☆ ᠳ·ᠰᠤᠳᠨᠠᠮ
ᠥᠷᠦᠭᠡᠰᠤᠨ ᠴᠢᠭᠢ ᠡᠪᠠᠦᠡᠭᠦᠯᠡᠷ ᠦᠯᠡᠮᠵᠢ ᠪᠣᠳᠤᠭᠳᠠᠭᠰᠠᠨ ᠰᠢᠯᠦᠭ᠌
ᠴᠢᠭᠢ ᠡᠪᠠᠳᠦᠭᠡᠳ ᠯᠠ
ᠵᠢᠭ᠌ ᠪᠣᠯᠤᠭᠠᠤᠨ
ᠵᠡᠭᠦᠤ ᠬᠠᠳᠬᠤᠭᠠᠤᠨ ᠯᠠ
ᠡᠮ ᠶᠡᠭᠦᠯᠡᠭᠡᠳ ᠯᠠ
ᠡᠰ ᠪᠦᠭᠦᠨ ᠡᠷᠪᠠᠢ᠌ᠵᠤ
ᠡᠳᠡᠭᠡᠭᠦ ᠶᠢᠨ ᠭᠦᠰᠡᠯ ᠰᠠᠷᠪᠠᠢ᠌ᠵᠤ
ᠭᠢᠳᠠᠯ ᠵᠠᠢ᠌ᠳᠠᠵᠤ ᠭᠤᠳᠤᠯᠠ
ᠣᠷᠮ᠎ᠠ ᠠᠯᠳᠠᠵᠤ ᠭᠤᠠᠳᠠᠯᠠ
ᠱᠥᠭᠦᠰᠤ ᠦᠭᠡᠶ ᠳᠦᠷᠭᠡᠨ ᠵᠠᠰᠠᠷᠠᠬᠤ ᠵᠢ
ᠵᠡᠭᠦᠳᠦ ᠦᠭᠡᠶ ᠰᠦᠨᠢᠵᠢᠨ ᠮᠠᠨᠠᠯ᠎ᠠ
ᠦᠷᠦᠭᠡᠰᠤᠨ ᠴᠢᠭᠢ ᠡᠪᠠᠦᠡᠭᠦᠯᠡᠷ ᠰᠠᠶᠢ
ᠦᠷᠦᠭᠡᠯ ᠭᠦᠮᠤᠨ ᠵᠢᠷᠭᠠᠵᠤ ᠬᠠᠷᠠᠭᠳᠠᠨ
ᠥᠭᠡ ᠪᠦᠭᠦᠨ ᠨᠢ ᠱᠤᠤᠭᠢᠵᠤ ᠰᠤᠨᠤᠰᠳᠠᠨ
ᠥᠭᠡᠳᠡ ᠡᠴᠠ ᠨᠢ ᠭᠡᠷᠭᠢᠭᠦ ᠪᠠᠨ ᠣᠯᠵᠤ ᠶᠠᠳᠠᠨ᠎ᠠ
《ᠬᠠᠯᠠᠭᠤᠨ ᠭᠦᠢᠳᠡᠨ ᠬᠠᠷᠭᠤᠴᠢᠬᠠᠵᠠᠢ ︕》
ᠬᠠᠴᠢᠷᠬᠠᠵᠤ ᠪᠠᠢ᠌ᠬᠤ ᠨᠢ ᠭᠡᠳᠤ ᠪᠣᠢ ︕
《ᠬᠠᠷ᠎ᠠ ᠠᠷᠢᠭᠢ ᠪᠠᠷ ᠮᠢᠡᠴᠦᠷᠡᠭᠦᠯᠴᠢᠭᠡ ︕》
ᠬᠠᠰᠢᠷᠭᠠᠵᠤ ᠪᠠᠢ᠌ᠬᠤ ᠨᠢ ᠣᠯᠠᠨ ᠪᠣᠢ ︕
《ᠥᠩᠭᠡᠷᠡᠤ ᠵᠤᠪᠠᠭᠠᠤᠨ ᠢᠯᠡᠭᠦᠴᠡ ᠳ᠋ᠡ ︕》
ᠥᠳᠦᠭᠡᠵᠤ ᠭᠡᠯᠡᠭᠦ ᠨᠢ ᠭᠡᠳᠤ ᠪᠣᠢ ︕
《ᠥᠭᠦᠭᠦ ᠡᠪᠡᠳᠴᠢᠨ ᠪᠢᠰᠢ ᠯᠠ ᠳ᠋ᠡ ︕》
ᠦᠯᠡᠮᠵᠢ ᠮᠡᠷᠭᠡᠯᠡᠭᠦ ᠨᠢ ᠣᠯᠠᠨ ᠪᠣᠢ ︕
《ᠭᠡᠢ ᠴᠢᠰᠤᠨ ᠤ ᠣᠴᠢᠷ ᠳ᠋ᠠ ︕》
ᠭᠡᠳᠦᠷᠭᠡᠢ ᠣᠨᠤᠰᠢᠯᠠᠬᠤ ᠨᠢ ᠭᠡᠳᠤ ᠪᠣᠢ ︕
《ᠭᠡᠪᠳᠡᠵᠤ ᠠᠮᠠᠷᠠᠭᠰᠠᠨ ᠳᠠᠩᠳᠠᠯᠠ ︕》
ᠭᠡᠷᠰᠡᠤ ᠰᠤᠷᠭᠠᠭᠰᠠᠨ ᠴᠤ ᠣᠯᠠᠨ ᠪᠣᠢ ︕
ᠶᠠᠷᠢᠭᠠᠤᠨ ᠪᠠᠷᠠᠬᠤ ᠦᠭᠡᠶ ᠥᠭᠡ ᠶᠢ ᠨᠢ ᠭᠠᠢ᠌ᠬᠠᠨ
ᠶᠠᠩᠰᠢᠭᠠᠤᠨ ᠪᠠᠷᠠᠬᠤ ᠦᠭᠡᠶ ᠠᠮᠠ ᠶᠢ ᠨᠢ ᠰᠤᠨᠢᠷᠬᠠᠨ
ᠶᠠᠷᠰᠢᠭ ᠲᠤ ᠳᠤᠷᠠᠳᠠᠢ ᠵᠠᠩ ᠢ ᠨᠢ ᠡᠭ᠍ᠳᠡᠭᠦᠴᠡᠨ
ᠶᠠᠪᠣᠳᠠᠯ ᠢ ᠶᠡᠭᠡᠰᠭᠡᠭᠦ ᠠᠷᠠᠠᠰᠢᠨ ᠢ ᠨᠢ ᠵᠢᠭ᠍ᠰᠢᠨ
ᠵᠢᠵᠢᠭ᠌ ᠣᠴᠢᠷ ᠲᠤ ᠰᠡᠵᠢᠭ᠌ ᠳᠦᠷᠤᠨ
ᠵᠢᠷ ᠤᠨ ᠭᠡᠷᠡᠭ᠌ ᠢ ᠵᠢᠭ᠍ᠳᠡᠢ ᠪᠣᠯᠭᠠᠨ
ᠶᠠᠮᠠᠷ ᠴᠤ ᠥᠭᠡ ᠪᠠᠷ ᠱᠠᠯᠠᠵᠤ
ᠶᠠᠩᠵᠤ ᠪᠠᠷ ᠰᠢᠷᠭᠠᠭᠠᠨ ᠰᠢᠯᠭᠠᠬᠤ ᠳ᠋ᠤ
ᠶᠠᠭ ᠳᠠᠭ ᠳᠤᠭᠣᠢ᠌ᠷᠠᠵᠤ
ᠶᠠᠪᠠ ᠶᠤᠮ ᠰᠢᠭ ᠳᠤᠮᠪᠣᠢ᠌ᠵᠤ
ᠶᠠᠭᠠᠭᠢᠬᠤ ᠪᠠᠨ ᠣᠯᠬᠤ ᠦᠭᠡᠶ ᠪᠠᠴᠢᠮᠳᠠᠨ
ᠶᠠᠰᠤᠨ ᠳᠤ ᠣᠷᠤᠳᠠᠯ᠎ᠠ ᠰᠢᠷᠭᠢᠷᠠᠨ
ᠵᠡᠭᠦᠤ ᠪᠠᠷ ᠰᠢᠪᠠᠭ᠍ᠰᠡᠨ ᠥᠭᠡᠷ᠎ᠡ ᠥᠭᠡᠢ
ᠵᠢᠷᠦᠭᠡᠨ ᠳᠤ ᠭᠦᠷᠳᠡᠯ᠎ᠡ ᠰᠢᠮᠰᠢᠷᠠᠨ
ᠰᠤᠨᠤᠰᠬᠤ ᠳᠤᠷ᠎ᠠ ᠦᠭᠡᠶ ᠥᠭᠡ
ᠰᠤᠯᠢᠭᠠᠢ ᠪᠣᠷᠤᠭᠤ ᠳᠤᠭᠤᠯᠳᠠᠨ
ᠳᠦᠵᠢᠷᠡᠭ᠍ᠰᠡᠨ ᠳᠤᠯᠤᠭᠠᠢ ᠥᠭᠡᠷ᠎ᠡ ᠥᠭᠡᠢ
ᠲᠦᠯᠠᠢ ᠪᠣᠯᠴᠢᠬᠠᠶᠠ ᠰᠠᠨᠠᠭᠠᠤᠨ
ᠭᠡᠯᠡᠶ᠎ᠡ ᠭᠡᠵᠤ ᠰᠠᠨᠠᠬᠤ ᠦᠭᠡᠶ ᠵᠢ
ᠭᠡᠵᠢᠶ᠎ᠡ ᠴᠤ ᠶᠠᠷᠢᠬᠤ ᠶᠢ ᠪᠣᠳᠤᠬᠤ ᠥᠭᠡᠢ
ᠭᠡᠷᠡᠭ᠌ ᠪᠣᠯᠭᠠᠵᠤ ᠰᠤᠨᠤᠰᠬᠤ ᠦᠭᠡᠶ ᠥᠭᠡ ᠵᠢ
ᠭᠡᠨ ᠡᠴᠠ ᠴᠤ ᠪᠢ ᠭᠦᠰᠡᠭᠦ ᠥᠭᠡᠢ
ᠭᠡᠷᠰᠡᠤ ᠠᠪᠣᠭᠰᠠᠨ ᠶᠠᠷᠢᠶ᠎ᠠ
ᠭᠡᠪᠠᠷᠡᠭ᠌ ᠭᠡᠩᠭᠡᠷᠭᠡ ᠶᠢ ᠳᠠᠯᠠᠳᠤᠨ᠎ᠡ
ᠦᠷᠦᠭᠡᠰᠤᠨ ᠴᠢᠭᠢ ᠡᠪᠠᠦᠡᠭᠦᠯᠡᠷ
ᠦᠪᠡᠷ ᠢ ᠪᠠᠨ ᠭᠢᠴᠢᠶᠡᠭᠦ ᠶᠢ ᠮᠠᠳᠠᠯ᠎ᠠ
ᠡᠪᠡᠳᠴᠢᠨ ᠡᠴᠠ ᠢᠯᠡᠭᠦᠤ ᠰᠢᠨᠠᠯᠤᠯ
ᠡᠷᠢᠵᠤ ᠪᠠᠢ᠌ᠬᠤ ᠶᠢ ᠣᠢ᠌ᠯᠠᠭᠠᠯ᠎ᠠ ︕
ᠲ᠋ᠠᠯ᠎ᠠ ᠳᠠᠯ᠎ᠠ ᠡᠴᠠ ᠳᠠᠷᠴᠢᠯᠭᠠᠬᠤ
ᠲ᠋ᠠᠬᠤᠯ ᠶᠤᠮ ᠰᠢᠭ ᠴᠠᠯᠴᠢᠶ᠎ᠠ
ᠡᠷᠡᠭᠦᠯ ᠴᠢᠭᠢ ᠶᠢ ᠭᠦᠷᠳᠡᠯ᠎ᠡ
ᠡᠪᠠᠦᠡᠭᠦ ᠡᠴᠠ ᠢᠯᠡᠭᠦᠤ ᠬᠠᠳᠬᠤᠯᠠ
ᠴᠠᠰᠤᠨ ᠳᠡᠭᠡᠷᠡᠭᠢ ᠭᠢᠷᠠᠭᠤ ᠦᠦ ︖
ᠴᠠᠰᠢ ᠪᠠᠨ ᠣᠯᠠᠨ ᠢ ᠰᠡᠳᠭᠢᠯᠠ
ᠪᠦᠳᠦᠷᠢᠭ᠍ᠰᠡᠨ ᠳᠡᠭᠡᠷ᠎ᠡ ᠨᠤᠳᠤᠷᠤᠭᠰᠠᠨ ᠦᠦ ︖
ᠪᠦᠭᠦᠭᠡᠨ ᠳᠤᠮᠳᠠ ᠨᠢᠭᠡ ᠶᠢ ᠣᠬᠠᠯᠠ᠃
ᠵᠤᠬᠢᠶᠠᠭᠴᠢ ᠶᠢᠨ ᠬᠠᠶᠢᠭ ᠄ ᠵᠠᠷᠤᠤᠳ
ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12126
ᠴᠠᠭ᠄ 2011 ᠤᠨ ᠤ 08 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ