ᠨᠡᠪᠲᠡᠷᠡᠨ ᠤᠷᠤᠬᠤ
ᠮᠤᠩᠭ᠋ᠤᠯ ᠭᠦᠮᠤᠨ ᠤ ᠵᠢᠷᠦᠭᠡᠨ ᠤ ᠪᠢᠴᠢᠭᠡᠰᠤ

ᠪᠢ ᠊᠊᠊᠊᠊᠊᠊᠊᠊᠊᠊᠊᠊᠊᠊ ᠳᠠᠪᠤᠨ ᠬᠠᠨ᠎ᠠ ᠲᠡᠶ ᠭᠡᠷ ᠲᠤ ᠲᠦᠷᠦᠵᠠᠢ

ᠪᠢ ᠊᠊᠊᠊᠊᠊᠊᠊᠊᠊᠊᠊᠊᠊᠊ ᠳᠠᠪᠤᠨ ᠳᠢᠪ ᠲᠡᠶ ᠳᠡᠯᠡᠭᠡᠢ ᠳᠤ ᠲᠦᠷᠦᠵᠠᠢ

ᠪᠢ ᠊᠊᠊᠊᠊᠊᠊᠊᠊᠊᠊᠊᠊᠊᠊ ᠪᠣᠭᠤᠷᠤᠯ ᠳᠡᠦᠭᠡ ᠲᠡᠶ ᠮᠤᠩᠭ᠋ᠤᠯ ᠳᠤ ᠲᠦᠷᠦᠵᠠᠢ᠂

ᠪᠢ ᠊᠊᠊᠊᠊᠊᠊᠊᠊᠊᠊᠊᠊᠊᠊ ᠪᠣᠷᠬᠠᠤᠨ ᠮᠡᠡᠳᠦᠯᠡᠳᠡᠭ᠌ ᠳᠤᠷᠤᠨᠠᠳᠤ ᠳᠤ ᠲᠦᠷᠦᠵᠠᠢ

ᠪᠣᠢ᠌ᠳᠤᠭ ᠤᠨ ᠮᠢᠨᠢ ᠬᠤᠩᠬᠤ ᠨᠠᠮ᠎ᠠ ᠶᠢ ᠭᠦᠯ ᠳᠤ ᠣᠷᠤᠭᠤᠯᠤᠭᠰᠠᠨ

ᠪᠣᠳᠤᠭᠤᠨ ᠪᠣᠢ᠌ᠯᠠᠭᠠᠨ ᠨᠠᠮ᠎ᠠ ᠶᠢ ᠭᠡᠯᠡ ᠳᠤ ᠣᠷᠤᠭᠤᠯᠤᠭᠰᠠᠨ

ᠣᠤᠬᠠᠢ ᠭᠢᠩᠭ᠋ᠤᠤ ᠨᠠᠳᠠ ᠳᠤ ᠵᠢᠭᠦᠷ ᠣᠷᠭᠤᠭᠤᠯᠤᠭᠰᠠᠨ

ᠣᠷᠳᠤ ᠶᠢᠨ ᠳᠠᠭᠤᠤ ᠨᠠᠳᠠ ᠳᠤ ᠣᠬᠠᠭᠠᠨ ᠴᠠᠷᠠᠭᠠᠯᠠᠭᠰᠠᠨ

ᠡᠪᠳᠡᠷᠡᠪᠠᠰᠤ ᠪᠢᠳᠠ ᠬᠤᠪᠢᠶᠠᠬᠤ ᠶᠢᠨ ᠭᠦᠷᠳᠤ ᠡ

ᠡᠪᠯᠡᠷᠡᠪᠠᠰᠤ ᠪᠢᠳᠠ ᠥᠷᠡᠵᠢᠭᠦᠯᠭᠦ ᠶᠢᠨ ᠭᠦᠷᠳᠤ ᠡ

ᠡᠨᠡ ᠪᠣᠯ ᠮᠢᠨᠤ ᠵᠢᠷᠦᠭᠡᠨ ᠤ ᠪᠢᠴᠢᠭᠡᠰᠤ ᠡ

ᠡᠪᠯᠡᠷᠡᠭ᠍ᠰᠡᠨ ᠴᠠᠭ ᠲᠤ ᠪᠠᠨ ᠮᠤᠩᠭ᠋ᠤᠯᠴᠤᠳ ᠪᠢᠳᠠ ᠭᠦᠴᠦᠳᠡᠢ


ᠠᠪᠳᠠᠷ᠎ᠠ ᠳᠤᠳᠤᠷ᠎ᠠ ᠪᠠᠨ ᠰᠤᠳᠤᠷ ᠮᠢᠨᠢ ᠪᠠᠭᠳᠠᠳᠠᠭ

ᠠᠳᠠᠨ ᠤ ᠪᠠᠨ ᠨᠢᠷᠤᠭᠤᠨ ᠳᠤ ᠭᠡᠷ ᠮᠢᠨᠢ ᠪᠠᠭᠳᠠᠳᠠᠭ

ᠥᠷᠭᠦᠭᠡᠨ ᠳᠤᠭᠤᠨᠤ ᠪᠠᠷ ᠮᠢᠨᠢ ᠨᠠᠷᠠᠨ ᠪᠠᠭᠳᠠᠳᠠᠭ

ᠥᠩᠭᠦᠯᠴᠡᠭ᠌ ᠤᠨ ᠳᠤᠳᠤᠷ᠎ᠠ ᠮᠢᠨᠢ ᠣᠷᠴᠢᠯᠠᠩ ᠣᠷᠴᠢᠳᠠᠭ ᠡ


ᠪᠢ ᠊᠊᠊᠊᠊᠊᠊᠊᠊᠊᠊᠊᠊᠊᠊ ᠳᠡᠯᠡᠭᠡᠢ ᠶᠢᠨ ᠭᠡᠪ ᠲᠡᠶ ᠭᠡᠷ ᠤᠨ ᠡᠵᠡᠨ

ᠪᠢ ᠊᠊᠊᠊᠊᠊᠊᠊᠊᠊᠊᠊᠊᠊᠊ ᠳᠡᠭᠡᠭ᠍ᠰᠢ ᠪᠠᠨ ᠵᠠᠶᠠᠭᠠᠳᠠᠢ ᠪᠣᠶᠠᠨ ᠤ ᠡᠵᠡᠨ

ᠪᠢ ᠊᠊᠊᠊᠊᠊᠊᠊᠊᠊᠊᠊᠊᠊᠊ ᠳᠡᠭᠡᠷ᠎ᠡ ᠪᠠᠨ ᠨᠠᠷᠠ ᠲᠡᠶ ᠳᠡᠭ᠍ᠷᠢ ᠶᠢᠨ ᠡᠵᠡᠨ

ᠪᠢ ᠊᠊᠊᠊᠊᠊᠊᠊᠊᠊᠊᠊᠊᠊᠊ ᠳᠡᠭᠡᠳᠦᠰ ᠡᠴᠡ ᠵᠠᠷᠯᠢᠭ ᠲᠡᠶ ᠮᠤᠩᠭ᠋ᠤᠯ ᠤᠨ ᠡᠵᠡᠨ


ᠪᠢ ᠊᠊᠊᠊᠊᠊᠊᠊᠊᠊᠊᠊᠊᠊᠊ ᠳᠠᠪᠤᠨ ᠬᠤᠰᠢᠭᠤ ᠰᠥᠷᠦᠭ᠌ ᠤᠨ ᠡᠵᠡᠨ

ᠪᠢ ᠊᠊᠊᠊᠊᠊᠊᠊᠊᠊᠊᠊᠊᠊᠊ ᠳᠠᠯ᠎ᠠ ᠬᠠᠩᠭ᠋ᠠᠢ ᠭᠤᠪᠢ ᠶᠢᠨ ᠡᠵᠡᠨ

ᠪᠢ ᠊᠊᠊᠊᠊᠊᠊᠊᠊᠊᠊᠊᠊᠊᠊ ᠯᠤᠤᠰ ᠲᠡᠶ ᠭᠦᠭᠡ ᠣᠰᠤᠨ ᠤ ᠡᠵᠡᠨ

ᠪᠢ ᠊᠊᠊᠊᠊᠊᠊᠊᠊᠊᠊᠊᠊᠊᠊ ᠯᠤᠤ ᠲᠡᠶ ᠭᠦᠭᠡ ᠳᠡᠭ᠍ᠷᠢ ᠶᠢᠨ ᠡᠵᠡᠨ


ᠪᠦᠷᠢᠡᠳᠡᠯᠭᠡᠷ ᠪᠠᠭᠤᠯᠭᠠᠪᠠ

ᠬᠠᠶ‍ᠢᠭ ᠄ ᠭᠦᠪᠠᠭᠡᠳᠤ ᠰᠢᠷ᠎ᠠ

ᠵᠤᠬᠢᠶᠠᠭᠴᠢ᠄ ᠳᠠᠩᠭ᠋ᠤᠳ ᠤᠨ ᠭᠠᠯᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2765
ᠴᠠᠭ᠄ 2010 ᠤᠨ ᠤ 02 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ