ᠨᠡᠪᠲᠡᠷᠡᠨ ᠤᠷᠤᠬᠤ
ᠰᠢᠭᠦᠳᠡᠷᠢ

ᠡᠪᠠᠰᠤᠨ ᠤ ᠨᠠᠮᠠᠭᠠᠨ ᠳᠤ ᠪᠦᠮᠪᠦᠷᠢᠭ᠍ᠰᠡᠨ

ᠥᠷᠯᠦᠭᠡ ᠶᠢᠨ ᠭᠡᠪᠠᠷᠡᠭ᠍‍ᠭᠡᠨ ᠰᠢᠭᠦᠳᠡᠷᠢ

ᠦᠷ᠎ᠡ ᠳᠡᠭᠡᠨ ᠢᠪᠢᠯᠦᠭ᠍ᠰᠡᠨ ᠡᠭᠡᠴᠦᠦᠯ ᠤᠨ

ᠥᠷᠦᠪᠴᠢᠭᠡᠨ ᠡᠮᠵᠡᠭ᠍‍ᠭᠡᠨ ᠰᠠᠤᠠᠭᠢᠯ ᠦᠦ︖

ᠥᠵᠦᠭᠦᠷ ᠡᠪᠠᠰᠤᠨ ᠤ ᠨᠠᠮᠠᠭ᠎ᠠ ᠰᠢᠭᠦᠷᠡᠭᠡᠤᠨ

ᠥᠷᠯᠦᠭᠡ ᠶᠢᠨ ᠰᠢᠭᠦᠳᠡᠷᠢ ᠭᠢᠯᠪᠠᠬᠤ ᠶᠤᠮ

ᠰᠡᠷᠮᠡᠭᠦᠭᠡᠨ ᠴᠡᠮᠴᠡᠭᠡᠷ ᠪᠦᠮᠪᠦᠯᠵᠡᠴᠢᠭᠡᠭ᠍ᠰᠡᠨ

ᠰᠠᠤᠠᠭᠢᠯ ᠤᠨ ᠬᠠᠢ᠌ᠷ᠎ᠠ ᠪᠠᠨ ᠢᠪᠢᠯᠭᠡᠭᠦ ᠶᠤᠮ᠃

ᠰᠢᠭᠦᠳᠡᠷᠢ ᠡᠮᠭᠦᠭ᠍ᠰᠡᠨ ᠰᠡᠵᠢᠭᠦᠷ ᠡᠪᠠᠰᠤ

ᠰᠡᠷᠭᠦᠯᠡᠩ ᠳᠡᠭ᠍ᠵᠢᠨ ᠰᠡᠪᠠᠯᠵᠡᠴᠢᠭᠡᠭ᠍ᠰᠡᠨ

ᠰᠦᠨ ᠳᠡᠭᠡᠨ ᠴᠠᠳᠤᠭᠰᠠᠨ ᠭᠡᠦᠭᠡᠤᠨ ᠰᠢᠭ᠌

ᠰᠦᠨᠢ ᠶᠢᠨ ᠡᠪᠦᠷ ᠲᠤ ᠡᠷᠭᠡᠯᠡᠭᠦ ᠶᠤᠮ᠃

ᠨᠠᠮᠬᠠᠨ ᠪᠠᠶ᠎ᠠ ᠲᠡᠶ ᠡᠪᠠᠰᠤ ᠭᠡᠵᠤ

ᠨᠠᠷᠠᠨ ᠤ ᠣᠤᠠᠬᠤᠨ ᠦᠷ᠎ᠡ ᠨᠢ ᠪᠠᠢ᠌ᠵᠠᠢ

ᠨᠠᠮᠠᠭᠠᠨ ᠳᠤ ᠨᠢ ᠬᠤᠨᠤᠭᠰᠠᠨ ᠰᠢᠭᠦᠳᠡᠷᠢ ᠭᠡᠵᠤ

ᠨᠠᠷᠠᠭᠤᠯ ᠡᠭᠡ ᠶᠢᠨ ᠭᠢᠨᠢ ᠰᠠᠤᠠᠭᠢᠯ ᠪᠠᠢ᠌ᠵᠠᠢ᠃

ᠣᠶᠠᠩᠭ᠋᠎ᠠ ᠢᠷᠠᠭᠤᠬᠠᠨ ᠳᠠᠭᠤᠤ ᠪᠠᠷ

ᠦᠷ᠎ᠡ ᠪᠠᠨ ᠡᠪᠠᠢ᠌ᠯᠡᠭᠡ ᠡᠵᠢ ᠶᠢᠨ ᠭᠢᠨᠢ

ᠣᠨᠠᠭᠠᠭᠰᠠᠨ ᠣᠶᠠᠬᠠᠨ ᠪᠦᠪᠠᠢ ᠨᠢ

ᠡᠪᠠᠰᠤᠨ ᠤ ᠨᠠᠮᠠᠭᠠᠨ ᠳᠤ ᠳᠤᠭᠳᠠᠴᠢᠬᠠᠵᠠᠢ᠃

ᠮᠠᠨᠠᠭᠠᠨ ᠡᠴᠡ ᠢᠷᠡᠭᠦ ᠳᠡᠭᠡᠨ ᠠᠬ᠎ᠠ ᠮᠢᠨᠢ

ᠮᠠᠨᠠᠷᠠᠭᠠᠨ ᠴᠤᠭ‍ᠭᠢᠭᠤᠯᠬᠤ ᠪᠠᠨ ᠪᠠᠢ ᠯᠠ ᠳ᠋ᠠ

ᠪᠣᠯᠤᠷ ᠰᠢᠭ ᠮᠡᠯᠳᠡᠷᠡᠭᠡ ᠡᠭᠡ ᠶᠢᠨ ᠰᠠᠤᠠᠭᠢᠯ ᠢ

ᠪᠣᠳᠠᠷᠠᠭᠠᠵᠤ ᠬᠠᠶᠠᠬᠤ ᠡᠴᠡ ᠪᠣᠯᠭᠤᠮᠵᠢᠯᠠ ᠳ᠋ᠠ︕

ᠬᠤᠨᠢᠨ ᠳᠠᠭᠠᠨ ᠶᠠᠪᠣᠬᠤ ᠳᠠᠭᠠᠨ ᠡᠭᠡᠴᠢ ᠮᠢᠨᠢ

ᠬᠤᠷᠮᠤᠢ ᠪᠠᠨ ᠡᠷᠭᠦᠰᠭᠢᠭᠡᠤᠨ ᠶᠠᠪᠣᠯ ᠳ᠋ᠠ

ᠳᠤᠷᠳᠤᠭ ᠦᠭᠡᠶ ᠡᠭᠡ ᠶᠢᠨ ᠰᠠᠤᠠᠭᠢᠯ ᠳ᠋ᠤ

ᠳᠤᠭᠤᠰᠤ ᠣᠨᠠᠭᠠᠬᠤ ᠶᠢ ᠭᠢᠴᠢᠶᠠ ᠳ᠋ᠠ︕

ᠥᠤᠷ ᠤᠨ ᠴᠤᠯᠮᠤᠨ ᠲᠡᠶ ᠥᠰᠦᠭᠡᠢ ᠵᠠᠯᠭᠠᠵᠤ

ᠡᠷᠦᠭᠡ ᠪᠠᠨ ᠳᠠᠳᠠᠭᠠᠤᠨ ᠪᠣᠰᠳᠠᠭ ᠡᠵᠢ ᠰᠢᠭ᠌

ᠨᠠᠷᠠᠨ ᠤ ᠠᠯᠳᠠᠩᠬᠠᠨ ᠳᠤᠶᠠᠭ᠎ᠠ ᠰᠠᠴᠤᠷᠠᠬᠤ ᠪᠠᠷ

ᠨᠠᠭᠠᠯᠢᠩᠬᠠᠢ ᠦᠷ᠎ᠡ ᠪᠠᠨ ᠥᠨᠦᠰᠦᠭᠡᠤᠨ ᠰᠠᠯᠳᠠᠭ

ᠡᠪᠠᠰᠤᠨ ᠤ ᠨᠠᠮᠠᠭᠠᠨ ᠳᠤ ᠪᠦᠮᠪᠦᠷᠢᠭ᠍ᠰᠡᠨ

ᠥᠷᠯᠦᠭᠡ ᠶᠢᠨ ᠭᠡᠪᠠᠷᠡᠭ᠍‍ᠭᠡᠨ ᠰᠢᠭᠦᠳᠡᠷᠢ

ᠦᠷ᠎ᠡ ᠳᠡᠭᠡᠨ ᠢᠪᠢᠯᠦᠭ᠍ᠰᠡᠨ ᠡᠭᠡᠴᠦᠦᠯ ᠤᠨ

ᠥᠷᠦᠪᠴᠢᠭᠡᠨ ᠡᠮᠵᠡᠭ᠍‍ᠭᠡᠨ ᠰᠠᠤᠠᠭᠢᠯ ᠦᠦ︖

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3264
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ