ᠨᠡᠪᠲᠡᠷᠡᠨ ᠤᠷᠤᠬᠤ
ᠪᠣᠳᠤᠯ ᠳᠤ ᠮᠥᠩᠭᠡᠷᠡᠭᠦ ᠡᠷᠭᠢᠴᠡᠭᠦᠯᠦᠯ

ᠪᠣᠷᠤ ᠤᠯᠠᠭᠠᠨ ᠵᠢᠷᠦᠭᠡ ᠪᠣᠯᠤᠨ

ᠪᠣᠷᠭᠢᠯᠤᠭᠰᠠᠨ ᠬᠠᠯᠠᠭᠤᠨ ᠴᠢᠰᠤ ᠲᠡᠶ ᠪᠠᠨ

ᠪᠣᠳᠤᠯ ᠬᠠᠢ᠌ᠷ᠎ᠠ ᠶᠢᠨ ᠳᠤᠷᠭᠠᠨ ᠳᠤ ᠪᠠᠭᠯᠠᠭᠠᠤᠨ

ᠳᠠᠩᠭᠢᠯ ᠴᠤᠭᠳᠠᠢ ᠨᠠᠰᠤᠨ ᠳ᠋ᠠᠭᠠᠨ

ᠳᠠᠩᠨᠠᠢ ᠶᠢᠨ ᠭᠤᠷᠪᠠᠨ ᠰᠤᠳᠠᠰᠤ ᠰᠢᠭ

ᠳᠠᠭᠠᠷᠠᠯᠴᠠᠵᠤ ᠶᠠᠪᠣᠭᠰᠠᠨ ᠴᠢᠮ᠎ᠠ ᠳ᠋ᠠᠭᠠᠨ

ᠤᠷᠤᠨ ᠵᠠᠢ ᠡᠴᠡ ᠳᠦᠪᠠᠭ᠍ᠰᠢᠶᠡᠯ ᠥᠭᠡᠢ

ᠤᠯᠦᠯ ᠠᠯᠳᠠᠯ ᠡᠴᠡ ᠳᠦᠳᠡᠭᠡᠯᠵᠡᠯ ᠥᠭᠡᠢ

ᠤᠮᠤᠭ ᠰᠦᠷ ᠡᠴᠡ ᠰᠦᠷᠳᠠᠯ ᠥᠭᠡᠢ

ᠭᠦᠮᠤᠨ ᠪᠣᠯᠬᠤ ᠶᠢᠨ ᠡᠦᠭᠦᠷᠡᠭ ᠬᠠᠢ᠌ᠷ᠎ᠠ ᠳᠠᠢ

ᠭᠦᠯᠦᠭ᠌ ᠪᠣᠯᠬᠤ ᠶᠢᠨ ᠤᠭ ᠰᠦᠯᠳᠡ ᠳᠠᠢ

ᠭᠦᠡᠳᠦᠳᠭᠡᠨ ᠳᠡᠭᠡᠵᠢᠯᠡᠵᠤ ᠪᠠᠷᠢᠵᠤ ᠪᠠᠢ᠌ᠨ᠎ᠠ

ᠢᠯᠠᠮ ᠥᠭᠡᠢ ᠭᠡᠷᠡᠭ᠌ ᠲᠤ ᠭᠤᠮᠤᠳᠠᠨ

ᠢᠯᠳᠠᠷ ᠥᠭᠡᠢ ᠵᠢᠮᠠᠯᠠᠯ ᠢ ᠴᠢᠨᠢ ᠪᠣᠳᠤᠭ᠎ᠠ ᠥᠭᠡᠢ

ᠢᠳᠡᠭᠡᠯ ᠶᠢᠠᠷ ᠮᠥᠰᠢᠶᠡᠭᠦ ᠰᠡᠳᠭᠢᠯ ᠳᠠᠢ

ᠢᠷᠡᠭᠡᠳ ᠭᠦᠭᠡᠷᠡᠭ᠍ᠰᠡᠨ ᠢ ᠴᠢᠨᠢ ᠰᠠᠨᠠᠨ᠎ᠠ

ᠭᠦᠮᠤᠨ ᠤ ᠥᠭᠡ ᠪᠠᠷ ᠭᠦᠭᠯᠦᠭ᠍ᠰᠡᠨ ᠳᠡᠷᠭᠡ ᠰᠢᠭ᠌

ᠭᠦᠢᠳᠦᠮᠰᠡᠭ᠌ ᠤᠪᠦᠷᠳᠠᠭᠰᠠᠨ ᠢ ᠴᠢᠨᠢ ᠰᠠᠨᠠᠭ᠎ᠠ ᠥᠭᠡᠢ

ᠭᠦᠭᠡ ᠤᠪᠤᠭ ᠲᠡᠶ ᠳᠤᠭᠤᠯ ᠤᠳ ᠭᠡᠵᠤ

ᠭᠦᠭ᠍ᠰᠡᠵᠤ ᠶᠠᠪᠣᠭᠰᠠᠨ ᠡᠳ ᠰᠠᠷ᠎ᠠ ᠪᠠᠨ ᠪᠣᠳᠤᠨ᠎ᠠ

ᠭᠤᠷᠪᠠᠭᠤᠯᠠ ᠪᠢᠳᠠ ᠶᠠᠭᠠᠭᠢᠭᠰᠠᠨ ᠠᠳᠠᠯᠢ ᠭᠡᠵᠤ

ᠭᠤᠳᠤᠷᠤᠭᠰᠠᠨ ᠳᠡᠦᠭᠡ ᠪᠠᠨ ᠮᠠᠷᠳᠠᠭ᠎ᠠ ᠥᠭᠡᠢ

ᠭᠤᠶᠤ ᠮᠠᠰᠢᠨ ᠲᠡᠶ ᠶᠠᠪᠣᠭ᠎ᠠ ᠶᠢ ᠴᠢᠨᠢ ᠬᠠᠷᠠᠭᠠᠤᠨ

ᠭᠤᠳᠤᠮᠵᠢ ᠶᠢᠨ ᠮᠤᠬᠤᠷ ᠲᠠᠭᠠᠨ ᠤᠮᠤᠭᠰᠢᠵᠤ ᠰᠠᠭᠤᠳᠠᠭ ᠡ

ᠤᠬᠠᠭᠠᠨ ᠤ ᠪᠢᠳᠡᠭᠦᠤ ᠳᠠᠭᠠᠨ ᠤᠷᠤᠭᠤᠳᠠᠯ᠎ᠠ ᠭᠡᠵᠤ

ᠤᠴᠡᠷᠬᠤ ᠪᠦᠭᠦᠨ ᠳᠤ ᠭᠡᠯᠡᠯ᠎ᠡ ᠭᠡᠵᠤ ᠵᠢᠮᠡᠯᠡᠭᠡ ᠥᠭᠡᠢ

ᠥᠵᠡᠭᠦ ᠪᠣᠯᠭᠠᠨ ᠢᠨᠢᠶᠠᠳᠤ ᠠᠯᠳᠠᠳᠠᠭ

ᠥᠨᠡᠡᠴᠢ ᠴᠢᠷᠠᠢ ᠶᠢ ᠴᠢᠨᠢ ᠭᠡᠵᠢᠶᠡᠳᠡ ᠰᠠᠨᠠᠨ᠎ᠠ

ᠭᠠᠴᠢᠭᠳᠠᠬᠤ ᠶᠢᠨ ᠥᠵᠦᠭᠦᠷ ᠰᠠᠷᠪᠠᠢ᠌ᠭᠰᠠᠨ ᠭᠠᠷ ᠳᠤ

ᠭᠠᠭᠴᠠᠬᠠᠨ ᠮᠥᠭᠦᠯᠢᠭ᠌ ᠥᠭᠡᠢ ᠭᠡᠵᠤ ᠭᠤᠮᠤᠳᠤᠭ᠎ᠠ ᠥᠭᠡᠢ

ᠭᠠᠵᠠᠷ ᠨᠤᠳᠤᠭ ᠲᠠᠭᠠᠨ ᠠᠯᠳᠠᠷᠳᠠᠢ

ᠭᠠᠷᠭᠠᠮᠠᠢ᠌ᠯᠠᠵᠤ ᠶᠠᠪᠣᠭ᠎ᠠ ᠳᠤ ᠴᠢᠨᠢ ᠪᠠᠶᠠᠰᠤᠨ᠎ᠠ

ᠨᠠᠰᠤᠨ ᠳᠠᠭᠠᠨ ᠪᠢᠳᠠ ᠨᠠᠢ᠌ᠵᠠᠯᠠᠵᠤ ᠶᠠᠪᠣᠶ᠎ᠠ ᠭᠡᠵᠤ

ᠨᠠᠩᠵᠢᠳ ᠤᠤᠭᠤᠭᠰᠠᠨ ᠶᠢᠡᠨ ᠮᠠᠷᠳᠠᠭ᠎ᠠ ᠥᠭᠡᠢ

ᠨᠠᠭᠠᠭᠤᠷ ᠴᠠᠭᠠᠭᠤᠷ ᠡᠷᠭᠢᠯᠳᠦᠭᠦ ᠶᠢ ᠴᠢᠨᠢ ᠬᠠᠷᠠᠭᠠᠤᠨ

ᠨᠡᠳᠡᠭᠡᠷ ᠥᠷᠦᠭᠡ ᠳᠡᠭᠡᠨ ᠭᠤᠳᠤᠷᠠᠵᠤ ᠰᠠᠭᠤᠳᠠᠭ ᠡ

ᠳᠤᠭᠤᠰᠤᠳᠤ ᠡᠨᠡ ᠽᠠᠠᠪᠣᠳᠢᠪ ᠲᠤ

ᠳᠤᠭᠠᠳᠠᠢ᠌ᠬᠠᠨ ᠭᠡᠳᠤᠨ ᠰᠠᠷ᠎ᠠ ᠡᠳᠦᠷ ᠰᠠᠭᠤᠬᠤ ᠪᠠᠷ

ᠳᠤᠯᠭ᠎ᠠ ᠴᠠᠢ ᠪᠠᠨ ᠠᠮᠳᠠᠯᠠᠭ᠎ᠠ ᠥᠭᠡᠢ

ᠲᠤᠩ ᠶᠠᠭᠠᠷᠠᠤ ᠢᠷᠠᠯ᠎ᠠ ᠰᠢᠤ ᠪᠢᠳᠠ

ᠠᠯᠳᠠ ᠮᠥᠩᠭᠦ ᠡᠷᠭᠡ ᠰᠦᠷ

ᠠᠮᠢᠳᠤᠷᠠᠯ ᠤᠨ ᠳᠠᠪᠳᠠᠯᠳᠠ ᠶᠢ ᠳᠠᠪᠠᠳᠠᠭ ᠥᠭᠡᠢ

ᠠᠯᠠᠭ ᠬᠤᠷᠸ᠎ᠠ ᠶᠢᠨ ᠡᠷᠢᠶᠡᠨ ᠳᠤᠭᠤᠰᠤᠨ ᠳ᠋ᠤ

ᠠᠠᠳᠠ ᠲᠡᠶ ᠶᠠᠪᠣᠬᠤ ᠵᠢᠷᠭᠠᠯ ᠰᠢᠤ

ᠮᠥᠩᠭᠦ ᠪᠠᠷ ᠬᠤᠯᠪᠣᠬᠤ ᠢᠨᠠᠭ ᠬᠠᠢ᠌ᠷ᠎ᠠ ᠵᠢᠨ

ᠮᠥᠭᠦᠯ ᠤᠨ ᠥᠵᠦᠭᠦᠷ ᠨᠢ ᠤᠬᠤᠷ ᠶᠤᠮ

ᠮᠡᠭᠡᠯ ᠶᠢᠡᠷ ᠬᠠᠷᠢᠴᠠᠬᠤ ᠬᠠᠨᠢ ᠨᠠᠢ᠌ᠵᠠ ᠵᠢᠨ

ᠮᠠᠷᠭᠤᠵᠤ ᠰᠠᠯᠬᠤ ᠨᠢ ᠳᠦᠷᠭᠡᠨ ᠶᠤᠮ

ᠪᠣᠷᠤ ᠤᠯᠠᠭᠠᠨ ᠵᠢᠷᠦᠭᠡ ᠪᠣᠯᠤᠨ

ᠪᠣᠷᠭᠢᠯᠤᠭᠰᠠᠨ ᠬᠠᠯᠠᠭᠤᠨ ᠴᠢᠰᠤ ᠲᠡᠶ ᠪᠠᠨ

ᠪᠣᠳᠤᠯ ᠮᠥᠷᠦᠭᠡᠳᠦᠯ ᠤᠨ ᠬᠠᠳᠠᠭ ᠳᠠᠢ

ᠪᠣᠭᠤᠨᠢ ᠰᠠᠷᠠᠪᠴᠢᠨ ᠳᠠᠭᠠᠨ ᠭᠦᠯᠢᠶᠡᠵᠤ ᠪᠠᠢ᠌ᠨ᠎ᠠ

ᠨᠡᠢ᠌ᠭᠡᠮ ᠤᠨ ᠰᠠᠢ᠌ᠬᠠᠨ ᠳᠤ ᠭᠢᠯᠠᠷᠠᠵᠤ ᠶᠠᠪᠣᠭ᠎ᠠ

ᠨᠠᠰᠤᠨ ᠳᠤᠮᠳᠠ ᠳᠠᠭᠠᠨ ᠵᠢᠷᠭᠠᠵᠤ ᠶᠠᠪᠣᠭ᠎ᠠ

ᠨᠠᠷᠭᠢᠮ᠎ᠠ ᠥᠢᠯᠡᠰ ᠶᠢᠡᠨ ᠮᠠᠠᠳᠤᠭᠤᠯᠵᠤ ᠶᠠᠪᠣᠭ᠎ᠠ

ᠨᠠᠢ᠌ᠳᠠ ᠳᠡᠭᠡᠨ ᠭᠦᠷᠢᠶᠡᠯ ᠲᠡᠶ ᠨᠠᠢ᠌ᠵᠠ ᠮᠢᠨᠢ

ᠪᠣᠯᠪᠠᠷᠠᠢ ᠪᠠᠭ᠎ᠠ ᠶᠢᠨ ᠤᠨᠠᠭᠠᠨ ᠬᠠᠢ᠌ᠷ᠎ᠠ ᠳᠠᠢ

ᠪᠣᠯᠭᠢᠬᠤ ᠵᠠᠯᠠᠭᠤ ᠶᠢᠨ ᠤᠷᠤᠭ᠎ᠠ ᠤᠮᠤᠭ ᠳᠠᠢ

ᠪᠣᠳᠤᠯ ᠳᠤ ᠮᠥᠩᠭᠡᠷᠡᠭᠦ ᠡᠷᠭᠢᠴᠡᠭᠦᠯᠦᠯ ᠳᠠᠢ

ᠪᠣᠷᠤ ᠭᠡᠷ ᠲᠤ ᠮᠢᠨᠢ ᠢᠷᠡᠭᠡᠰᠡᠢ ᠳ᠋ᠠ


᠊᠊᠊᠊᠊᠊᠊᠊᠊᠊᠊᠊᠊᠊᠊ ᠲᠦᠩᠯᠢᠶᠤᠤ ᠬᠤᠳᠠᠨ᠎ᠠ

2009-5-26

ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2714
ᠴᠠᠭ᠄ 2009 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ