☆ ᠡᠷᠳᠡᠨᠢᠪᠠᠭᠠᠨ᠎ᠠ
ᠭᠡᠭᠡᠷ᠎ᠡ ᠶᠢᠨ ᠡᠪᠠᠰᠤ
ᠭᠦᠭᠡ ᠳᠡᠭ᠍ᠷᠢ ᠳᠤ ᠪᠠᠨ ᠬᠠᠢ᠌ᠷᠠᠳᠠᠢ ᠪᠣᠯᠬᠤᠷ
ᠡᠪᠠᠰᠤ ᠴᠢ ᠨᠤᠭᠤᠭᠠᠷᠠᠨ᠎ᠠ
ᠭᠦᠷᠦᠰᠦᠳᠤ ᠭᠠᠵᠠᠷ ᠲᠤ ᠪᠠᠨ ᠡᠭᠡᠯᠢᠳᠡᠢ ᠪᠣᠯᠬᠤᠷ
ᠡᠪᠠᠰᠤ ᠴᠢ ᠨᠠᠢ᠌ᠭᠤᠨ᠎ᠠ
ᠭᠦᠰᠡᠯ ᠬᠠᠢ᠌ᠷ᠎ᠠ ᠶᠢᠨ ᠵᠡᠭᠦᠳᠤ ᠲᠡᠶ ᠪᠣᠯᠬᠤᠷ
ᠡᠪᠠᠰᠤ ᠴᠢ ᠭᠡᠰᠤᠨᠡ
ᠭᠦᠳᠡᠭᠡ ᠳᠠᠯ᠎ᠠ ᠳᠤ ᠦᠨᠳᠦᠰᠦ ᠲᠡᠶ ᠪᠣᠯᠬᠤᠷ
ᠡᠪᠠᠰᠤ ᠴᠢ ᠦᠨᠵᠢᠨᠡ
ᠨᠠᠷᠠᠨ ᠰᠠᠷᠠᠨ ᠤ ᠰᠠᠢ᠌ᠨ ᠢ ᠮᠠᠳᠠᠷᠠᠨ
ᠡᠪᠠᠰᠤ ᠴᠢ ᠦᠰᠤᠨᠡ
ᠨᠠᠮᠢᠷᠠᠭ᠎ᠠ ᠬᠤᠷ᠎ᠠ ᠶᠢᠨ ᠨᠠᠢ᠌ᠷ ᠢ ᠭᠦᠷᠳᠡᠨ
ᠡᠪᠠᠰᠤ ᠴᠢ ᠵᠢᠷᠭᠢᠨ᠎ᠡ
ᠨᠠᠯᠠᠭᠠᠷ ᠳᠠᠯ᠎ᠠ ᠶᠢᠨ ᠰᠦᠨᠠᠰᠤ ᠲᠡᠶ ᠪᠣᠯᠬᠤᠷ
ᠡᠪᠠᠰᠤ ᠴᠢ ᠮᠥᠩᠭᠡᠷᠡᠨ᠎ᠡ
ᠨᠠᠪᠴᠢ ᠴᠡᠴᠡᠭ᠌ ᠤᠨ ᠲᠦᠯᠤ ᠲᠡᠶ ᠪᠣᠯᠬᠤᠷ
ᠡᠪᠠᠰᠤ ᠴᠢ ᠨᠠᠷᠭᠢᠨᠡ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11293
ᠴᠠᠭ᠄ 2013 ᠤᠨ ᠤ 03 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ