☆ ᠳ᠋·ᠪᠦᠷᠢᠨᠲᠤᠭᠲᠠᠬᠤ
ᠴᠢᠷᠭ᠎ᠠ ᠶᠢᠨ ᠳᠠᠭᠤᠤ
ᠣᠮᠠᠷᠠᠳᠤ ᠶᠢᠨ ᠡᠪᠦᠯ ᠴᠠᠪ ᠴᠠᠭᠠᠨ
ᠣᠷᠳᠤ ᠦᠳᠡᠰᠢ ᠨᠢ ᠴᠤ ᠨᠠᠮ ᠨᠠᠮᠵᠢᠭᠤᠬᠠᠨ
ᠠᠯᠤᠰ ᠲᠤ ᠭᠢᠯᠠᠯᠠᠵᠠᠭᠠ ᠭᠡᠷᠡᠯ ᠢ ᠵᠤᠷᠢᠵᠤ
ᠮᠤᠷᠢᠨ ᠴᠢᠷᠭ᠎ᠠ ᠭᠤᠯᠭᠤᠨ ᠰᠤᠮᠤᠳᠤᠨᠠ
ᠴᠠᠪᠴᠢᠯᠠᠬᠤ ᠳᠤᠭᠤᠷᠠᠢ ᠨᠢ ᠭᠡᠩᠭᠡᠷᠭᠡ ᠪᠣᠯᠭᠠᠵᠤ ᠭᠠᠵᠠᠷ ᠢ ᠳᠠᠯᠠᠳᠤᠨᠠ
ᠴᠠᠰᠤ ᠴᠢᠷᠭ᠎ᠠ ᠬᠠᠮᠵᠢᠵᠤ ᠡᠭᠡᠰᠢᠭ᠌ ᠡᠭᠦᠰᠭᠡᠨ᠎ᠡ
ᠨᠠᠭᠢᠯᠵᠠᠭᠰᠠᠨ ᠳᠠᠰᠢᠭᠤᠷ ᠴᠤᠭᠢᠯᠭ᠎ᠠ ᠡᠪᠯᠡᠵᠤ
ᠨᠠᠢ᠌ᠷᠠᠯ ᠭᠦᠭ᠍ᠵᠢᠮ ᠢ ᠠᠶᠠᠳᠠᠢ ᠵᠢᠯᠤᠭᠤᠳᠤᠨ᠎ᠠ
ᠪᠠᠶᠠᠰᠬᠤ ᠶᠢᠨ ᠡᠷᠭᠡ ᠪᠠᠷ ᠰᠡᠳᠭᠢᠯ ᠭᠦᠭ᠍ᠵᠢᠭ᠍ᠰᠡᠨ
ᠪᠠᠭᠳᠠᠵᠤ ᠶᠠᠳᠠᠮ᠎ᠠ ᠳᠤᠭᠳᠤᠯᠤᠯ ᠶᠢᠡᠷ ᠪᠢᠳᠠ
ᠪᠠᠷᠭᠤ ᠠᠷᠠᠤᠨ ᠤᠨ ᠰᠠᠢ᠌ᠬᠠᠨ ᠳᠠᠭᠤᠤ ᠶᠢ
ᠦᠳᠡᠰᠢ ᠣᠶᠠᠷᠠᠳᠠᠯ᠎ᠠ ᠳᠠᠭᠤᠯᠠᠨ᠎ᠠ᠁
ᠰᠠᠷᠠᠨ ᠤ ᠭᠡᠷᠡᠯ ᠴᠠᠰᠤᠨ ᠳᠤ ᠭᠢᠯᠠᠯᠵᠠᠵᠤ
ᠰᠠᠠᠰᠠᠷ ᠤᠨ ᠣᠳᠤᠳ ᠳᠠᠭᠠᠵᠤ ᠪᠦᠵᠢᠭᠯᠡᠨ᠎ᠡ
ᠳᠤᠭᠳᠤᠯᠤᠭᠰᠠᠨ ᠡᠪᠦᠯ ᠮᠠᠨ ᠢ ᠤᠢ᠌ᠷᠠᠳᠤᠭᠤᠯᠵᠤ
ᠳᠠᠨᠢᠯ ᠪᠣᠰᠤ ᠵᠥᠭᠡᠯᠡᠨ ᠦᠨᠦᠰᠤᠯ ᠬᠠᠢ᠌ᠷᠠᠯᠠᠨ᠎ᠠ
ᠲ᠋ᠠᠰᠭᠢᠮᠠ ᠭᠦᠢᠳᠡᠨ ᠡᠪᠦᠯ ᠢ ᠭᠡᠰᠭᠡᠮᠡ
ᠬᠠᠯᠠᠭᠤᠨ ᠬᠠᠢ᠌ᠷ᠎ᠠ ᠪᠠᠷ ᠪᠢᠳᠠ ᠰᠤᠭᠳᠤᠨ᠎ᠠ
ᠳᠠᠪᠭᠢᠬᠤ ᠵᠠᠮ ᠣᠷᠳᠤ ᠪᠣᠯᠤᠭᠠᠰᠠᠢ
ᠳ᠋ᠸᠩ ᠤᠨ ᠭᠡᠷᠡᠯ ᠴᠤ ᠬᠤᠯᠠ ᠪᠠᠢ᠌ᠭᠠᠰᠠᠢ ᠭᠡᠵᠤ
ᠳᠤᠳᠤᠷ᠎ᠠ ᠳᠤᠳᠤᠷ᠎ᠠ ᠪᠠᠨ ᠪᠢᠳᠠ ᠭᠦᠰᠡᠨ᠎ᠡ
ᠦᠷᠦᠪᠴᠢᠭᠡᠨ ᠨᠥᠮᠵᠦᠭ᠌ ᠢᠯᠴᠢ ᠪᠠᠷ ᠵᠢᠠᠨ
ᠦᠷᠦᠭᠡᠯ ᠢ ᠳᠤᠯᠠᠭᠠᠵᠤ ᠶᠠᠪᠣᠬᠤ
ᠦᠪᠡᠷ ᠲᠡᠭᠡᠨ ᠴᠤ ᠳᠤᠯᠠᠭᠠᠬᠠᠨ ᠠᠶᠠᠯᠠᠬᠤ
ᠣᠮᠠᠷᠠᠳᠤ ᠶᠢᠨ ᠦᠳᠡᠰᠢ ᠰᠠᠢ᠌ᠬᠠᠨ
ᠴᠠᠭᠠᠬᠠᠨ ᠰᠡᠳᠭᠢᠯ ᠤᠨ ᠠᠯᠠᠭ᠎ᠠ ᠪᠠᠷ
ᠴᠠᠰᠤ ᠲᠡᠶ ᠪᠠᠢ᠌ᠭᠠᠯᠢ ᠪᠠᠨ ᠢᠯᠪᠢᠵᠤ
ᠴᠠᠭᠢᠯᠠᠬᠤ ᠬᠤᠷᠤᠮ ᠳᠠᠭᠠᠨ ᠵᠢᠷᠭᠠᠭᠠᠭᠰᠠᠨ
ᠴᠢᠷᠭ᠎ᠠ ᠶᠢᠨ ᠳᠠᠭᠤᠤ ᠭᠤᠶᠤᠬᠠᠨ ᠡ
2011᠂ 12᠂ 28
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ