☆ ᠰᠦᠨᠵᠤᠤ ᠣᠷᠬᠤᠨ
ᠴᠢᠮ᠎ᠠ ᠣᠷᠤᠭᠤ ᠳᠦᠭᠦᠯᠡ
ᠴᠠᠴᠠᠨ ᠮᠠᠯᠠᠮᠢ ᠭᠦᠷᠭᠦ ᠥᠭᠡᠢ
ᠳᠠᠷᠠ ᠬᠤᠯᠠ ᠶᠢᠨ ᠭᠠᠵᠠᠷ ᠡᠴᠡ
ᠴᠢᠨᠤ ᠲ᠋ᠤᠢᠷᠢ ᠴᠢᠨᠢ ᠥᠵᠡᠭ᠍ᠳᠡᠭᠦ ᠪᠠᠷ
ᠪᠢ ᠴᠢᠮ᠎ᠠ ᠣᠷᠤᠭᠤ ᠳᠦᠭᠦᠯᠡ︕
ᠴᠢᠭᠢᠨ ᠰᠤᠨᠤᠷ ᠲᠤ ᠢᠷᠡᠭᠦ ᠦᠭᠡᠶ
ᠳᠠᠷᠠ ᠠᠯᠤᠰ ᠤᠨ ᠵᠠᠢ ᠡᠴᠡ
ᠴᠢᠨᠤ ᠳᠠᠭᠤ ᠴᠢᠨᠢ ᠰᠤᠨᠤᠰᠳᠠᠬᠤ ᠪᠠᠷ
ᠪᠢ ᠴᠢᠮ᠎ᠠ ᠣᠷᠤᠭᠤ ᠳᠦᠭᠦᠯᠡ︕
ᠠᠶᠠᠨ ᠵᠠᠮ ᠤᠨ ᠮᠢᠨᠢ ᠥᠵᠦᠭᠦᠷ
ᠭᠡᠪᠢᠰ ᠰᠢᠭ᠌ ᠡᠪᠭᠡᠭ᠍ᠳᠡᠭᠦ ᠬᠤᠷᠤᠮ ᠲᠤ
ᠠᠯᠠᠭ ᠬᠤᠶᠠᠷ ᠨᠢᠳᠤ ᠴᠢᠨᠢ
ᠴᠡᠴᠡᠭᠡᠨ ᠳᠤᠮᠳᠠ ᠳᠤᠷᠮᠤᠯᠵᠠᠵᠤ
ᠠᠯᠤᠰ ᠤᠨ ᠴᠡᠩᠭᠡᠷ ᠠᠭᠤᠯᠠᠰ
ᠵᠡᠷᠭᠡᠯᠭᠡᠨ ᠤ ᠭᠦᠯ ᠳᠤᠪᠦᠷᠳᠡᠯᠵᠡᠬᠤ ᠳᠤ
ᠠᠯᠳᠠᠬᠠᠨ ᠰᠠᠢ᠌ᠬᠠᠨ ᠪᠠᠶ᠎ᠠ ᠴᠢᠨᠢ
ᠳᠡᠭᠦᠨ ᠤ ᠳᠤᠮᠳᠠ ᠥᠵᠡᠭ᠍ᠳᠡᠵᠤ
ᠠᠮᠠᠷᠠᠭ ᠴᠢᠮ᠎ᠠ ᠣᠷᠤᠭᠤ ᠪᠠᠨ ᠪᠢ
ᠬᠠᠢ᠌ᠷ᠎ᠠ ᠪᠣᠯᠤᠨ ᠳᠦᠭᠦᠯᠡ︕
ᠪᠢ ᠴᠢᠮ᠎ᠠ ᠣᠷᠤᠭᠤ ᠳᠦᠭᠦᠯᠡ︕ ︕
ᠵᠤᠬᠢᠶᠠᠭᠴᠢ᠄ ᠰᠦᠨᠵᠤᠤ ᠣᠷᠬᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2661
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ