ᠨᠡᠪᠲᠡᠷᠡᠨ ᠤᠷᠤᠬᠤ
ᠭᠠᠳᠠ ᠮᠠᠢ᠌ᠷᠠᠨ

1

ᠭᠠᠳᠠ ᠮᠠᠢ᠌ᠷᠠᠨ ᠪᠣᠯ ᠭᠠᠵᠠᠷ ᠰᠢᠷᠤᠢ ᠮᠦᠨ

ᠭᠠᠳᠠ ᠮᠠᠢ᠌ᠷᠠᠨ ᠪᠣᠯ ᠬᠤᠩᠭ᠋ᠤᠷ ᠣᠪᠣᠭᠠᠨ ᠤ ᠡᠩᠭᠡᠷ ᠲᠤ ᠰᠠᠭᠤᠭᠰᠠᠨ ᠬᠤᠨ ᠭᠠᠯᠠᠭᠤ ᠮᠦᠨ

ᠭᠠᠳᠠ ᠮᠠᠢ᠌ᠷᠠᠨ ᠪᠣᠯ ᠰᠢᠷ᠎ᠠ ᠮᠦᠷᠠᠨ ᠤ ᠡᠷᠭᠢ ᠳᠤ ᠪᠠᠭᠤᠬᠤ ᠭᠡᠤᠨ ᠡᠷᠭᠢᠵᠤ ᠣᠴᠢᠭᠰᠠᠨ ᠡ᠊ᠨᠳᠡᠷᠡᠭᠦᠷᠡᠯ ᠮᠦᠨ

ᠭᠠᠳᠠ ᠮᠠᠢ᠌ᠷᠠᠨ ᠪᠣᠯ ᠰᠠᠢ᠌ᠬᠠᠨ ᠡᠨᠡ ᠭᠠᠵᠠᠷ ᠣᠰᠤᠨ ᠳᠠᠭᠠᠨ

ᠶᠠᠰᠤ ᠨᠠᠷ᠎ᠠ ᠪᠠᠨ ᠰᠢᠩᠭᠡᠭᠡᠭᠰᠡᠨ ᠳᠤᠮᠤᠭ ᠤᠨ ᠶᠤᠮᠰᠢᠭ ᠥᠯᠢᠭᠡᠷ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠠᠭᠠᠨ ᠣᠷᠭᠤᠭᠰᠠᠨ ᠣᠬᠠᠭᠠᠨ ᠮᠦᠨ

ᠭᠠᠳᠠ ᠮᠠᠢ᠌ᠷᠠᠨ ᠪᠣᠯ ᠭᠠᠯ ᠣᠰᠤᠨ ᠤ ᠠᠶᠤᠯ ᠳᠤ ᠳᠤᠯᠭᠠᠷᠠᠭᠰᠠᠨ

ᠭᠠᠵᠠᠷ ᠨᠤᠳᠤᠭ ᠤᠨ ᠶᠢᠡᠨ ᠠᠷᠠᠤᠨ ᠲᠦᠮᠡᠨ ᠤ ᠡᠮᠦᠨ᠎ᠡ ᠡᠴᠡ ᠪᠣᠰᠤᠭᠰᠠᠨ ᠬᠠᠳᠠ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠠᠭᠠᠨ ᠣᠷᠭᠤᠵᠤ ᠴᠢᠳᠠᠭᠰᠠᠨ ᠦᠷ᠎ᠡ ᠳᠠᠷᠢᠶ᠎ᠠ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠡᠭᠡᠷ᠎ᠡ ᠪᠠᠨ

ᠥᠷᠡᠯᠡᠭᠦ ᠭᠡᠤᠨ ᠦᠷᠠᠯᠠᠵᠤ ᠴᠢᠳᠠᠭᠰᠠᠨ ᠦᠭᠡᠶ ᠭᠠᠰᠢᠭᠤᠨ ᠵᠢᠮᠢᠰ ᠮᠦᠨ

2

ᠭᠠᠳᠠ ᠮᠠᠢ᠌ᠷᠠᠨ ᠪᠣᠯ ᠬᠤᠷᠴᠢᠨ ᠮᠦᠨ

ᠭᠠᠳᠠ ᠮᠠᠢ᠌ᠷᠠᠨ ᠪᠣᠯ ᠬᠤᠷᠸ᠎ᠠ ᠮᠦᠨ

ᠭᠠᠵᠠᠷ ᠮᠠᠢ᠌ᠷᠠᠨ ᠪᠣᠯ ᠭᠠᠵᠠᠷ ᠰᠢᠷᠤᠢ ᠳᠡᠭᠡᠷ᠎ᠡ ᠳᠦᠷᠡᠯᠵᠡᠵᠤ ᠪᠣᠰᠤᠭᠰᠠᠨ ᠳᠣᠢ᠌ᠮᠠᠷ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠤᠳᠤᠷ᠎ᠠ ᠮᠠᠨᠠᠵᠤ ᠳᠠᠯᠪᠢᠭᠰᠠᠨ ᠭᠠᠯ ᠮᠦᠨ

ᠭᠠᠳᠠ ᠮᠠᠢ᠌ᠷᠠᠨ ᠪᠣᠯ ᠡᠪᠠᠰᠤ ᠪᠠᠯᠴᠢᠭᠡᠷ ᠮᠦᠨ

ᠭᠠᠳᠠ ᠮᠠᠢ᠌ᠷᠠᠨ ᠪᠣᠯ ᠡᠪᠠᠰᠤ ᠪᠠᠯᠴᠢᠭᠡᠷ ᠶᠢᠡᠨ ᠬᠠᠮᠠᠭᠠᠯᠠᠬᠤ ᠭᠡᠤᠨ

ᠦᠪᠡᠷ ᠢ ᠪᠠᠨ ᠰᠢᠳᠠᠭᠠᠭᠰᠠᠨ ᠬᠠᠯᠠᠭᠤᠨ ᠠᠮᠢ ᠮᠦᠨ

ᠭᠠᠳᠠ ᠮᠠᠢ᠌ᠷᠠᠨ ᠪᠣᠯ ᠠᠮᠢ ᠠᠬᠤᠢ ᠮᠦᠨ

ᠭᠠᠳᠠ ᠮᠠᠢ᠌ᠷᠠᠨ ᠪᠣᠯ ᠠᠮᠢ ᠨᠠᠰᠤ ᠪᠠᠷ ᠶᠢᠡᠨ ᠠᠮᠢ ᠠᠬᠤᠢ ᠪᠠᠨ ᠵᠤᠯᠢᠶᠠᠰᠤᠯᠠᠭᠰᠠᠨ ᠳᠤᠩᠬᠠᠭ ᠮᠦᠨ

ᠭᠠᠳᠠ ᠮᠠᠢ᠌ᠷᠠᠨ ᠪᠣᠯ ᠡᠶ᠎ᠡ ᠵᠤᠭᠢᠴᠠᠯ ᠤᠨ ᠡᠯᠴᠢ ᠮᠦᠨ

ᠭᠠᠳᠠ ᠮᠠᠢ᠌ᠷᠠᠨ ᠪᠣᠯ ᠡᠶ᠎ᠡ ᠵᠤᠭᠢᠴᠠᠯ ᠢ ᠦᠪᠡᠷ ᠲᠡᠭᠡᠨ ᠯᠠ ᠳᠤᠷᠠᠳᠤᠭᠰᠠᠨ ᠪᠢᠳᠡᠭᠦᠭᠡᠨ ᠬᠠᠰᠭᠢᠷᠤᠯ ᠮᠦᠨ

3

ᠭᠠᠳᠠ ᠮᠠᠢ᠌ᠷᠠᠨ ᠪᠣᠯ ᠭᠠᠭᠴᠠ ᠭᠦᠮᠤᠨ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠡᠭᠡᠷᠡᠭᠢ

ᠳᠦᠭ᠌ ᠲᠦᠮᠡᠨ ᠭᠠᠵᠠᠷ ᠰᠢᠷᠤᠢ ᠳᠠᠭᠠᠨ ᠬᠠᠢ᠌ᠷᠠᠳᠠᠢ ᠭᠦᠮᠤᠨ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠶᠢᠨ ᠳᠤᠬᠠᠢ ᠳᠠᠭᠤᠤ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠠᠭᠠᠨ ᠰᠢᠩᠭᠡᠭᠰᠡᠨ ᠰᠡᠳᠬᠢᠯᠭᠡ ᠮᠦᠨ

ᠭᠠᠳᠠ ᠮᠠᠢ᠌ᠷᠠᠨ ᠪᠣᠯ ᠳᠠᠷᠬᠠᠨ ᠸᠠᠩ ᠤᠨ ᠮᠡᠢ᠌ᠷᠠᠨ ᠵᠢᠩᠰᠡᠳᠡᠨ ᠮᠦᠨ

ᠭᠠᠳᠠ ᠮᠠᠢ᠌ᠷᠠᠨ ᠪᠣᠯ ᠳᠠᠶᠠᠭᠠᠷ ᠮᠤᠩᠭ᠋ᠤᠯ ᠤᠨ ᠶᠢᠡᠨ ᠳᠦᠯᠦᠭᠡ

ᠵᠢᠩᠰᠠ ᠵᠡᠷᠭᠡ ᠪᠠᠨ ᠰᠢᠳᠠᠵᠤ ᠴᠢᠳᠠᠭᠰᠠᠨ ᠳᠠᠢ᠌ᠴᠢᠨ ᠡᠷ᠎ᠡ ᠮᠦᠨ

ᠭᠠᠳᠠ ᠮᠠᠢ᠌ᠷᠠᠨ ᠪᠣᠯ ᠬᠣᠢ᠌ᠳᠤ ᠶᠡᠭᠡ ᠬᠠᠷ᠎ᠠ ᠮᠦᠷᠠᠨ ᠵᠥᠭ᠌ ᠶᠢᠡᠨ ᠬᠤᠰᠢᠭᠤᠷᠠᠭᠰᠠᠨ

ᠬᠠᠯᠢᠭᠤᠨ ᠭᠠᠯᠠᠭᠤᠨ ᠤ ᠳᠦᠷᠦᠭᠦᠤ ᠮᠦᠨ

ᠭᠠᠳᠠ ᠮᠠᠢ᠌ᠷᠠᠨ ᠪᠣᠯ ᠬᠠᠢ᠌ᠷᠠᠳᠤ ᠡᠭᠡ ᠨᠤᠳᠤᠭ ᠶᠢᠡᠨ

ᠬᠠᠮᠤᠭ ᠰᠡᠭᠦᠯᠴᠢ ᠶᠢᠨ ᠣᠳᠠᠭ᠎ᠠ ᠡᠷᠭᠢᠵᠤ ᠥᠵᠡᠭᠦ ᠭᠡᠤᠨ

ᠬᠠᠯᠢᠵᠤ ᠣᠳᠤᠭᠰᠠᠨ ᠬᠠᠷᠠᠮᠰᠠᠯ ᠮᠦᠨ

4

ᠭᠠᠳᠠ ᠮᠠᠢ᠌ᠷᠠᠨ ᠪᠣᠯ ᠳᠠᠭᠢᠵᠤ ᠭᠡᠵᠢᠶ᠎ᠡ ᠴᠤ ᠪᠢᠴᠢᠭ᠍ᠳᠡᠭᠦ ᠦᠭᠡᠶ ᠳᠡᠦᠭᠡ ᠮᠦᠨ

ᠭᠠᠳᠠ ᠮᠠᠢ᠌ᠷᠠᠨ ᠪᠣᠯ ᠳᠠᠭᠢᠵᠤ ᠭᠡᠵᠢᠶ᠎ᠡ ᠴᠤ ᠳᠠᠪᠳᠠᠭᠳᠠᠬᠤ ᠦᠭᠡᠶ ᠦᠨᠦᠳᠤᠷ ᠮᠦᠨ

ᠭᠠᠳᠠ ᠮᠠᠢ᠌ᠷᠠᠨ ᠪᠣᠯ ᠥᠡᠭᠡᠷᠡᠭ᠍ᠰᠡᠨ ᠤ ᠳᠤᠬᠠᠢ ᠳᠤᠯᠢ ᠪᠢᠴᠢᠭ᠌ ᠮᠦᠨ

ᠭᠠᠳᠠ ᠮᠠᠢ᠌ᠷᠠᠨ ᠪᠣᠯ ᠦᠨᠦᠳᠤᠷ ᠤᠨ ᠳᠤᠬᠠᠢ ᠵᠠᠷ ᠪᠢᠴᠢᠭ᠌ ᠮᠦᠨ

ᠭᠠᠳᠠ ᠮᠠᠢ᠌ᠷᠠᠨ ᠪᠣᠯ ᠭᠠᠷ ᠲᠠᠭᠠᠨ ᠠᠤᠠᠬᠤᠭᠰᠠᠨ ᠮᠠᠭᠢᠷ ᠰᠠᠯᠠᠮ᠎ᠠ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠠᠭᠠᠨ ᠬᠠᠤᠠᠬᠤᠭᠰᠠᠨ ᠬᠠᠷ᠎ᠠ ᠰᠦᠯᠳᠡ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠶᠢᠨ ᠳᠦᠯᠦᠭᠡ ᠭᠠᠪ ᠵᠡᠭᠦᠭ᠍ᠰᠡᠨ 《ᠶᠠᠯᠠᠳᠠᠨ》 ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠡᠭᠡᠷᠡᠭᠢ ᠱᠤᠷᠤᠩ ᠢ ᠡᠪᠳᠡᠨ ᠭᠠᠷᠤᠭᠰᠠᠨ 《ᠣᠷᠭᠤᠳᠠᠯ》 ᠮᠦᠨ

ᠭᠠᠳᠠ ᠮᠠᠢ᠌ᠷᠠᠨ ᠪᠣᠯ ᠮᠦᠳᠠᠨ ᠤ ᠡᠷ᠎ᠡ ᠨᠥᠭᠦᠷ ᠨᠢ ᠮᠦᠨ

ᠭᠠᠳᠠ ᠮᠠᠢ᠌ᠷᠠᠨ ᠪᠣᠯ ᠮᠥᠭ᠍ᠳᠡᠨ ᠤ ᠪᠦᠰᠡᠯᠡᠯᠳᠡ ᠶᠢ ᠰᠢᠪᠳᠤᠯᠠᠵᠤ ᠭᠠᠷᠤᠭᠰᠠᠨ ᠳᠤᠭᠰᠢᠨ ᠬᠠᠷ᠎ᠠ ᠰᠤᠮᠤ ᠮᠦᠨ

ᠭᠠᠳᠠ ᠮᠠᠢ᠌ᠷᠠᠨ ᠪᠣᠯ ᠬᠠᠷᠠᠩᠭ᠋ᠤᠢ ᠰᠦᠨᠢ ᠶᠢᠨ ᠭᠦᠰᠢᠭᠡ ᠶᠢ

ᠬᠠᠯᠢᠭᠤᠨ ᠵᠢᠷᠤᠭ᠎ᠠ ᠮᠤᠷᠢ ᠪᠠᠷ ᠶᠢᠡᠨ ᠬᠠᠭ᠎ᠠ ᠵᠦᠰᠤᠵᠤ

ᠬᠠᠷᠭᠢᠰ ᠳᠠᠢ᠌ᠰᠤᠨ ᠢ ᠭᠢᠶᠠᠷᠳᠠᠯ᠎ᠠ ᠠᠯᠠᠵᠤ ᠴᠢᠳᠠᠭᠰᠠᠨ ᠠᠶᠤᠩᠭ᠋᠎ᠠ ᠮᠦᠨ

ᠭᠠᠳᠠ ᠮᠠᠢ᠌ᠷᠠᠨ ᠪᠣᠯ ᠬᠠᠪᠴᠢᠭᠳᠠᠵᠤ ᠳᠤᠳᠠᠭᠠᠬᠤ ᠳᠠᠭᠠᠨ ᠳᠠᠢ᠌ᠴᠢᠨ ᠬᠠᠨᠢ ᠲᠡᠶ ᠪᠠᠨ ᠬᠠᠮᠳᠤ

ᠳᠠᠢ᠌ᠰᠤᠨ ᠢ ᠠᠷᠤ ᠳᠠᠭᠠᠨ ᠬᠤᠯᠠ ᠬᠠᠶᠠᠵᠤ ᠶᠠᠪᠣᠭᠰᠠᠨ ᠭᠢᠯᠪᠠᠭᠠᠨ ᠮᠦᠨ

5

ᠭᠠᠳᠠ ᠮᠠᠢ᠌ᠷᠠᠨ ᠪᠣᠯ ᠪᠢᠷ ᠶᠢᠡᠷ ᠠᠮᠢᠯᠠᠬᠤ ᠣᠷᠠᠨ ᠵᠤᠬᠢᠶᠠᠯ ᠮᠦᠨ

ᠭᠠᠳᠠ ᠮᠠᠢ᠌ᠷᠠᠨ ᠪᠣᠯ ᠥᠰᠦᠭ᠌ ᠶᠢᠡᠷ ᠪᠢᠴᠢᠭ᠍ᠳᠡᠭᠦ ᠪᠣᠰᠤᠭ᠎ᠠ ᠳᠡᠦᠭᠡ ᠮᠦᠨ

ᠭᠠᠳᠠ ᠮᠠᠢ᠌ᠷᠠᠨ ᠪᠣᠯ ᠭᠠᠷ ᠶᠢᠡᠷ ᠪᠦᠳᠦᠭᠡᠵᠤ ᠪᠣᠯᠬᠤ ᠱᠤᠭᠤᠮᠠᠯ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠠᠭᠠᠨ ᠰᠢᠩᠭᠡᠭᠰᠡᠨ ᠰᠠᠨᠠᠭ᠎ᠠ ᠮᠦᠨ

ᠭᠠᠳᠠ ᠮᠠᠢ᠌ᠷᠠᠨ ᠪᠣᠯ ᠠᠮᠠ ᠪᠠᠷ ᠣᠯᠠᠮᠵᠢᠯᠠᠭᠳᠠᠬᠤ ᠦᠨᠡᠨ ᠭᠦᠮᠤᠨ ᠮᠦᠨ

ᠭᠠᠳᠠ ᠮᠠᠢ᠌ᠷᠠᠨ ᠪᠣᠯ ᠠᠮᠠᠯᠠᠭᠰᠠᠨ ᠳᠠᠭᠠᠨ ᠭᠦᠷᠭᠦ ᠬᠠᠳᠠᠭᠤ ᠰᠦᠰᠦ ᠮᠦᠨ

ᠭᠠᠳᠠ ᠮᠠᠢ᠌ᠷᠠᠨ ᠪᠣᠯ ᠨᠢᠭᠡᠨᠲᠡ ᠪᠢᠴᠢᠭ᠍ᠳᠡᠭ᠍ᠰᠡᠨ ᠳᠡᠦᠭᠡ ᠮᠦᠨ

ᠭᠠᠳᠠ ᠮᠠᠢ᠌ᠷᠠᠨ ᠪᠣᠯ ᠨᠠᠢ᠌ᠳᠠ ᠳᠤ ᠰᠠᠨᠠᠭᠤᠯᠬᠤ ᠰᠠᠷᠠᠮᠵᠢ ᠮᠦᠨ

ᠭᠠᠳᠠ ᠮᠠᠢ᠌ᠷᠠᠨ ᠪᠣᠯ ᠰᠥᠷᠦᠭ᠌ ᠡᠴᠡ ᠪᠠᠨ ᠬᠤᠴᠤᠷᠠᠭᠰᠠᠨ ᠦᠨᠦᠴᠢᠨ ᠭᠠᠯᠠᠭᠤ ᠪᠣᠯᠵᠤ ᠴᠢᠳᠠᠬᠤ ᠦᠭᠡᠶ ᠶᠤᠮ

ᠭᠠᠳᠠ ᠮᠠᠢ᠌ᠷᠠᠨ ᠪᠣᠯ ᠰᠥᠷᠦᠭ᠌ ᠤᠨ ᠶᠢᠡᠨ ᠡᠮᠦᠨ᠎ᠡ ᠬᠤᠰᠢᠭᠤᠷᠠᠭᠰᠠᠨ ᠣᠯᠠᠭᠠᠨ ᠭᠠᠯᠠᠭᠤ ᠮᠦᠨ

6

ᠭᠠᠳᠠ ᠮᠠᠢ᠌ᠷᠠᠨ ᠪᠣᠯ ᠦᠨᠦᠳᠤᠷ ᠤᠨ ᠪᠦᠭᠦᠢ᠌ᠯᠡ ᠪᠠᠢ᠌ᠭᠠᠯᠢ ᠣᠷᠴᠢᠨ ᠮᠦᠨ

ᠭᠠᠳᠠ ᠮᠠᠢ᠌ᠷᠠᠨ ᠪᠣᠯ ᠥᠩᠭᠡᠷᠡᠭ᠍ᠰᠡᠨ ᠤ ᠬᠤᠰᠢᠭᠤ ᠨᠤᠳᠤᠭ ᠯᠠ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠨᠢ 《ᠠᠳᠠᠷ ᠬᠠᠭᠠᠯᠪᠣᠷᠢᠯᠠᠬᠤ》 ᠳᠤ

ᠭᠠᠷ ᠤᠨ ᠬᠤᠷᠤᠭᠤ ᠨᠢ ᠡᠰᠭᠡᠭ᠍ᠳᠡᠭ᠍ᠰᠡᠨ ᠶ‍ᠤᠮᠰᠢᠭ ᠡᠮᠵᠡᠭᠯᠡᠯ ᠮᠦᠨ

ᠭᠠᠳᠠ ᠮᠠᠢ᠌ᠷᠠᠨ ᠪᠣᠯ ᠴᠡᠷᠢᠭ᠌ ᠤᠨ ᠡᠷᠭᠡᠳᠡᠨ ᠤ ᠡᠰᠡᠷᠭᠦ ᠴᠡᠭᠡᠵᠢ ᠳᠦᠷᠢᠨ ᠪᠣᠰᠤᠭᠰᠠᠨ ᠭᠠᠯᠵᠠᠭᠤ ᠭᠢᠯᠢᠩ ᠮᠦᠨ

ᠭᠠᠳᠠ ᠮᠠᠢ᠌ᠷᠠᠨ ᠪᠣᠯ ᠰᠤᠳᠤᠯᠵᠤ ᠰᠤᠷᠤᠯᠴᠠᠬᠤ ᠪᠠᠭᠠᠳᠤᠷ ᠤᠨ ᠳᠤᠤᠯᠢᠰ ᠮᠦᠨ

ᠭᠠᠳᠠ ᠮᠠᠢ᠌ᠷᠠᠨ ᠪᠣᠯ ᠰᠤᠯᠤᠭᠠᠢ ᠪᠠᠷ ᠳᠠᠭᠤᠯᠠᠭᠳᠠᠬᠤ ᠡᠡᠷᠢᠭᠡᠨ ᠰᠢᠷᠡᠭᠡᠨ ᠤ ᠳᠠᠭᠤᠤ ᠮᠦᠨ

ᠭᠠᠳᠠ ᠮᠠᠢ᠌ᠷᠠᠨ ᠪᠣᠯ ᠬᠤᠷᠴᠢᠨ ᠤ ᠪᠠᠭᠠᠳᠤᠷ ᠮᠦᠨ

ᠭᠠᠳᠠ ᠮᠠᠢ᠌ᠷᠠᠨ ᠪᠣᠯ ᠪᠠᠭᠠᠳᠤᠷᠴᠤᠳ ᠤᠨ ᠬᠤᠷᠴᠢᠨ ᠮᠦᠨ

ᠭᠠᠳᠠ ᠮᠠᠢ᠌ᠷᠠᠨ ᠪᠣᠯ ᠮᠤᠩᠭ᠋ᠤᠯ ᠭᠦᠮᠤᠨ ᠤ ᠭᠠᠳᠠ ᠮᠠᠢ᠌ᠷᠠᠨ ᠮᠦᠨ

ᠭᠠᠳᠠ ᠮᠠᠢ᠌ᠷᠠᠨ ᠪᠣᠯ ᠮᠤᠩᠭ᠋ᠤᠯ ᠭᠦᠮᠤᠨ ᠳᠤ ᠯᠠ ᠭᠠᠷᠬᠤ ᠪᠠᠭᠠᠳᠤᠷ ᠮᠦᠨ

ᠭᠠᠳᠠ ᠮᠠᠢ᠌ᠷᠠᠨ ᠪᠣᠯ ᠥᠯᠢᠭᠡᠷ ᠨᠢ ᠨᠣᠢ᠌ᠳᠠᠨ ᠠᠷᠠᠤᠨ ᠤᠨ ᠳᠠᠭᠤᠤ ᠮᠦᠨ

ᠭᠠᠳᠠ ᠮᠠᠢ᠌ᠷᠠᠨ ᠪᠣᠯ ᠥᠰᠦᠭ᠌ ᠨᠢ ᠪᠣᠰᠤᠭ᠎ᠠ ᠳᠡᠦᠭᠡ ᠶᠢᠨ ᠭᠢᠴᠢᠶᠡᠯ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠡᠭᠡᠷ᠎ᠡ ᠪᠠᠨ ᠭᠦᠷᠦᠭ᠌ ᠱᠤᠭᠤᠮᠠᠯ ᠪᠠᠢ᠌ᠭᠤᠯᠵᠤ ᠦᠭ‍ᠭᠦ ᠶᠢ

ᠭᠦᠯᠢᠶᠡᠵᠤ ᠣᠳᠠᠭᠰᠠᠨ ᠭᠦᠭᠡᠭᠡᠴᠡᠯᠳᠦᠯ ᠮᠦᠨ

ᠭᠠᠳᠠ ᠮᠠᠢ᠌ᠷᠠᠨ ᠪᠣᠯ ᠭᠠᠵᠠᠷ ᠰᠢᠷᠤᠢ ᠳᠡᠭᠡᠷ᠎ᠡ ᠨᠢ ᠭᠦᠰᠢᠶ᠎ᠡ ᠳᠤᠷᠠᠰᠬᠠᠯ ᠪᠠᠢ᠌ᠭᠤᠯᠵᠤ ᠦᠭ‍ᠭᠦ ᠳᠤ

ᠬᠤᠯᠠ ᠶᠢᠨ ᠳᠡᠭ᠍ᠷᠢ ᠡᠴᠡ ᠠᠨᠢᠪᠴᠢᠨ ᠬᠠᠷᠠᠬᠤ ᠣᠳᠤᠨ ᠮᠦᠨ



7

ᠭᠠᠳᠠ ᠮᠠᠢ᠌ᠷᠠᠨ ᠪᠣᠯ ᠳᠡᠭ᠍ᠷᠢ ᠮᠦᠨ

ᠭᠠᠳᠠ ᠮᠠᠢ᠌ᠷᠠᠨ ᠪᠣᠯ ᠭᠠᠵᠠᠷ ᠮᠦᠨ

ᠭᠠᠳᠠ ᠮᠠᠢ᠌ᠷᠠᠨ ᠪᠣᠯ ᠮᠤᠩᠭ᠋ᠤᠯ ᠭᠦᠮᠤᠨ ᠮᠦᠨ


2006 ᠣᠨ 12ᠰᠠᠷ᠎ᠠ ᠪᠠᠭᠡᠵᠢᠩ ᠳᠤ

ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄ ᠰᠢᠯᠦᠭ
ᠳᠠᠷᠤᠮ᠄ 10416
ᠴᠠᠭ᠄ 2008 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ