☆ ᠪᠦᠭᠡᠴᠢᠯᠡᠭᠤ
ᠪᠠᠯᠪᠠᠴᠢ ᠶᠢᠨ ᠷᠠᠰᠢᠶᠠᠨ ᠳᠤ ᠰᠠᠭᠤᠯ᠎ᠠ
ᠨᠡᠭᠦᠳᠡᠯᠴᠢᠨ ᠮᠤᠩᠭ᠋ᠤᠯ ᠤᠨ ᠮᠢᠨᠢ ᠵᠤᠷᠢᠳᠠᠭ
ᠰᠡᠳᠭᠢᠯ ᠤᠨ ᠳᠠᠮᠢᠷ ᠶᠢᠡᠷ ᠣᠠᠳᠤᠷᠤᠭᠰᠠᠨ
ᠨᠤᠳᠤᠭ ᠤᠨ ᠨᠢᠭᠡᠨ ᠷᠠᠰᠢᠶᠠᠨ ᠡ᠊ᠨᠳᠡ ᠪᠠᠢ᠌ᠨ᠎ᠠ
ᠪᠠᠢ᠌ᠭᠠᠯᠢ ᠡᠭᠡ ᠶᠢᠨ ᠰᠤᠶᠤᠷᠬᠠᠭᠰᠠᠨ
ᠪᠠᠯᠪᠠᠴᠢ ᠶᠢᠨ ᠡᠨᠡ ᠷᠠᠰᠢᠶᠠᠨ ᠡᠴᠠ ᠭᠦᠷᠳᠡᠨ᠎ᠡ ᠭᠡᠳᠡᠭ᠌
ᠪᠠᠰᠠ ᠴᠤ ᠨᠢᠭᠡ ᠶᠤᠰᠤᠨ ᠤ ᠡᠷᠢᠯᠭᠢᠯᠡᠯ ᠪᠠᠢ᠌ᠵᠤ ᠮᠠᠳᠠᠨ᠎ᠡ
ᠭᠦᠮᠤᠨ ᠠᠷᠠᠤᠨ ᠤᠨ ᠶᠢᠡᠨ ᠡᠷᠡᠭᠦᠯ ᠰᠠᠷᠠᠭᠤᠯ ᠳ᠋ᠤ
ᠭᠦᠯᠦᠰᠤ ᠨᠢᠮᠭᠡᠨ ᠥᠭ᠍ᠭᠢᠶᠡᠮᠦᠷᠴᠢ ᠵᠠᠩ ᠲᠡᠶ ᠪᠠᠢ᠌ᠳᠠᠭ ᠡᠴᠠ
ᠭᠦᠰᠡᠭᠡᠳ ᠭᠦᠷᠦᠭ᠍ᠰᠡᠨ ᠵᠤᠪᠠᠯᠠᠩᠳᠠᠨ
ᠭᠦᠷᠡᠯ ᠴᠢᠯᠠᠭᠤ ᠰᠢᠭ ᠪᠠᠭᠢ ᠡᠳᠡᠭᠡᠵᠤ ᠪᠣᠴᠠᠳᠠᠭ ᠣᠯᠠᠨ ᠲᠡᠶ ᠶᠤᠮ
ᠭᠦᠭ᠍ᠵᠢᠯ ᠶᠢᠡᠷ ᠬᠤᠷᠳᠤᠯᠠᠭᠰᠠᠨ ᠦᠨᠦᠳᠤᠷ ᠤᠨ
ᠭᠦᠴᠦᠷᠭᠡᠭ᠌ ᠶᠢᠡᠷ ᠪᠣᠯᠳᠠᠭ ᠦᠭᠡᠶ ᠳᠠᠷᠬᠠᠨ ᠪᠠᠢ᠌ᠭᠠᠯᠢ ᠶᠤᠮ
ᠠᠮᠢᠰᠬᠤᠭᠠᠭᠰᠠᠨ ᠰᠢᠭ ᠶᠢᠡᠨ ᠠᠷᠢᠭᠤᠨ ᠰᠤᠷᠭᠤᠭ
ᠣᠤᠭᠤᠭᠰᠠᠨ ᠰᠢᠭ ᠶᠢᠡᠨ ᠰᠡᠷᠢᠭᠦᠨ ᠳᠤᠩᠭ᠋ᠠᠯᠠᠭ
ᠭᠠᠵᠠᠷ ᠣᠰᠤ ᠡᠷᠭᠡ ᠦᠭᠡᠶ ᠡ᠊ᠨᠳᠡ ᠣᠷᠤᠰᠢᠨ᠎ᠠ
ᠠᠮᠢᠳᠤ ᠪᠣᠯᠠᠭ ᠤᠨ ᠣᠰᠤ ᠵᠢ
ᠠᠯᠠᠭ᠎ᠠ ᠪᠠᠨ ᠪᠢᠳᠡᠭᠦᠯᠡᠵᠤ ᠣᠤᠭᠤᠴᠢᠳᠠᠭ ᠣᠴᠢᠷᠳᠠᠢ
ᠠᠮᠢᠳᠤ ᠶᠠᠪᠣᠬᠤ ᠶᠢᠨ ᠵᠢᠷᠭᠠᠯ ᠢ
ᠠᠯᠠᠭ᠎ᠠ ᠪᠠᠷ ᠬᠠᠪᠰᠤᠷᠴᠤ ᠵᠠᠯᠪᠠᠷᠢᠳᠠᠭ ᠤᠨ ᠳᠠᠷᠠ
ᠠᠷᠢᠭᠤᠨ ᠷᠠᠰᠢᠶᠠᠨ ᠢ ᠳᠠᠨᠢ
ᠠᠮᠰᠠᠵᠤ ᠣᠤᠭᠤᠬᠤ ᠡᠴᠠ ᠬᠤᠳᠤᠭᠤᠳᠤ ᠡᠷᠡᠭᠦᠯᠵᠢᠨᠡ
ᠠᠯᠳᠠᠨ ᠪᠣᠯᠠᠭ ᠤᠨ ᠳᠠᠨᠢ
ᠠᠯᠳᠠᠷᠠᠢ ᠨᠠᠷᠠ ᠶᠢ ᠳᠤᠭᠤᠯᠬᠤ ᠡᠴᠠ ᠡᠪᠡᠳᠴᠢᠨ ᠬᠤᠯᠠᠳᠤᠨ᠎ᠠ
ᠭᠠᠢ᠌ᠬᠠᠮᠰᠢᠭᠳᠤ ᠡᠷᠳᠡᠨᠢ ᠶᠢᠨ ᠣᠰᠤ ᠭᠡᠭ᠍ᠴᠢ ᠳᠠᠷᠠ ᠮᠦᠨ
ᠭᠠᠯᠠᠪ ᠳᠡᠯᠡᠭᠡᠢ ᠶᠢᠨ ᠷᠠᠰᠢᠶᠠᠨ ᠭᠡᠭ᠍ᠴᠢ ᠣᠠᠳᠤᠤ ᠶᠤᠮ
ᠡᠪᠡᠳᠴᠢᠨ ᠳᠠᠬᠤᠯ ᠡᠴᠠ ᠪᠠᠨ ᠰᠠᠯᠤᠭᠠᠤᠨ
ᠡᠩᠭᠡ ᠶᠢᠨ ᠴᠡᠩᠭᠡᠯ ᠶᠢᠡᠨ ᠳᠠᠭᠤᠯᠠᠬᠤ ᠳᠤ ᠨᠢ
ᠡᠭᠡᠰᠢᠭ᠌ ᠣᠠᠳᠤᠷᠤᠭᠰᠠᠨ ᠰᠢᠭ ᠪᠣᠯᠠᠭ ᠨᠢ ᠣᠷᠭᠢᠭᠠᠤᠨ
ᠡᠯᠢᠭᠡᠨ ᠲᠦᠮᠡᠨ ᠲᠡᠶ ᠪᠠᠨ ᠬᠠᠮᠳᠤ ᠪᠠᠶᠠᠰᠳᠠᠭ
ᠡᠪᠠᠢ ᠡᠪᠠᠢ ᠶᠠᠮᠠᠷ ᠰᠠᠢ᠌ᠬᠠᠨ
ᠡᠪᠡᠳᠴᠢᠨ ᠪᠠᠯᠪᠠᠴᠢᠭᠰᠠᠨ ᠷᠠᠰᠢᠶᠠᠨ ᠭᠡᠯᠳᠡᠢ
ᠡᠷᠭᠢᠭᠡᠳ ᠶᠠᠷᠤ ᠵᠤᠪᠠᠭᠠᠳᠠᠭ ᠥᠭᠡᠢ
ᠡᠯᠳᠡᠪ ᠤᠨ ᠠᠮᠳᠠᠳᠠᠨ ᠢ ᠡᠳ᠋ᠯᠡᠭᠦᠯᠳᠡᠭ᠌ ᠶᠤᠮ ᠯᠠᠢ
ᠪᠠᠯᠪᠠᠴᠢ ᠶᠢᠨ ᠷᠠᠰᠢᠶᠠᠨ ᠳᠤ ᠭᠦᠷᠦᠭᠡᠳ
ᠪᠠᠬᠠᠨ ᠬᠤᠨᠤᠭ ᠷᠠᠰᠢᠶᠠᠨ ᠣᠤᠭᠤᠵᠤ ᠰᠠᠭᠤᠯ᠎ᠠ
ᠪᠠᠷᠤᠭ ᠪᠦᠭᠦᠳᠡ ᠮᠤᠩᠭ᠋ᠤᠯ ᠶᠠᠰᠤᠳᠠᠤᠨ ᠳᠠᠢ
ᠪᠠᠯᠪᠠᠴᠢ ᠶᠢᠨ ᠷᠠᠰᠢᠶᠠᠨ ᠳᠤ ᠠᠭᠤᠯᠵᠠᠨ᠎ᠠ
ᠵᠤᠬᠢᠶᠠᠭᠴᠢ ᠶᠢᠨ ᠬᠠᠶᠢᠭ ᠄ ᠣᠯᠠᠭᠠᠢ ᠬᠠᠮᠢᠶᠠᠷᠤᠯᠳᠠ ᠶᠢᠨ ᠣᠷᠤᠨ ᠤ ᠮᠤᠩᠭ᠋ᠤᠯ ᠰᠤᠷᠭᠠᠭᠤᠯᠢ
ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2011 ᠤᠨ ᠤ 07 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ