ᠨᠡᠪᠲᠡᠷᠡᠨ ᠤᠷᠤᠬᠤ
ᠦᠵᠡᠭ᠍ᠳᠡᠯ

ᠴᠢᠳᠠᠪᠣᠷᠢ ᠶᠢ ᠴᠢᠨᠢ ᠭᠡᠵᠢᠶ᠎ᠡ ᠣᠯᠬᠤ ᠳᠠᠨᠢᠬᠤ ᠪᠢᠯᠠ

ᠴᠢᠠᠳᠠᠮᠤᠨᠢ ᠶᠢ ᠡᠯᠡᠰᠤᠨ ᠳᠤ ᠳᠠᠷᠤᠭᠳᠠᠭᠤᠯᠬᠤ ᠬᠠᠢ᠌ᠷᠠᠬᠠᠨ

ᠴᠠᠯᠢᠩ ᠳᠠᠯᠪᠢᠬᠤ ᠳᠤ ᠳᠠᠭᠠᠯᠳᠤᠭᠠᠤᠨ ᠢᠷᠡᠳᠡᠭ᠌

ᠲ᠋ᠠᠢ᠌ᠯᠠᠯᠭ᠎ᠠ ᠬᠤᠷᠢᠮ ᠤᠨ ᠵᠠᠷ ᠡᠴᠠ ᠭᠦᠮᠦᠰ ᠨᠢᠭᠡᠨᠲᠡ ᠬᠠᠰᠢᠷᠴᠢᠬᠠᠵᠠᠢ


ᠠᠯᠪᠠᠨ ᠰᠢᠷᠡᠭᠡ ᠪᠠᠨ ᠭᠢᠯᠠᠢ᠌ᠳᠠᠯ᠎ᠠ ᠠᠷᠴᠢᠭᠰᠠᠨ ᠴᠤ

ᠠᠪᠣᠭᠠᠤᠨ ᠥᠵᠡᠭᠦᠯᠦᠮᠡᠷ ᠶᠠᠭᠤᠮ᠎ᠠ ᠴᠤ ᠪᠠᠢ᠌ᠬᠤ ᠥᠭᠡᠢ

ᠨᠤᠮ ᠰᠡᠳᠭᠦᠯ ᠵᠠᠭᠢᠶᠠᠯᠠᠬᠤ ᠦᠭᠡᠶ ᠶᠤᠮ ᠦᠦ ᠭᠡᠭᠦ ᠳ᠋ᠤ

ᠨᠤᠭᠤᠭ᠎ᠠ ᠴᠠᠭ᠎ᠠ ᠠᠪᠣᠪᠠᠯ ᠳᠡᠭᠡᠷ᠎ᠡ ᠭᠡᠨ᠎ᠡ


ᠮᠤᠩᠭ᠋ᠤᠯ ᠪᠠᠢ᠌ᠳᠠᠯ᠎ᠠ ᠭᠡᠳᠦᠭᠦᠯᠡ ᠪᠠᠨ ᠭᠢᠳᠠᠤᠨ ᠶᠢᠡᠷ ᠭᠡᠯᠡᠭᠡᠢ᠌ᠷᠡᠨ᠎ᠡ

ᠮᠤᠳᠤᠨ ᠭᠦᠷᠵᠡ ᠪᠠᠷ ᠰᠢᠪᠠᠷ ᠨᠤᠬᠤᠬᠤ ᠰᠢᠭ ᠶᠠᠪᠣᠭᠤᠷᠢ ᠦᠭᠡᠶ ᠰᠤᠨᠤᠰᠳᠠᠨ᠎ᠠ

ᠮᠠᠩᠬ᠎ᠠ ᠡᠯᠡᠰᠤᠨ ᠳᠤ ᠰᠢᠬᠠᠭᠳᠠᠭᠠᠤᠨ ᠪᠠᠯᠴᠢᠭᠡᠷ ᠣᠰᠤ ᠪᠠᠭᠠᠰᠤᠨ᠎ᠠ

ᠮᠥᠮᠥ ᠠᠪᠣ ᠳᠠᠭᠠᠨ ᠰᠢᠬᠠᠭᠳᠠᠭᠠᠤᠨ ᠮᠤᠩᠭ᠋ᠤᠯ ᠭᠡᠯᠡ ᠪᠠᠨ ᠮᠠᠷᠳᠠᠨ᠎ᠠ


ᠮᠤᠩᠭ᠋ᠤᠯ ᠭᠡᠯᠡ ᠪᠠᠨ ᠠᠯᠳᠠᠬᠤ ᠬᠡᠦᠬᠡᠳ ᠣᠯᠠᠰᠢᠷᠠᠬᠤ ᠳᠤ

ᠮᠤᠩᠭ᠋ᠤᠯ ᠰᠤᠷᠭᠠᠭᠤᠯᠢ ᠨᠤᠭᠤᠳ ᠴᠥᠭᠡᠷᠡᠵᠤ ᠢᠷᠠᠨ᠎ᠡ

ᠮᠤᠩᠭ᠋ᠤᠯ ᠰᠤᠷᠭᠠᠭᠤᠯᠢ ᠨᠤᠭᠤᠳ ᠴᠥᠭᠡᠷᠡᠵᠤ ᠢᠷᠡᠭᠦ ᠳᠤ

ᠮᠤᠩᠭ᠋ᠤᠯ ᠪᠠᠭᠰᠢ ᠨᠡᠷ ᠵᠤᠪᠠᠵᠤ ᠡᠭᠢᠯᠡᠨ᠎ᠡ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12192
ᠴᠠᠭ᠄ 2012 ᠤᠨ ᠤ 06 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ