☆ ᠰᠣ᠊·ᠦᠨᠡᠠᠴᠢ
ᠨᠠᠮ᠎ᠠ ᠳᠤ ᠰᠠᠨᠠᠭ᠎ᠠ ᠲᠡᠶ ᠭᠡᠦᠭᠡᠨ
ᠨᠠᠮ᠎ᠠ ᠳᠤ ᠰᠠᠨᠠᠭ᠎ᠠ ᠲᠡᠶ ᠭᠡᠦᠭᠡᠨ
ᠨᠠᠢ᠌ᠳᠠᠬᠤ ᠥᠭᠡ ᠶᠢ ᠮᠢᠨᠢ ᠰᠤᠨᠤᠰᠤᠭᠠᠴᠢ
ᠨᠠᠠᠳᠢᠨ ᠰᠡᠳᠭᠢᠯ ᠤᠨ ᠭᠦᠨ ᠳ᠋ᠡᠭᠡᠨ
ᠨᠠᠷᠢᠨ ᠳᠤᠩᠭ᠋ᠠᠭᠠᠵᠤ ᠪᠣᠳᠤᠭᠠᠴᠢ
ᠨᠠᠭᠠᠯᠳᠤᠵᠤ ᠪᠢᠳᠡᠭᠡᠢ ᠣᠢᠷᠠᠳᠤᠭᠠᠤᠨ ᠪᠠᠢ
ᠨᠠᠯᠠᠵᠤ ᠪᠢᠳᠡᠭᠡᠢ ᠬᠤᠷᠭᠤᠳᠤᠭᠠᠤᠨ ᠪᠠᠢ
ᠨᠠᠰᠤᠨ ᠤ ᠬᠠᠨᠢ ᠪᠠᠨ ᠣᠯᠤᠭ᠎ᠠ ᠦᠭᠡᠶ ᠴᠤ ᠪᠢ
ᠨᠠᠭᠠᠳᠤᠭᠢ ᠰᠡᠳᠭᠢᠯ ᠳᠡᠭᠡᠨ ᠭᠦᠮᠤᠨ ᠲᠡᠶ ᠰᠢᠤ
ᠬᠠᠢ᠌ᠷ᠎ᠠ ᠶᠢᠨ ᠬᠤᠷᠸ᠎ᠠ ᠬᠤᠶᠠᠭᠤᠯᠠ ᠳ᠋ᠤ
ᠬᠠᠨᠢᠯᠠᠬᠤ ᠶᠢᠨ ᠳᠠᠪᠢᠯᠠᠩ ᠲᠤᠬᠢᠶᠠᠭᠠ ᠦᠭᠡᠶ ᠬᠣᠢ᠌ᠨ᠎ᠠ
ᠬᠠᠯᠠᠭᠤᠨ ᠳᠤᠯᠠᠭᠠᠨ ᠠᠮᠢᠳᠤᠷᠠᠯ ᠳᠠᠭᠠᠨ ᠪᠢᠳᠠ
ᠬᠠᠷᠠᠮᠰᠠᠯ ᠭᠤᠮᠤᠳᠠᠯ ᠥᠯᠡᠳᠡᠭᠡᠭᠦ ᠦᠭᠡᠶ ᠶᠠᠪᠣᠶ᠎ᠠ
ᠨᠠᠷᠠ ᠰᠢᠭ ᠰᠠᠢ᠌ᠬᠠᠨ ᠰᠡᠳᠭᠢᠯ ᠶᠢᠡᠨ
ᠨᠠᠮᠵᠢᠭᠤᠨ ᠳᠤᠭᠳᠠᠭᠤᠨ ᠪᠠᠢ᠌ᠯᠭᠠᠭᠠᠴᠢ
ᠨᠠᠷᠠᠳᠤ ᠶᠢᠨ ᠵᠠᠢ ᠳᠤ ᠨᠠᠮ᠎ᠠ ᠵᠢ
ᠨᠠᠢ᠌ᠵᠠ ᠪᠠᠷ ᠳᠠᠨᠢᠵᠤ ᠶᠠᠪᠣᠭᠠᠷᠠᠢ
ᠠᠯᠠᠭ ᠬᠤᠷᠸ᠎ᠠ ᠭᠡᠵᠤ ᠠᠭᠤᠳᠠᠮ
ᠠᠮᠢᠳᠤᠷᠠᠯ ᠤᠨ ᠵᠠᠮ ᠭᠡᠵᠤ ᠣᠷᠳᠤ ᠪᠣᠢ
ᠠᠮᠠᠷᠠᠭ ᠬᠤᠩᠭ᠋ᠤᠷ ᠭᠡᠭ᠍ᠴᠢ ᠭᠠᠭᠴᠠᠬᠠᠨ ᠪᠣᠢ
ᠠᠰᠢᠳᠠ ᠶᠢᠨ ᠵᠢᠷᠭᠠᠯ ᠭᠡᠭ᠍ᠴᠢ ᠰᠠᠢ᠌ᠬᠠᠨ ᠪᠣᠢ
ᠳᠤᠯᠢ ᠰᠢᠭ ᠳᠤᠩᠭ᠋ᠠᠯᠠᠭ ᠰᠡᠳᠭᠢᠯ ᠵᠢᠠᠨ
ᠳᠤᠭᠤᠰᠤᠷᠠᠭᠤᠯᠵᠤ ᠪᠢᠳᠡᠭᠡᠢ ᠭᠦᠡᠳᠡᠭᠡᠭᠡᠴᠢ
ᠳᠤᠮᠤᠭᠠᠭᠠᠷᠠᠵᠤ ᠣᠬᠠᠭᠠᠷᠠᠬᠤ ᠨᠠᠰᠤᠨ ᠳ᠋ᠠᠭᠠᠨ
ᠳᠤᠷᠠᠯᠠᠯ ᠶᠢᠡᠨ ᠵᠦᠪ ᠰᠤᠩᠭ᠋ᠤᠭᠠᠷᠠᠢ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2009 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ