ᠨᠡᠪᠲᠡᠷᠡᠨ ᠤᠷᠤᠬᠤ
ᠮᠤᠩᠭ᠋ᠤᠯ ᠭᠦᠤ ᠶᠢᠨ ᠰᠦᠰᠦ

ᠭᠡᠨᠡᠨ ᠬᠠᠷᠠᠩᠭ᠋ᠤᠢ ᠭᠡᠮᠰᠢᠯ ᠤᠨ ᠵᠠᠮ ᠠᠷᠤ ᠬᠣᠢ᠌ᠨ᠎ᠠ ᠮᠢᠨᠢ ᠪᠠᠯᠠᠷᠠᠭᠰᠠᠭᠠᠷ

ᠭᠡᠨᠡᠳᠲᠡ ᠰᠤᠴᠢᠨ ᠬᠠᠷ᠎ᠠ ᠳᠠᠷᠤᠭᠰᠠᠨ ᠵᠡᠭᠦᠳᠤᠨ ᠡᠴᠡ ᠰᠡᠷᠢᠭᠦᠯ᠎ᠡ

ᠭᠡᠭᠡᠪᠴᠢᠨ᠎ᠡ ᠳᠤᠰᠤᠭᠰᠠᠨ ᠨᠠᠷᠠᠨ ᠤ ᠭᠡᠷᠡᠯ ᠥᠷᠦᠭᠡᠨ᠎ᠡ ᠳᠤᠯᠠᠢ᠌ᠨ ᠭᠡᠷᠡᠯᠳᠡᠵᠤ

ᠭᠡᠷ ᠤᠨ ᠰᠠᠷᠠᠪᠴᠢᠨ᠎ᠠ ᠪᠣᠷᠤ ᠪᠢᠯᠵᠠᠤᠬᠠᠢ ᠰᠢᠨ᠎ᠠ ᠪᠠᠶᠠᠷ ᠶᠢᠡᠷ ᠱᠤᠯᠤᠭᠠᠨᠠᠮᠤᠢ᠃

ᠠᠶ᠎ᠠ ᠭᠦᠭᠡᠷᠦᠭᠦᠢ︕ ᠥᠩᠭᠡᠷᠡᠭ᠍ᠰᠡᠨ ᠤ ᠵᠠᠮ ᠵᠥᠭᠡᠯᠳᠡᠢ ᠪᠣᠯᠠᠢ

ᠠᠰ ᠪᠣᠰᠤᠭᠰᠠᠨ ᠬᠣᠢ᠌ᠬ᠎ᠠ ᠶᠢᠨ ᠦᠰᠦ ᠭᠡᠳᠦᠡᠳᠡ ᠳᠠᠳᠠᠭᠠᠯᠵᠠᠨ ᠴᠠᠴᠠᠷᠠᠪᠠᠢ

ᠠᠶᠠᠨ ᠤ ᠨᠥᠭᠦᠤᠨ ᠠᠯᠢ ᠴᠠᠭ ᠭᠡᠳᠦᠢ ᠮᠦᠴᠡ ᠳᠤᠷ ᠮᠤᠷᠳᠠᠪᠠ

ᠠᠭᠰᠤᠮ ᠭᠦᠯᠦᠭ᠌ ᠤᠨ ᠵᠢᠯᠤᠭᠤ ᠶᠢ ᠰᠤᠩᠭ᠋ᠠᠨ ᠳᠠᠩᠰᠠᠨ ᠳᠠᠰᠢᠭᠤᠷ ᠪᠠᠭᠤᠯᠭᠠᠪᠠ᠃

ᠮᠠᠩᠬ᠎ᠠ ᠳᠠᠭᠤᠯᠵᠤ ᠳᠠᠯ᠎ᠠ ᠶᠢ ᠭᠡᠳᠦᠯᠦᠭ᠍ᠰᠡᠨ ᠳᠠᠳᠠᠨᠠᠷ ᠴᠤ ᠶᠠᠭᠠᠭᠢᠮᠠᠢ

ᠮᠠᠭᠠᠤᠨ ᠢᠷᠡᠭᠦ ᠮᠠᠷᠭᠠᠰᠢ ᠭᠦᠭᠡᠭᠡᠵᠤ ᠭᠦᠢᠴᠡᠭᠡᠳ

ᠮᠠᠷᠰᠠᠢ᠌ᠨ ᠢᠨᠢᠶᠠᠵᠤ ᠪᠣᠳᠤᠭᠰᠠᠨ ᠳᠠᠭᠠᠨ ᠭᠦᠷᠦᠭ᠍ᠰᠡᠨ ᠳᠠᠷᠠ ᠡᠳᠦᠷ

ᠮᠤᠩᠭ᠋ᠤᠯ ᠭᠦᠤ ᠶᠢᠨ ᠰᠦᠰᠦ ᠡᠨᠡ ᠭᠡᠵᠤ ᠠᠭᠤᠯᠠ ᠶᠢ ᠳᠠᠯᠪᠠ ᠪᠠᠷᠭᠢᠷᠠᠨᠠᠮ︕

ᠵᠤᠬᠢᠶᠠᠭᠴᠢ᠄ ᠨᠣ᠊·ᠬᠤᠤᠰ
ᠢᠷᠡᠯᠲᠡ᠄ ᠡᠷᠭᠦᠨ᠎ᠡ
ᠬᠠᠷᠢᠶ᠎ᠠ᠄ ᠰᠢᠯᠦᠭ
ᠳᠠᠷᠤᠮ᠄ 2819
ᠴᠠᠭ᠄ 2008 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ