☆ ᠰ·ᠮᠥᠩᠭᠡᠨᠡᠷᠡᠰᠤ
ᠴᠠᠰᠤ᠂ ᠰᠠᠷᠭᠠᠢ ᠬᠤᠶᠠᠷ ᠤᠨ ᠳᠤᠮᠤᠭ
ᠴᠠᠰᠤ ᠊᠊᠊᠊᠊᠊᠊᠊᠊᠊᠊᠊᠊᠊᠊
ᠰᠤᠷᠮᠤᠤᠰᠤᠨ ᠳᠡᠭᠡᠷ᠎ᠡ ᠴᠢᠨᠢ ᠪᠢ ᠳᠠᠪᠳᠠᠷᠢᠵᠤ ᠪᠠᠭᠤᠯ᠎ᠠ
ᠨᠢᠯᠪᠣᠰᠤ ᠲᠡᠶ ᠴᠢᠨᠢ ᠬᠠᠮᠳᠤ ᠬᠠᠴᠠᠷ ᠣᠷᠤᠭᠤ ᠴᠢᠨᠢ ᠪᠦᠮᠪᠦᠷᠢᠶᠡ
ᠢᠩᠭᠢᠭᠡᠳ ᠦᠷᠡᠭ᠍ᠳᠡᠭ᠍ᠰᠡᠨ ᠴᠤ ᠪᠢ ᠭᠤᠮᠤᠳᠠᠯ ᠥᠭᠡᠢ
ᠡᠷᠭᠢᠭᠦ ᠳᠦᠷᠤᠯ ᠳᠤ ᠪᠠᠨ ᠠᠭᠤᠯᠵᠠᠶ᠎ᠠ ᠭᠡᠵᠤ ᠠᠮᠠᠯᠠᠭᠰᠠᠨ ᠶᠢᠠᠨ ᠪᠣᠳᠤᠶ᠎ᠠ
ᠰᠠᠷᠭᠠᠢ ᠊᠊᠊᠊᠊᠊᠊᠊᠊᠊᠊᠊᠊᠊᠊
ᠠᠯᠠᠭᠠᠨ ᠳᠡᠭᠡᠷ᠎ᠡ ᠴᠢᠨᠢ ᠪᠢ ᠭᠡᠢ᠌ᠰᠴᠤ ᠪᠠᠭᠤᠯ᠎ᠠ
ᠪᠣᠯᠪᠠᠷᠠᠢ ᠬᠤᠷᠤᠭᠤ ᠶᠢ ᠴᠢᠨᠢ ᠠᠳᠬᠤᠵᠤ ᠪᠦᠯᠢᠶᠡᠰᠭᠡᠶᠡ
ᠵᠢᠷᠦᠭᠡᠨ ᠤ ᠴᠢᠨᠢ ᠥᠩᠭᠡ ᠲᠡᠶ ᠢᠵᠢᠯᠭᠡᠨ ᠪᠠᠢ᠌ᠶ᠎ᠠ
ᠵᠡᠭᠦᠳᠤ ᠵᠦᠩ ᠶᠢᠡᠷ ᠶᠢᠡᠨ ᠴᠤ ᠭᠡᠰᠡᠨ ᠣᠴᠠᠷᠠᠵᠤ ᠵᠢᠷᠭᠠᠶ᠎ᠠ
ᠴᠠᠰᠤ ᠊᠊᠊᠊᠊᠊᠊᠊᠊᠊᠊᠊᠊᠊᠊
ᠠᠯᠠᠭᠠᠨ ᠳᠡᠭᠡᠷ᠎ᠡ ᠮᠢᠨᠢ ᠪᠠᠭᠤᠬᠤ ᠭᠡᠰᠡᠨ ᠪᠢᠰᠢᠤ
ᠠᠵᠢᠵᠤ ᠵᠠᠪᠳᠤᠬᠤ ᠡᠴᠠ ᠡᠮᠤᠨ᠎ᠡ ᠭᠡᠢ᠌ᠰᠴᠢᠭᠡᠯᠡ ᠴᠢ ᠮᠢᠨᠢ
ᠠᠳᠬᠤᠨ ᠳᠤ ᠥᠯᠡᠳᠡᠭ᠍ᠰᠡᠨ ᠭᠠᠭᠴᠠᠬᠠᠨ ᠣᠯᠠᠭᠠᠨ ᠳᠠᠯᠪᠢ ᠵᠢ
ᠠᠷᠢᠭᠤᠬᠠᠨ ᠴᠢᠨᠤᠭᠢ ᠪᠠᠨ ᠣᠷᠤᠭᠤᠯ ᠤᠨ ᠬᠡ ᠭᠡᠮᠡᠨ ᠳᠠᠨᠢᠴᠢᠬᠠᠯᠠ
ᠰᠠᠷᠭᠠᠢ ᠊᠊᠊᠊᠊᠊᠊᠊᠊᠊᠊᠊᠊᠊᠊
ᠰᠤᠤᠷᠮᠤᠰᠤᠨ ᠳᠡᠭᠡᠷ᠎ᠡ ᠮᠢᠨᠢ ᠪᠠᠭᠤᠬᠤ ᠭᠡᠰᠡᠨ ᠪᠢᠰᠢᠤ
ᠰᠠᠷᠠᠵᠤ ᠠᠮᠵᠢᠬᠤ ᠡᠴᠠ ᠡᠮᠤᠨ᠎ᠡ ᠬᠠᠢ᠌ᠯᠴᠢᠬᠠᠯᠠ ᠴᠢ ᠮᠢᠨᠢ
ᠠᠳᠬᠤᠨ ᠳᠡᠭᠡᠷ᠎ᠡ ᠪᠦᠮᠪᠦᠭᠡᠨᠡᠭ᠍ᠰᠡᠨ ᠪᠣᠯᠤᠷ ᠮᠥᠭᠦᠯᠢᠭ᠌ ᠢ
ᠠᠯᠠᠭ ᠨᠢᠳᠤᠨ ᠤ ᠴᠢᠨᠢ ᠴᠡᠴᠡᠭᠡᠢ ᠭᠡᠮᠡᠨ ᠳᠠᠨᠢᠴᠢᠬᠠᠯᠠ
ᠴᠠᠰᠤ ᠊᠊᠊᠊᠊᠊᠊᠊᠊᠊᠊᠊᠊᠊᠊
ᠴᠢᠮ᠎ᠠ ᠪᠠᠨ ᠳᠡᠯᠭᠡᠷᠡᠭᠦ ᠴᠠᠭ ᠶᠢᠡᠷ
ᠪᠢ ᠴᠢᠨᠢ ᠵᠡᠭᠦᠳᠤ ᠪᠣᠯᠵᠤ ᠬᠤᠴᠤᠷᠳᠠᠭ
ᠭᠤᠷᠤᠬ᠎ᠠ ᠣᠷᠤᠰᠬᠤ ᠴᠢᠮᠡᠭᠡ ᠪᠠᠷ
ᠭᠤᠨᠢᠭᠳᠤ ᠣᠭᠢᠯᠠᠯ ᠢ ᠮᠢᠨᠢ ᠴᠢᠩᠨᠠ ᠳ᠋ᠠ
ᠰᠠᠷᠭᠠᠢ ᠊᠊᠊᠊᠊᠊᠊᠊᠊᠊᠊᠊᠊᠊᠊
ᠵᠤᠨ ᠤ ᠪᠠᠨ ᠵᠤᠯᠠᠢ ᠳᠡᠭᠡᠷ᠎ᠡ ᠪᠢ
ᠦᠨᠦᠰᠤᠯᠳᠠ ᠪᠠᠨ ᠥᠯᠡᠳᠡᠭᠡᠵᠤ ᠪᠠᠢ᠌ᠶ᠎ᠠ
ᠡᠪᠦᠯ ᠡᠷᠭᠢᠵᠤ ᠢᠷᠡᠭᠦ ᠪᠣᠯᠳᠠᠯ᠎ᠠ
ᠴᠢᠮ᠎ᠠ ᠪᠠᠨ ᠭᠦᠯᠢᠶᠡᠵᠤ ᠪᠠᠢ᠌ᠶ᠎ᠠ ᠳ᠋ᠠ
2010.12.4
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2011 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ