☆ ᠪᠣᠷᠵᠢᠭᠢᠨ·ᠳᠤᠤᠯᠢ
ᠬᠠᠢ᠌ᠷ᠎ᠠ ᠰᠢᠩᠭᠡᠭ᠍ᠰᠡᠨ ᠴᠢᠯᠠᠭᠤ
ᠴᠡᠴᠡᠭ᠌ ᠤᠨ ᠠᠩᠭᠢᠯᠤᠮᠠᠯ ᠰᠢᠭ ᠵᠠᠯᠠᠭᠤ ᠨᠠᠰᠤᠨ ᠳ᠋ᠠᠭᠠᠨ
ᠬᠠᠢ᠌ᠷ᠎ᠠ ᠳᠠᠯᠠᠯᠤᠨ
ᠴᠢᠨᠤ ᠨᠠᠳᠠ ᠪᠠᠯᠡᠭᠯᠡᠭ᠍ᠰᠡᠨ ᠭᠦᠭᠡᠷᠦᠭᠦᠨ ᠴᠢᠯᠠᠭᠤ
ᠥᠤᠷ ᠤᠨ ᠴᠤᠤᠷᠢᠶᠠᠨ ᠳᠤ ᠨᠢᠭᠤᠴᠠᠯᠠᠭᠰᠠᠨ
ᠡᠪᠠᠰᠤᠨ ᠤ ᠪᠦᠪᠠᠢ ᠲᠡᠶ ᠴᠢᠯᠠᠭᠤ
ᠡᠳᠦᠷᠵᠢᠨ ᠳᠠᠪᠭᠢᠭᠰᠠᠨ ᠨᠠᠷᠠᠨ
ᠳᠠᠷᠠᠯᠠᠵᠤ ᠵᠢᠷᠭᠠᠳᠠᠭ ᠴᠢᠯᠠᠭᠤ
ᠡᠷᠭᠡ ᠵᠢᠷᠭᠠᠯᠠᠩ ᠤᠨ ᠴᠡᠴᠡᠭᠡᠰ
ᠦᠨᠳᠦᠰᠦ ᠪᠠᠷ ᠶᠢᠡᠨ ᠭᠦᠭᠦᠭ᠍ᠰᠡᠨ ᠴᠢᠯᠠᠭᠤ
ᠡᠷᠳᠡ ᠪᠣᠴᠠᠳᠠᠭ ᠭᠠᠯᠠᠭᠤᠳ
ᠳᠠᠭᠤᠨ ᠶᠢᠡᠷ ᠶᠢᠡᠨ ᠮᠡᠡᠳᠦᠴᠢᠯᠡᠭ᠍ᠰᠡᠨ ᠴᠢᠯᠠᠭᠤ
ᠭᠤᠯᠢᠶᠠᠨ ᠳᠠᠭᠤᠨ ᠶᠢᠡᠷ ᠣᠶᠠᠰᠴᠤ
ᠰᠢᠭᠦᠳᠡᠷᠢ ᠪᠠᠷ ᠨᠢᠯᠪᠣᠰᠤᠷᠠᠭᠰᠠᠨ ᠳᠠᠯ᠎ᠠ ᠵᠢᠨ
ᠭᠤᠨᠢᠭ ᠢ ᠨᠢ ᠠᠷᠭᠠᠳᠠᠭᠰᠠᠨ
ᠳᠠᠩᠳᠠ ᠴᠢᠭᠢᠭ᠍ᠳᠡᠢ ᠴᠢᠯᠠᠭᠤ
ᠵᠢᠯ ᠤᠨ ᠣᠯᠠᠷᠢᠯ ᠤᠨ ᠥᠩᠭᠡ ᠵᠢ
ᠵᠢᠰᠤᠨ ᠳᠡᠭᠡᠨ ᠵᠢᠷᠤᠭᠯᠠᠭᠰᠠᠨ ᠴᠢᠯᠠᠭᠤ
ᠣᠰᠤᠨ ᠳᠤ ᠵᠢᠩᠳᠡᠭ᠍ᠰᠡᠨ ᠢᠠᠵᠠᠭ᠎ᠠ ᠨᠢ
ᠳᠤᠯᠢᠶᠠᠵᠤ ᠳᠠᠮᠢᠷᠵᠢᠳᠠᠭ ᠴᠢᠯᠠᠭᠤ
ᠳᠠᠯ᠎ᠠ ᠳᠤ ᠳᠤᠭᠯᠠᠭᠰᠠᠨ ᠠᠶᠤᠩᠭ᠋᠎ᠠ ᠪᠠᠷ
ᠠᠯᠠᠭᠠᠳᠠᠭᠤᠯᠵᠤ ᠬᠠᠳᠠᠭᠤᠵᠢᠭᠰᠠᠨ ᠴᠢᠯᠠᠭᠤ
ᠳᠠᠭᠠᠨ᠎ᠠ ᠶᠢᠨ ᠦᠨᠦᠷ ᠳᠠᠮᠰᠢᠶᠠᠯᠠᠭᠰᠠᠨ
ᠳᠤᠷᠭᠠᠨ ᠥᠩᠭᠡᠳᠡᠢ ᠴᠢᠯᠠᠭᠤ
ᠲᠦᠮᠡᠨ ᠠᠭᠳᠠ ᠶᠢᠨ ᠳᠦᠪᠠᠷᠭᠡᠨ
ᠡᠭᠡᠰᠢᠭ᠌ ᠶᠢᠡᠷ ᠥᠨᠦᠰᠦᠭ᠍ᠰᠡᠨ ᠴᠢᠯᠠᠭᠤ
ᠳᠦᠯ ᠮᠠᠯ ᠤᠨ ᠭᠡᠯᠡ ᠵᠢ
ᠭᠦᠯᠭᠦᠵᠤ ᠮᠥᠯᠥᠢᠭ᠍ᠰᠡᠨ ᠴᠢᠯᠠᠭᠤ
ᠳᠡᠦᠭᠡ ᠪᠠᠨ ᠭᠡᠷᠡᠯᠳᠦᠭᠦᠯᠦᠭ᠍ᠰᠡᠨ ᠡᠪᠦᠭᠡᠳ ᠊ᠤᠨ
ᠶᠠᠰᠤ ᠳᠠᠷᠤᠭᠰᠠᠨ ᠴᠢᠯᠠᠭᠤ
ᠭᠦᠤ ᠪᠠᠨ ᠰᠠᠨᠠᠭᠰᠠᠨ ᠡᠭᠡ ᠵᠢᠨ
ᠰᠠᠴᠤᠯᠢ ᠰᠢᠩᠭᠡᠭ᠍ᠰᠡᠨ ᠴᠢᠯᠠᠭᠤ
ᠭᠡᠦᠭᠡᠨ ᠶᠢᠡᠨ ᠮᠤᠷᠳᠠᠭᠤᠯᠤᠭᠰᠠᠨ ᠨᠤᠳᠤᠭ ᠤᠨ
ᠳᠤᠮᠤᠭ ᠥᠭᠦᠯᠡᠭ᠍ᠰᠡᠨ ᠴᠢᠯᠠᠭᠤ
ᠳᠤᠤᠯᠢᠮ᠎ᠠ ᠳᠠᠯ᠎ᠠ ᠶᠢᠨ ᠵᠤᠳ ᠲᠤ
ᠬᠠᠪᠣᠷᠵᠢᠶ᠎ᠠ ᠬᠠᠷᠠᠭᠤᠯᠳᠠᠭᠰᠠᠨ ᠴᠢᠯᠠᠭᠤ
ᠣᠳᠤᠨ ᠤ ᠰᠢᠪᠠᠨᠡᠭᠡ ᠲᠡᠶ ᠶᠠᠷᠢᠯᠴᠠᠭᠰᠠᠨ
ᠣᠳᠤᠮ ᠤᠨ ᠨᠠᠢ᠌ᠷᠠᠭ ᠴᠢᠯᠠᠭᠤ
ᠣᠷᠴᠢᠯᠠᠩ ᠤᠨ ᠭᠠᠠᠵᠤᠭᠠᠨ ᠳᠤ ᠢᠷᠡᠭ᠍ᠰᠡᠨ
ᠳᠡᠯᠡᠭᠡᠢ ᠶᠢᠨ ᠪᠠᠯᠡᠭ᠌ ᠴᠢᠯᠠᠭᠤ
ᠳᠡᠯᠢᠭᠦᠨ ᠪᠣᠯᠳᠠᠭ ᠤᠨ ᠰᠠᠷᠠᠨ
ᠳᠦᠷᠦᠭᠡᠯᠡᠵᠤ ᠮᠠᠠᠳᠤᠳᠠᠭ ᠴᠢᠯᠠᠭᠤ
ᠳᠡᠯᠡᠭᠡᠢ ᠳᠠᠢ᠌ᠯᠠᠭᠰᠠᠨ ᠪᠣᠭᠳᠠ ᠶᠢᠨ ᠮᠢᠨᠢ
ᠪᠦᠰᠡᠨ ᠳᠤ ᠶᠠᠪᠣᠭᠰᠠᠨ ᠴᠢᠯᠠᠭᠤ ᠁
ᠴᠡᠴᠡᠭ᠌ ᠤᠨ ᠠᠩᠭᠢᠯᠤᠮᠠᠯ ᠰᠢᠭ ᠵᠠᠯᠠᠭᠤ ᠨᠠᠰᠤᠨ ᠳ᠋ᠠᠭᠠᠨ
ᠬᠠᠢ᠌ᠷ᠎ᠠ ᠳᠠᠯᠠᠯᠤᠨ
ᠴᠢᠨᠤ ᠨᠠᠳᠠ ᠪᠠᠭᠡᠯᠡᠭ᠍ᠰᠡᠨ ᠭᠦᠭᠡᠷᠦᠭᠦᠨ ᠴᠢᠯᠠᠭᠤ
ᠡᠷ᠎ᠡ ᠭᠦᠮᠤᠨ ᠰᠢᠭ᠌ ᠪᠠᠷᠵᠠᠭᠠᠷ
ᠳᠤᠯᠠᠭᠠᠨ ᠠᠷ ᠲᠡᠶ ᠴᠢᠯᠠᠭᠤ
ᠡᠨᠡ ᠬᠤᠷᠸ᠎ᠠ ᠶᠢᠨ ᠳᠠᠯ᠎ᠠ ᠨᠢ ᠪᠠᠢ᠌ᠭᠰᠠᠨ ᠁
ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2009 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ