ᠨᠡᠪᠲᠡᠷᠡᠨ ᠤᠷᠤᠬᠤ
ᠥᠭᠦᠯᠡᠪᠦᠷᠢ ᠡᠴᠡ ᠵᠤᠬᠢᠶᠠᠯ ᠁

ᠵᠤᠬᠢᠶᠠᠨ ᠪᠢᠴᠢᠭᠦ ᠪᠣᠯ ᠭᠦᠮᠤᠨ ᠤ ᠣᠷ᠎ᠠ ᠣᠬᠠᠭᠠᠨ ᠳᠤ ᠰᠠᠭᠤᠷᠢᠯᠠᠭᠰᠠᠨ ᠰᠢᠷᠭᠠᠭᠤ ᠭᠦᠳᠡᠯᠮᠦᠷᠢ ᠶᠤᠮ᠃ ᠭᠡᠴᠢᠨᠡᠨ ᠶᠡᠭᠡ ᠣᠶᠤᠨ ᠤ ᠰᠢᠷᠭᠠᠭᠠᠯ ᠶᠢᠡᠷ ᠭᠡᠳᠦᠢ ᠳᠠᠳᠤᠢ ᠭᠦᠴᠤ ᠭᠦᠯᠦᠰᠤ ᠵᠠᠷᠤᠴᠠᠭᠤᠯᠤᠭᠰᠠᠨ ᠤ ᠦᠷ᠎ᠡ ᠳ᠋ᠦ᠋ᠩ ᠳᠤ ᠰᠠ‍‌ᠶᠢ ᠭᠤᠸ᠎ᠠ ᠳᠠᠭᠠᠰᠢᠶᠠᠯ ᠤᠨ ᠭᠤᠶᠤ ᠭᠦᠷᠳᠡᠭᠡᠯ ᠢ ᠡᠳ᠋ᠯᠡᠨ ᠵᠢᠷᠭᠠᠳᠠᠭ᠃

ᠵᠤᠬᠢᠶᠠᠨ ᠪᠢᠴᠢᠭᠦ ᠭᠡᠴᠡᠭᠦᠤ ᠭᠡᠭᠦ ᠳᠤ ᠵᠤᠬᠢᠶᠠᠨ ᠪᠢᠴᠢᠯᠭᠡ ᠶᠢᠨ ᠵᠠᠮ ᠳᠤ ᠭᠦᠳᠦᠯᠭᠦ ᠪᠣᠯ ᠨᠠᠩ ᠭᠦᠴᠢᠷ ᠠᠵᠢᠯ ᠪᠣᠯᠬᠤ ᠶᠤᠮ᠃

ᠪᠠᠭ᠎ᠠ ᠰᠤᠷᠭᠠᠭᠤᠯᠢ ᠶᠢᠨ ᠱᠠᠳᠤᠨ ᠳᠤ᠂ ᠰᠤᠷᠤᠭᠴᠢᠳ ᠤᠨ ᠵᠤᠬᠢᠶᠠᠨ ᠪᠢᠴᠢᠯᠭᠡ ᠶᠢᠨ ᠣᠷᠮ᠎ᠠ ᠪᠠᠬ᠎ᠠ ᠶᠢ ᠭᠦᠮᠦᠵᠢᠭᠦᠯᠭᠦ ᠪᠣᠯ ᠵᠤᠬᠢᠶᠠᠨ ᠪᠢᠴᠢᠭᠦᠯᠭᠦ ᠳᠤᠰ ᠪᠠᠶ᠎ᠠ ᠡᠴᠡ ᠨᠢ ᠴᠢᠬᠤᠯᠠ ᠪᠠᠢ᠌ᠳᠠᠭ ᠢ ᠳᠤᠳᠤᠷᠬᠠᠢ᠌ᠯᠠᠭᠤᠰᠢᠳᠠᠢ᠃

ᠭᠡᠯᠡ ᠭᠦᠯ ᠳᠤ ᠣᠷᠤᠭᠠᠤᠨ ᠭᠡᠳᠤᠨ ᠥᠭᠡ ᠬᠤᠯᠪᠣᠵᠤ ᠴᠢᠳᠠᠬᠤ ᠡᠴᠡ ᠵᠤᠬᠢᠶᠠᠨ ᠪᠢᠴᠢᠭᠦ ᠪᠣᠯᠪᠠᠰᠤᠷᠠᠯ ᠡᠭᠢᠯᠡᠨ᠎ᠡ᠃ ᠣᠨᠤᠪᠴᠢᠳᠠᠢ ᠰᠢᠭ ᠶᠠᠷᠢᠪᠠᠯ᠂ ᠬᠠᠮᠤᠭ ᠠᠩᠬ᠎ᠠ᠂ ᠳᠤᠤᠷᠠᠳᠤ ᠣᠨ ᠤ ᠰᠤᠷᠤᠭᠴᠢᠳ ᠲᠤ 《ᠵᠤᠬᠢᠶᠠᠯ ᠪᠢᠴᠢᠭᠦᠯᠤᠨ᠎ᠡ》 ᠭᠡᠵᠤ ᠣᠨᠤᠯ ᠤᠨ ᠦᠨᠳᠦᠷ ᠮᠠᠯᠠᠭᠠᠢ ᠡᠮᠦᠰᠭᠡᠭᠦ ᠣᠴᠢᠷ ᠦᠭᠡᠶ᠃ ᠬᠠᠷᠢᠨ ᠥᠭᠡ ᠡᠴᠡ ᠥᠭᠦᠯᠡᠪᠦᠷᠢ ᠳᠤ ᠭᠦᠳᠦᠯᠭᠦ ᠡᠴᠡ ᠵᠤᠬᠢᠶᠠᠨ ᠪᠢᠴᠢᠯᠭᠡ ᠶᠢᠨ ᠠᠩᠬᠠᠨ ᠤ ᠳᠠᠰᠬᠠᠯ ᠡᠭᠢᠯᠡᠨ᠎ᠡ᠃

ᠰᠠᠢ᠌ᠬᠠᠨ ᠵᠤᠬᠢᠶᠠᠯ ᠰᠠᠨᠠᠮᠰᠠᠷ ᠦᠭᠡᠶ ᠭᠠᠷᠳᠠᠭ᠃

ᠨᠢᠭᠡ᠂ ᠰᠤᠷᠤᠭᠴᠢ ᠪᠠᠨ ᠭᠤᠷᠪᠠᠨ ᠳᠤᠭᠣᠢ᠌ᠯᠠᠩ ᠬᠤᠪᠢᠶᠠᠵᠤ ᠪᠣᠯᠪᠠᠰᠤᠷᠠᠬᠤ ᠪᠠᠷ ᠵᠢᠱᠢᠪᠠᠯ᠂ ᠳᠤᠭᠣᠢ᠌ᠯᠠᠩ ᠨᠢᠭᠡᠴᠡ ᠪᠠᠷ ᠪᠦᠭᠦᠯᠢ ᠴᠤᠭᠴᠠ ᠪᠣᠯᠭᠠᠨ ᠥᠭᠦᠯᠡᠪᠦᠷᠢ ᠵᠤᠬᠢᠶᠠᠬᠤ ᠳᠤᠭᠯᠠᠭᠠᠮ ᠦᠷᠨᠢᠭᠦᠯᠵᠤ ᠪᠣᠯᠤᠨ᠎ᠠ᠃

ᠬᠤᠶᠠᠷ᠂ 《ᠮᠤᠩᠭ᠋ᠤᠯ᠂ ᠭᠡᠯᠡ᠂ ᠬᠠᠢ᠌ᠷ᠎ᠠ ᠁》᠂ 《ᠪᠢ᠂ ᠪᠠᠭᠰᠢ᠂ ᠡᠵᠢ ᠁》᠂ 《ᠰᠤᠷᠭᠠᠭᠤᠯᠢ᠂ ᠡᠷᠳᠡᠮ᠂ ᠢᠷᠡᠭᠡᠳᠦᠢ ᠁》 ᠮᠠᠳᠤ ᠶᠢᠨ ᠭᠤᠷᠪᠠᠨ ᠭᠡᠯᠭᠢᠶ᠎ᠡ ᠥᠭᠡ ᠥᠭ᠍ᠴᠤ᠂ ᠳᠤᠭᠣᠢ᠌ᠯᠠᠩ ᠨᠢᠭᠡᠴᠢᠯᠡᠨ ᠥᠭᠦᠯᠡᠪᠦᠷᠢ ᠵᠤᠬᠢᠶᠠᠯᠭᠠᠨ᠎ᠠ᠃

ᠭᠤᠷᠪᠠ᠂ ᠳᠤᠷ᠎ᠠ ᠶᠢᠨ ᠨᠢᠭᠡ ᠳᠤᠭᠣᠢ᠌ᠯᠠᠩ ᠤᠨ ᠳᠤᠭᠯᠠᠭᠠᠮ ᠢ ᠰᠠᠮᠪᠠᠷ᠎ᠠ ᠳᠤ ᠭᠦᠢᠴᠡᠳᠭᠡᠯᠭᠡᠨ᠎ᠡ᠃ ᠭᠡᠭᠦ ᠳᠤ ᠪᠠᠨ 《ᠮᠤᠩᠭ᠋ᠤᠯ》 ᠭᠡᠳᠡᠭ᠌ ᠨᠢᠭᠡᠳᠦᠭᠡᠷ ᠥᠭᠡ ᠶᠢ ᠡᠭᠢᠨ ᠤ ᠰᠤᠷᠤᠭᠴᠢ ᠥᠭᠦᠯᠡᠪᠦᠷᠢ ᠳᠤ ᠣᠷᠤᠭᠤᠯᠤᠭᠰᠠᠨ ᠤ ᠳᠠᠷᠠᠭ᠎ᠠ ᠬᠤᠶᠠᠳᠤᠭᠠᠷ ᠭᠦᠮᠤᠨ ᠢ ᠳᠠᠭᠤᠳᠠᠵᠤ 《ᠭᠡᠯᠡ》 ᠭᠡᠳᠡᠭ᠌ ᠶᠢᠡᠷ ᠥᠭᠦᠯᠡᠪᠦᠷᠢ ᠵᠤᠬᠢᠶᠠᠯᠭᠠᠬᠤ ᠮᠦᠷᠳᠡᠭᠡᠨ ᠴᠢᠳᠠᠬᠤ ᠶᠢᠨ ᠳᠤᠳᠤᠷ᠎ᠠ ᠨᠢᠭᠡᠳᠦᠭᠡᠷ ᠥᠭᠦᠯᠡᠪᠦᠷᠢ ᠲᠡᠶ ᠠᠪᠴᠠᠯᠳᠤᠬᠤ ᠭᠡᠷᠡᠭ᠍ᠳᠡᠢ ᠭᠡᠭᠦ ᠱᠠᠭᠠᠷᠳᠠᠯᠭ᠎ᠠ ᠳᠠᠯᠪᠢᠨ᠎ᠠ᠃ ᠡᠨᠡ ᠮᠠᠳᠤᠴᠢᠯᠠᠨ ᠳᠤᠭᠳᠠᠭᠰᠠᠨ ᠥᠭᠡᠰ ᠢ ᠥᠭᠦᠯᠡᠪᠦᠷᠢ ᠳᠤ ᠣᠷᠤᠭᠤᠯᠵᠤ ᠳᠠᠭᠤᠰᠤᠭᠰᠠᠨ ᠤ ᠳᠠᠷᠠᠭ᠎ᠠ᠂ ᠳᠤᠭᠣᠢ᠌ᠯᠠᠩ ᠤᠨ ᠳᠠᠷᠤᠭ᠎ᠠ ᠡᠴᠠ ᠡᠳᠡᠭᠡᠷ ᠥᠭᠦᠯᠡᠪᠦᠷᠢ ᠶᠢ ᠨᠡᠢ᠌ᠯᠡᠭᠦᠯᠤᠨ ᠣᠩᠰᠢᠵᠤ᠂ ᠶᠡᠷᠦᠩᠭᠡᠢ᠌ᠯᠡᠭ᠍ᠰᠡᠨ ᠰᠢᠠᠵᠢ ᠲᠡᠶ ᠨᠢᠭᠡ ᠭᠠᠷᠴᠠᠭ ᠬᠠᠳᠠᠨ᠎ᠠ ᠊᠊᠊᠊᠊᠊᠊᠊᠊᠊᠊᠊᠊᠊᠊ ᠡᠨᠡ ᠪᠣᠯ ᠳᠠᠷᠤᠢ ᠨᠢᠭᠡ ᠵᠢᠵᠢᠭ᠌ ᠵᠤᠬᠢᠶᠠᠯ ᠤᠨ ᠭᠡᠰᠡᠭᠯᠡᠯ ᠤᠨ ᠠᠩᠬᠠᠨ ᠤ ᠪᠦᠷᠢᠯᠳᠦᠯ ᠮᠦᠨ᠃ ᠳᠤᠭᠣᠢ᠌ᠯᠠᠩ ᠬᠤᠭᠤᠷᠤᠠᠳᠤ ᠨᠢ ᠬᠠᠷᠢᠴᠠᠭᠤᠯᠤᠨ ᠠᠳᠠᠯᠢᠤᠠᠬᠠᠵᠤ᠂ ᠠᠯᠢ ᠳᠤᠭᠣᠢ᠌ᠯᠠᠩ ᠨᠢ ᠨᠢᠭᠡᠨ ᠦᠨᠳᠦᠰᠦᠨ ᠰᠠᠨᠠᠭ᠎ᠠ ᠶᠢ ᠢᠯᠡᠷᠡᠭᠦᠯᠵᠤ ᠳᠡᠢ᠌ᠯᠦᠭ᠍ᠰᠡᠨ ᠡᠰᠡᠭᠦ ᠪᠠᠷ ᠳᠤᠭᠣᠢ᠌ᠯᠠᠩ ᠤᠨ ᠭᠡᠰᠢᠭᠦᠳ ᠤᠨ ᠬᠤᠭᠤᠷᠤᠠᠳᠤ ᠶᠢᠨ ᠬᠠᠮᠵᠢᠯᠴᠠᠭ᠎ᠠ ᠨᠢ ᠥᠭᠦᠯᠡᠪᠦᠷᠢ ᠨᠤᠭᠦᠳ ᠤᠨ ᠬᠤᠭᠤᠷᠤᠠᠳᠤᠭᠢ ᠬᠤᠯᠪᠣᠭᠠᠰᠤ ᠵᠤᠬᠢᠶᠠᠮᠵᠢᠯᠠᠯ ᠤᠨ ᠠᠰᠠᠭᠤᠳᠠᠯ ᠪᠣᠯᠵᠤ ᠣᠯᠠᠨ ᠥᠭᠦᠯᠡᠪᠦᠷᠢ ᠪᠠᠷ ᠨᠢᠭᠡ ᠰᠠᠨᠠᠭ᠎ᠠ ᠶᠢ ᠳᠤᠪᠣᠢ᠌ᠯᠭᠠᠬᠤ ᠠᠵᠢᠯᠯᠠᠭᠠᠨ ᠪᠦᠷᠢᠯᠳᠤᠨ᠎ᠡ᠃

ᠳᠦᠷᠪᠠ᠂ ᠠᠩᠬ᠎ᠠ ᠡᠭᠢᠨ ᠳᠤ ᠪᠠᠨ ᠦᠭ‍ᠭᠦᠭ᠍ᠳᠡᠭ᠍ᠰᠡᠨ ᠥᠭᠡ ᠶᠢ ᠥᠭᠦᠯᠡᠪᠦᠷᠢ ᠳᠤ ᠣᠷᠤᠭᠤᠯᠤᠭᠰᠠᠨ ᠳᠠᠯ᠎ᠠ ᠪᠠᠷ ᠦᠨᠡᠯᠠᠯᠳᠠ ᠭᠢᠪᠠᠯ ᠪᠣᠯᠴᠢᠬᠠᠨ᠎ᠠ᠃ ᠳᠠᠷᠠᠭ᠎ᠠ ᠳᠤ ᠨᠢ ᠰᠠ‍‌ᠶᠢ ᠬᠠᠷᠢᠯᠴᠠᠨ ᠣᠶᠠᠯᠳᠤᠵᠤ ᠥᠭᠦᠯᠡᠪᠦᠷᠢ ᠵᠤᠬᠢᠶᠠᠬᠤ ᠶᠠᠪᠣᠴᠠ ᠶᠢ ᠪᠠᠶᠡᠯᠡᠭᠦᠯᠤᠨ᠎ᠡ᠃ ᠢᠩᠭᠢᠭ᠍ᠰᠡᠨ ᠤ ᠰᠠᠭᠤᠷᠢᠨ ᠳᠤ ᠥᠭᠦᠯᠡᠪᠦᠷᠢ ᠪᠠᠨ ᠣᠯᠠᠮ ᠨᠢᠭᠡ ᠠᠯᠬᠤᠮ ᠣᠷᠠᠨ ᠨᠠᠷᠢᠨ ᠡᠮᠭᠢᠯᠡᠭᠦ᠂ ᠰᠤᠷᠤᠭᠰᠠᠨ ᠮᠡᠳᠡᠭ᠍ᠰᠡᠨ ᠰᠤᠩᠭ᠋ᠤᠳᠠᠭ ᠭᠡᠯᠡᠯᠭᠡ ᠶᠢ ᠨᠡᠪᠴᠢᠭᠡᠨ ᠠᠰᠢᠭᠯᠠᠬᠤ ᠁ ᠮᠠᠳᠤ ᠶᠢᠨ ᠣᠷᠠᠯᠢᠭ ᠤᠨ ᠪᠣᠯᠪᠠᠰᠤᠷᠠᠯ ᠵᠥᠭ᠌ ᠠᠭᠠᠵᠢᠮ ᠶᠢᠡᠷ ᠭᠦᠳᠦᠯᠵᠤ᠂ ᠭᠡᠵᠢᠶ᠎ᠡ ᠨᠢᠭᠡ ᠥᠵᠡᠭᠦ ᠳᠤ ᠭᠡᠮᠵᠢᠶᠡᠯᠡᠰᠢ ᠦᠭᠡᠶ ᠰᠠᠢ᠌ᠬᠠᠨ ᠥᠭᠦᠯᠡᠪᠦᠷᠢ ᠨᠤᠭᠦᠳ ᠶᠢᠡᠷ ᠴᠤᠭᠴᠠᠯᠠᠭᠳᠠᠭᠰᠠᠨ ᠣᠬᠤᠷ ᠵᠤᠬᠢᠶᠠᠯ ᠤᠨ ᠭᠡᠰᠡᠭᠯᠡᠯ ᠣᠯᠠᠨ ᠤ ᠣᠷᠤᠯᠳᠤᠯᠭ᠎ᠠ ᠪᠠᠷ ᠪᠣᠢ ᠪᠣᠯᠴᠢᠬᠠᠭᠰᠠᠨ᠂ ᠬᠠᠮᠳᠤ ᠶᠢᠨ ᠪᠦᠳᠦᠭᠡᠯ ᠤᠨ ᠬᠠᠪᠣ ᠴᠡᠩᠭᠡᠯ ᠳᠤ ᠪᠦᠭᠦᠳᠡ ᠪᠦᠭᠦᠳᠡᠭᠡᠷ ᠪᠠᠶᠠᠷᠯᠠᠨ ᠣᠷᠠᠢ᠌ᠯᠠᠵᠤ ᠪᠠᠢ᠌ᠬᠤ ᠪᠣᠯᠤᠨ᠎ᠠ᠃

ᠳᠠᠪᠣ᠂ ᠶᠠᠷᠢᠶ᠎ᠠ ᠢᠯᠡᠳᠭᠡᠯ ᠤᠨ ᠳᠠᠪᠬᠤᠷ ᠣᠢ᠌ᠯᠠᠳᠤᠯ᠄ ᠣᠳᠤᠬᠠᠨ ᠳᠤ᠂ ᠬᠡᠦᠬᠡᠳ ᠤᠨ ᠳᠦᠷᠤᠯᠭᠢ ᠭᠡᠯᠡᠨ ᠤ ᠥᠭᠡᠰ ᠤᠨ ᠰᠠᠩ ᠤᠨ ᠶᠠᠳᠠᠭᠤᠷᠠᠯ ᠢᠯᠡᠷᠭᠡᠢ᠌ᠶ᠎ᠡ ᠭᠡᠴᠡᠭᠦᠳᠡᠭ᠍ᠰᠡᠨ ᠨᠥᠭᠦᠴᠡᠯ ᠳᠤᠤᠷ᠎ᠠ᠂ ᠪᠠᠭ᠎ᠠ ᠰᠤᠷᠭᠠᠭᠤᠯᠢ ᠶᠢᠨ ᠮᠤᠩᠭ᠋ᠤᠯ ᠭᠡᠯᠡᠨ ᠤ ᠵᠢᠭᠠᠬᠤ ᠠᠭᠤᠯᠭ᠎ᠠ ᠨᠢ ᠠᠭᠢᠴᠠ ᠪᠠᠨ ᠳᠠᠭᠠᠬᠤ ᠳᠤ ᠭᠦᠴᠢᠷᠳᠡᠵᠤ ᠪᠠᠢ᠌ᠭ᠎ᠠ ᠥᠵᠡᠭ᠍ᠳᠡᠯ ᠨᠠᠯᠢᠶᠠᠤᠨ ᠳᠦᠭᠡᠮᠡᠯ ᠪᠠᠢ᠌ᠭ᠎ᠠ ᠪᠠᠢ᠌ᠳᠠᠯ ᠳᠤᠤᠷ᠎ᠠ᠂ ᠡᠢ᠌ᠮᠦᠷᠭᠦ ᠪᠣᠯᠪᠠᠰᠤᠷᠠᠯ ᠤᠨ ᠠᠵᠢᠯᠯᠠᠭᠠᠨ ᠤ ᠴᠠᠭ᠂ ᠪᠣᠯᠤᠮᠵᠢ ᠭᠡᠳᠦᠷᠭᠡᠢ ᠳᠡᠭᠦᠯᠳᠡᠷ ᠪᠢᠰᠢ ᠨᠢ ᠮᠡᠳᠡᠭᠡᠵᠢ᠃ ᠡᠢ᠌ᠮᠤ ᠡᠴᠠ ᠡᠨᠡᠭᠦ ᠪᠣᠯᠪᠠᠰᠤᠷᠠᠯ ᠨᠢ ᠵᠠᠷᠢᠮ ᠪᠠᠢ᠌ᠳᠠᠯ ᠳᠤ ᠪᠢᠴᠢᠵᠤ ᠨᠠᠢ᠌ᠷᠠᠭᠤᠯᠬᠤ ᠪᠢᠰᠢ᠂ ᠭᠡᠯᠡᠵᠤ ᠶᠠᠷᠢᠬᠤ ᠭᠡᠯᠪᠠᠷᠢ ᠪᠠᠷ ᠢᠯᠠᠷᠠᠨ᠎ᠡ᠃ ᠢᠩᠭᠢᠵᠤ ᠭᠢᠭᠦ ᠨᠢ ᠪᠢᠴᠢᠵᠤ ᠡᠮᠭᠢᠯᠡᠭᠦ ᠶᠢᠨ ᠭᠢᠷᠢ ᠠᠮᠵᠢᠯᠳᠠ ᠳᠤ ᠭᠦᠷᠴᠤ ᠳᠡᠢ᠌ᠯᠭᠦ ᠦᠭᠡᠶ ᠪᠣᠯᠪᠠᠴᠤ ᠴᠠᠭ ᠲᠤ ᠶᠡᠭᠡ ᠠᠷᠪᠢᠳᠠᠢ ᠪᠠᠢ᠌ᠳᠠᠭ᠃ ᠡᠨᠡ ᠪᠣᠯᠪᠠᠰᠤᠷᠠᠯ ᠳᠤ ᠳᠤᠭᠣᠢ᠌ᠯᠠᠩ ᠤᠨ ᠭᠡᠰᠢᠭᠦᠤᠨ ᠤᠨ ᠶᠠᠷᠢᠭᠰᠠᠨ ᠥᠭᠦᠯᠡᠪᠦᠷᠢ ᠶᠢ ᠪᠠᠭᠰᠢ ᠡᠴᠠ ᠳᠤᠬᠠᠢ ᠳᠤ ᠨᠢ ᠦᠨᠡᠯᠠᠨ ᠵᠤᠷᠢᠭᠵᠢᠭᠤᠯᠵᠤ᠂ ᠳᠠᠷᠠᠭᠠᠴᠢ ᠶᠢᠨ ᠭᠡᠰᠢᠭᠦᠨ ᠤ ᠵᠤᠬᠢᠶᠠᠨ ᠶᠠᠷᠢᠬᠤ ᠳᠤ ᠵᠤᠭᠢᠬᠤ ᠭᠦᠳᠦᠯᠦᠮᠵᠢ ᠰᠡᠩᠭᠡᠷᠡᠭᠦᠯᠦᠯ ᠭᠢᠭᠦ ᠮᠦᠷᠳᠡᠭᠡᠨ ᠶᠡᠷᠦᠩᠭᠡᠢ ᠭᠠᠷᠴᠠᠭ ᠢ ᠪᠠᠭᠰᠢ ᠡᠴᠠ ᠬᠤᠷᠢᠶᠠᠩᠭ᠋ᠣᠢ᠌ᠯᠠᠨ ᠥᠭᠦᠯᠡᠪᠠᠯ ᠰᠠᠢ᠌ᠨ᠃ ᠡᠢ᠌ᠮᠦᠷᠭᠦ ᠪᠣᠯᠪᠠᠰᠤᠷᠠᠯ ᠨᠢ ᠰᠤᠷᠤᠭᠴᠢᠳ ᠤᠨ ᠶᠠᠷᠢᠵᠤ ᠢᠯᠡᠳᠭᠡᠭᠦ ᠴᠢᠳᠠᠪᠣᠷᠢ ᠶᠢ ᠶᠡᠭᠡ ᠪᠠᠷ ᠳᠡᠭᠡᠭ᠍ᠰᠢᠯᠡᠭᠦᠯᠭᠦ ᠮᠦᠷᠳᠡᠭᠡᠨ ᠠᠵᠢᠯᠯᠠᠭᠠᠨ ᠳᠤ ᠣᠷᠤᠯᠴᠠᠬᠤ ᠵᠤᠷᠢᠭ ᠣᠬᠠᠮᠰᠠᠷ ᠢ ᠴᠤ ᠳᠡᠭᠦᠯᠳᠡᠷᠵᠢᠭᠦᠯᠭᠦ ᠠᠴᠢ ᠣᠢ᠌ᠯᠠᠳᠤᠯ ᠲᠡᠶ ᠪᠠᠢ᠌ᠳᠠᠭ᠃

ᠶᠡᠷᠦᠩᠭᠡᠢ ᠳᠤ ᠨᠢ ᠥᠭᠦᠯᠡᠪᠠᠯ᠂ ᠡᠢ᠌ᠮᠦᠷᠭᠦ ᠪᠣᠯᠪᠠᠰᠤᠷᠠᠯ ᠢ ᠡᠷᠳᠡ ᠡᠴᠠ ᠡᠭᠢᠯᠡᠵᠤ᠂ ᠡᠭᠦᠷᠢ ᠪᠠᠷᠢᠮᠳᠠᠯᠠᠬᠤ ᠪᠣᠯ ᠵᠠᠩᠭᠢᠯᠠᠭ᠎ᠠ᠃ ᠬᠠᠯᠠᠭᠤᠨ ᠲᠡᠶ᠂ ᠭᠦᠢᠳᠡᠨ ᠲᠡᠶ ᠠᠵᠢᠯ ᠪᠣᠯ ᠬᠠᠭᠠᠰ ᠳᠤᠳᠠᠭᠤ ᠳᠡᠭᠦᠰᠭᠡᠯ ᠳᠤ ᠭᠦᠷᠳᠡᠭ᠌᠃ ᠦᠷᠭᠦᠯᠵᠢ ᠶᠢᠨ ᠴᠢᠨᠠᠷᠳᠠᠢ ᠳᠤᠭᠯᠠᠬᠤ ᠶᠢᠨ ᠣᠯᠠᠮ ᠡᠴᠡ ᠥᠭᠡ ᠰᠤᠩᠭ᠋ᠤᠯᠳᠠ ᠶᠢᠨ ᠭᠦᠡᠳᠤ ᠶᠢᠨ ᠵᠢᠩ ᠢ ᠨᠡᠮᠡᠭ᠍ᠳᠡᠭᠦᠯᠵᠤ᠂ ᠳᠤᠳᠤ ᠥᠭᠡ ᠶᠢ ᠳᠤᠳᠤᠷᠬᠠᠢ ᠡᠮᠭᠢᠯᠡᠨ᠂ ᠳᠤᠭᠤᠳᠠᠭ ᠰᠤᠩᠭ᠋ᠤᠳᠠᠭ ᠪᠦᠳᠦᠭᠡᠯ ᠢ ᠪᠦᠷᠢᠯᠳᠦᠭᠦᠯᠭᠦ ᠬᠠᠮᠳᠤ ᠶᠢᠨ ᠴᠢᠷᠮᠠᠢ᠌ᠯᠭ᠎ᠠ ᠪᠠᠷ ᠮᠠᠨ ᠤ ᠰᠠᠢ᠌ᠬᠠᠨ ᠠᠮᠢᠳᠤᠷᠠᠯ ᠶᠢᠡᠨ ᠠᠳᠠᠯᠢᠬᠠᠨ ᠶᠢᠡᠨ ᠮᠠᠰᠢ ᠭᠤᠸ᠎ᠠ ᠵᠤᠬᠢᠶᠠᠯ ᠢ ᠪᠢᠴᠢᠵᠤ ᠪᠣᠯᠬᠤ ᠰᠠᠨ︕




ᠵᠤᠬᠢᠶᠠᠭᠴᠢ ᠶᠢᠨ ᠬᠠᠶ‍ᠢᠭ᠄ ᠣᠯᠠᠭᠠᠨ ᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤᠨ ᠤ ᠪᠠᠶᠠᠨ ᠠᠭᠤᠯᠠ ᠪᠠᠭ᠎ᠠ ᠰᠤᠷᠭᠠᠭᠤᠯᠢ

ᠵᠤᠬᠢᠶᠠᠭᠴᠢ᠄ ᠴᠢᠯᠠᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3549
ᠴᠠᠭ᠄ 2010 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ