ᠨᠡᠪᠲᠡᠷᠡᠨ ᠤᠷᠤᠬᠤ
ᠬᠠᠢ᠌ᠷ᠎ᠠ

ᠬᠠᠢ᠌ᠷ᠎ᠠ ᠭᠡᠭ᠍ᠴᠢ ᠳᠡᠯᠡᠭᠡᠢ ᠪᠠᠢ᠌ᠯ᠎ᠠ

ᠬᠠᠮᠤᠭ ᠶᠠᠭᠤᠮ᠎ᠠ ᠶᠢ ᠪᠠᠭᠳᠠᠭᠠᠵᠤ ᠴᠢᠳᠠᠳᠠᠭ

ᠬᠠᠨᠠᠭᠠᠷ ᠦᠷᠭᠡᠨ ᠳᠡᠯᠡᠭᠡᠢ ᠪᠠᠢ᠌ᠯ᠎ᠠ

ᠬᠠᠶᠠᠭᠳᠠᠵᠤ ᠥᠨᠦᠴᠢᠷᠡᠭ᠍ᠰᠡᠨ ᠬᠡᠦᠬᠡᠳ ᠢ

ᠬᠠᠪᠳᠠᠭᠠᠢ ᠴᠡᠭᠡᠵᠢ ᠪᠠᠷ ᠶᠢᠡᠨ ᠳᠤᠯᠠᠭᠠᠯᠠᠳᠠᠭ

ᠬᠠᠢ᠌ᠷᠠᠯᠠᠯᠳᠠᠢ ᠥᠭ᠍‍ᠭᠢᠶᠡᠮᠦᠷᠴᠢ ᠡᠭᠡ ᠪᠠᠢ᠌ᠯ᠎ᠠ

ᠬᠠᠢ᠌ᠷ᠎ᠠ ᠭᠡᠭ᠍ᠴᠢ ᠳᠡᠭ᠍ᠷᠢ ᠪᠠᠢ᠌ᠯ᠎ᠠ

ᠲᠦᠮᠡᠨ ᠣᠳᠤᠳ ᠳᠦᠭᠦᠷᠡᠩ ᠪᠠᠯᠴᠢᠭ᠍ᠰᠡᠨ

ᠳᠦᠭᠡᠮᠡᠯ ᠡᠯᠢᠭᠡ ᠲᠡᠶ ᠳᠡᠭ᠍ᠷᠢ ᠪᠠᠢ᠌ᠯ᠎ᠠ

ᠲᠤᠢ᠌ᠯᠳᠠᠭᠰᠠᠨ ᠭᠦᠮᠤᠨ ᠠᠷᠠᠤᠨ ᠶᠢᠠᠨ

ᠲᠦᠰᠢᠵᠤ ᠳᠤᠯᠤᠭᠠᠤᠨ ᠳᠡᠮᠵᠢᠳᠡᠭ᠌

ᠲᠤᠢ᠌ᠯᠪᠣᠷᠢᠳᠠᠢ ᠦᠨᠡᠠᠴᠢ ᠰᠢᠳᠦᠭᠡᠨ ᠪᠠᠢ᠌ᠯ᠎ᠠ

ᠬᠠᠢ᠌ᠷ᠎ᠠ ᠭᠡᠭ᠍ᠴᠢ ᠠᠭᠤᠯᠠ ᠪᠠᠢ᠌ᠯ᠎ᠠ

ᠨᠢᠩᠵᠢᠨ ᠰᠡᠳᠭᠢᠯ ᠶᠢᠡᠷ ᠰᠦᠮᠪᠦᠷᠯᠠᠵᠤ ᠪᠣᠰᠤᠭᠰᠠᠨ

ᠨᠦᠮᠦᠷᠢ ᠪᠣᠯᠤᠭᠰᠠᠨ ᠠᠭᠤᠯᠠ ᠪᠠᠢ᠌ᠯ᠎ᠠ

ᠨᠠᠷᠠᠯᠠᠭ ᠬᠤᠷᠸ᠎ᠠ ᠶᠢᠨ ᠨᠠᠷᠠ ᠪᠠᠷ ᠳᠤᠳᠠᠭᠰᠠᠨ ᠭᠦᠮᠦᠰ ᠢ

ᠨᠡᠭᠡᠢ ᠳᠠᠪᠠᠯ ᠶᠢᠠᠷ ᠶᠢᠡᠨ ᠪᠦᠯᠢᠶᠡᠰᠭᠡᠳᠡᠭ᠌

ᠨᠢᠭᠦᠯᠡᠰᠴᠤ ᠡᠨᠡᠷᠢᠳᠡᠭ᠌ ᠪᠣᠷᠬᠠᠨ ᠪᠠᠢ᠌ᠯ᠎ᠠ᠃


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠠ᠊·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2703
ᠴᠠᠭ᠄ 2012 ᠤᠨ ᠤ 02 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ