ᠨᠡᠪᠲᠡᠷᠡᠨ ᠤᠷᠤᠬᠤ
ᠰᠢᠯᠦᠭ᠌ ᠪᠣᠶᠤ ᠰᠢᠯᠦᠭ᠍ᠴᠢ ᠶᠢᠨ ᠳᠤᠬᠠᠢ

ᠰᠢᠯᠦᠭ᠌ ᠤᠨ ᠳᠤᠬᠠᠢ ᠰᠤᠯᠠ ᠥᠭᠡ


ᠰᠢᠯᠦᠭ᠌ ᠭᠡᠭ᠍ᠴᠢ ᠰᠠᠢ᠌ᠬᠠᠨ ᠶᠤᠮ᠂

ᠰᠢᠯᠦᠭᠯᠡᠨ᠎ᠡ ᠭᠡᠭ᠍ᠴᠢ ᠵᠤᠪᠠᠯᠠᠩ ᠶᠤᠮ᠃

ᠵᠤᠪᠠᠯᠠᠩ ᠢ ᠨᠢ ᠮᠡᠳᠡᠭ᠍ᠰᠡᠨ ᠭᠦᠮᠤᠨ

ᠵᠢᠷᠭᠠᠯ ᠢ ᠨᠢ ᠯᠠᠪ ᠡᠳ᠋ᠯᠡᠭᠦ ᠶᠤᠮ᠂

ᠵᠢᠯᠤᠭᠤ ᠳᠠᠳᠠᠯ ᠦᠭᠡᠶ ᠳᠠᠪᠰᠢᠪᠠᠯ

ᠵᠤᠷᠢᠭᠰᠠᠨ ᠳᠠᠭᠠᠨ ᠪᠠᠳᠤᠳᠠᠢ ᠭᠦᠷᠭᠦ ᠶᠤᠮ᠃


ᠵᠠᠩ


ᠬᠠᠳᠠᠨ ᠤ ᠪᠠᠨ ᠳᠡᠭᠡᠭᠦᠷ ᠬᠠᠷᠠᠢ᠌ᠭᠠᠤᠨ ᠪᠠᠢ᠌ᠳᠠᠭ ᠨᠢ

ᠬᠠᠠᠳᠠᠭᠠᠢ ᠪᠣᠭᠤ ᠶᠢᠨ ᠵᠠᠩ ᠶᠤᠮ ᠡ᠂

ᠬᠠᠠᠳᠤᠭᠰᠠᠨ ᠵᠥᠭ᠌ ᠲᠡᠭᠡᠨ ᠳᠡᠮᠦᠯᠦᠭᠡᠳ ᠪᠠᠢ᠌ᠳᠠᠭ ᠨᠢ

ᠬᠠᠵᠠᠭ ᠰᠢᠯᠦᠭ᠍ᠴᠢ ᠶᠢᠨ ᠵᠠᠩ ᠶᠤᠮ ᠡ᠃

ᠨᠠᠭᠤᠷ ᠶᠢᠡᠨ ᠳᠤᠭᠤᠷᠢᠨ ᠨᠢᠰᠦᠭᠡᠳ ᠪᠠᠢ᠌ᠳᠠᠭ ᠨᠢ

ᠨᠤᠭᠤᠰᠤ ᠭᠠᠯᠠᠭᠤᠨ ᠤ ᠵᠠᠩ ᠶᠤᠮ ᠡ᠂

ᠨᠤᠳᠤᠭ ᠶᠢᠡᠨ ᠴᠢᠭᠯᠡᠨ ᠵᠢᠦᠡᠭᠦᠭᠡᠳ ᠪᠠᠢ᠌ᠳᠠᠭ ᠨᠢ

ᠨᠤᠮᠤᠬᠠᠨ ᠰᠢᠯᠦᠭ᠍ᠴᠢ ᠶᠢᠨ ᠵᠠᠩ ᠶᠤᠮ ᠡ᠃


ᠨᠢᠭᠡᠨ ᠰᠢᠯᠦᠭ᠍ᠴᠢ ᠶᠢᠨ ᠥᠭᠡ


ᠵᠤᠷᠢᠭᠰᠠᠨ ᠣᠢ᠌ᠯᠠᠰ ᠵᠦᠪ ᠪᠣᠯᠪᠠᠰᠤ

ᠵᠢᠯᠤᠭᠤ ᠳᠠᠰᠤᠷᠠᠬᠤ ᠡᠴᠡ ᠠᠶᠤᠬᠤ ᠶᠠᠭᠤᠨ ⁈

ᠵᠤᠪᠠᠯ ᠵᠦᠳᠡᠷᠡᠯ ᠢ ᠭᠡᠳᠦᠢ ᠠᠮᠰᠠᠭᠰᠠᠨ ᠢ

ᠵᠤᠷᠢᠭᠳᠤ ᠮᠠᠨ ᠤ ᠬᠣᠢ᠌ᠴᠢᠰ ᠳᠤᠩᠭ᠋ᠠᠨᠠᠮ ᠶᠤ︕


1986.7.25 ᠊᠊᠊᠊᠊᠊᠊᠊᠊᠊᠊᠊᠊᠊᠊ 1986.8.15 ᠳ᠋ᠤ ᠪᠢᠴᠢᠭ᠍ᠰᠡᠨ ᠨᠡᠢ᠌ᠳᠡᠯᠡᠭᠦᠯᠦᠭᠡ ᠦᠭᠡᠶ ᠰᠢᠯᠦᠭ᠌ ᠤᠳ᠃

ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2622
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ