᠢᠨ ᠳᠠᠭᠤᠨ ᠬᠠᠳᠠ ᠡᠴᠠ ᠬᠠᠳᠠ ᠳᠤ ᠬᠠᠷᠭᠠᠢ ᠡᠴᠠ ᠬᠠᠷᠭᠠᠢ ᠳᠤ ᠳᠠᠮᠵᠢᠨ ᠴᠤᠤᠷᠢᠶᠠᠳᠤᠵᠤ ᠶᠠᠮᠠᠷ ᠨᠢᠭᠡ ᠵᠣᠢ᠌ᠯ ᠢ ᠡᠨᠡ ᠳᠡᠯᠡᠭᠡᠢ ᠳᠤ ᠳᠤᠩᠬᠠᠭᠯᠠᠨ ᠴᠡᠭᠡᠷᠯᠡᠭᠦᠯᠵᠤ ᠪᠠᠢ᠌ᠭ᠎ᠠ ᠮᠠᠳᠤ ᠣᠳᠠᠭᠠᠨ ᠦᠷᠭᠦᠯᠵᠢᠯᠡᠪᠡ᠃

ᠫᠣᠤ ᠶᠢᠨ ᠳᠠᠭᠤᠨ ᠵᠠᠮᠬᠠᠷᠠᠵᠤ᠂ ᠳᠠᠷᠢ ᠶᠢᠨ ᠣᠳᠤᠭ᠎ᠠ ᠰᠠᠷᠨᠢᠭᠰᠠᠨ ᠤ ᠳᠠᠷᠠᠭ᠎ᠠ ᠥᠵᠡᠭᠦᠯ᠎ᠡ ᠴᠢᠷᠠᠢ ᠨᠢ ᠦᠨᠡᠰᠤᠨ ᠭᠦᠭᠡ ᠪᠣᠯᠤᠭᠰᠠᠨ ᠨᠢᠮᠭᠡᠨ ᠴᠠᠭᠠᠨ ᠵᠠᠯᠠᠭᠤ 《ᠴᠠᠭᠠᠨ ᠵᠦᠷ᠎ᠡ ᠶᠢᠨ ᠰᠠᠭᠢᠭᠤᠰᠤᠨ ᠴᠤᠭᠢᠪᠠ︕ ᠴᠠᠭᠠᠨ ᠵᠦᠷ᠎ᠡ ᠶᠢᠨ ᠰᠠᠭᠢᠭᠤᠰᠤᠨ ᠴᠤᠭᠢᠪᠠ︕》 ᠭᠡᠮᠡᠨ ᠭᠠᠷᠢᠭᠳᠠᠢ ᠶᠠᠭᠤᠮᠠᠨ ᠰᠢᠭ ᠪᠠᠷᠭᠢᠷᠠᠨ ᠣᠨᠤᠨ ᠰᠠᠪᠠᠨ ᠠᠭᠤᠯᠠ ᠡᠴᠠ ᠪᠠᠭᠤᠵᠤ ᠶᠠᠪᠣᠬᠤ ᠥᠵᠡᠭ᠍ᠳᠡᠨ᠎ᠡ᠃ ᠡᠪᠦᠭᠡᠨ ᠤ ᠬᠠᠷ᠎ᠠ ᠫᠣᠤ ᠶᠢᠨ ᠬᠤᠷᠭᠤᠯᠵᠢᠨ ᠰᠤᠮᠤᠨ ᠳᠤ ᠳᠠᠰᠤ ᠥᠰᠦᠷᠦᠭ᠍ᠰᠡᠨ ᠳᠤᠷᠠᠨ᠂ ᠪᠠᠯᠪᠠ ᠳᠤᠰᠤᠭᠰᠠᠨ ᠵᠠᠮᠤᠭ ᠤᠨ ᠬᠠᠮᠳᠤ ᠰᠢᠪ ᠰᠢᠨ᠎ᠡ ᠠᠤᠲ᠋ᠤᠮᠤᠲ᠋ ᠫᠣᠤ ᠭᠡᠭᠡᠷ᠎ᠡ ᠭᠡᠪᠳᠡᠨ᠎ᠡ᠃


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠦᠷᠤᠮᠴᠢ ᠬᠤᠳᠠ

ᠵᠤᠬᠢᠶᠠᠭᠴᠢ᠄ ᠪᠠ᠊·ᠵᠠᠰᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9233
ᠴᠠᠭ᠄ 2011 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ