☆ ᠰ᠊·ᠠᠭᠤᠯᠠ
ᠭᠦᠳᠡᠭᠡ ᠶᠢᠨ ᠬᠡᠦᠬᠡᠳ
ᠠᠯᠤᠰ ᠡᠴᠡ ᠴᠠᠢ᠌ᠷᠠᠵᠤ ᠨᠠᠰᠢᠯᠠᠬᠤ
ᠠᠳᠤᠭᠤᠨ ᠤ ᠳᠤᠭᠤᠰᠤ ᠶᠢ ᠬᠠᠷᠠᠪᠠᠯ
ᠠᠭᠯᠠᠭ ᠭᠦᠳᠡᠭᠡ ᠶᠢᠨ ᠬᠡᠦᠬᠡᠳ ᠮᠢᠨᠢ
ᠠᠯᠠᠭ᠎ᠠ ᠳᠠᠰᠢᠨ ᠳᠡᠪᠭᠡᠷᠳᠡᠭ᠌ ᠶᠤᠮ᠃
ᠠᠰᠪᠣᠷ ᠴᠠᠢ᠌ᠯᠭᠠᠨ ᠭᠦᠳᠡᠭᠡ ᠶᠢᠨ ᠬᠡᠦᠬᠡᠳ
ᠠᠶᠠᠨ ᠤ ᠭᠦᠮᠤᠨ ᠢ ᠠᠳᠠᠯᠠᠳᠠᠭ ᠦᠭᠡᠶ
ᠠᠬᠠᠮᠠᠤᠨ ᠤᠨ ᠶᠢᠡᠨ ᠨᠠᠷᠠ ᠶᠢ ᠭᠡᠯᠡᠵᠤ ᠦᠭᠭᠦᠭᠡᠳ
ᠠᠮᠠᠷᠠᠭᠠᠤᠨ ᠶᠠᠪᠣᠭᠠᠷᠠᠢ ᠭᠡᠵᠤ ᠭᠡᠷ ᠲᠡᠭᠡᠨ ᠣᠷᠢᠳᠠᠭ᠃
ᠠᠯᠢᠶ᠎ᠠ ᠨᠢᠭᠡᠨ ᠤ ᠪᠠᠨ ᠭᠠᠷᠭᠠᠭᠰᠠᠨ ᠣᠰᠤᠯ ᠢ
ᠠᠭᠢᠨ ᠳᠠᠭᠢᠨ ᠨᠡᠭᠡᠮᠵᠢᠯᠡᠳᠡᠭ᠌ ᠦᠭᠡᠶ
ᠠᠯᠠᠭ᠎ᠠ ᠪᠠᠨ ᠨᠡᠢ᠌ᠯᠡᠭᠦᠯᠪᠠᠯ ᠡᠶᠡᠳᠡᠵᠤ ᠡᠪᠰᠡᠳᠡᠭ᠌
ᠠᠶᠠᠳᠠᠢ᠌ᠬᠠᠨ ᠨᠥᠭᠦᠷᠯᠡᠯ ᠳᠤ ᠳᠤᠷᠠᠳᠠᠢ ᠪᠢᠯᠠ᠃
ᠲ᠋ᠡᠭᠡᠳᠡᠢ ᠭᠦᠮᠤᠨ ᠤ ᠪᠠᠨ ᠰᠤᠷᠭᠠᠯ ᠵᠢᠮᠠᠯᠠᠯ ᠢ
ᠳᠡᠷᠢᠭᠦᠨ ᠳᠠᠷᠤᠨ ᠰᠤᠨᠤᠰᠳᠠᠭ ᠳᠤᠨᠢ
ᠳᠡᠩᠳᠡᠭᠦᠤ ᠨᠤᠮᠤᠢ ᠭᠡᠵᠤ ᠪᠣᠤ ᠪᠣᠳᠤᠭᠠᠷᠠᠢ
ᠳᠠᠩᠴᠤ ᠹᠧᠤᠳᠠᠯ ᠭᠡᠵᠤ ᠪᠣᠤ ᠵᠢᠮᠡᠯᠡᠭᠡᠷᠡᠢ ︕
ᠣᠬᠠᠭᠠᠨ ᠳᠦᠭᠦᠭᠡ ᠨᠢ ᠪᠢᠳᠠᠭᠤ ᠭᠡᠵᠤ
ᠣᠠᠴᠠᠭᠠᠢ ᠬᠠᠷᠠᠴᠠ ᠪᠠᠷ ᠰᠢᠷᠪᠢᠳᠡᠭ᠌ ᠪᠣᠯ
ᠣᠩᠭ᠋ᠤᠨ ᠴᠠᠭᠠᠨ ᠪᠣᠳᠤᠯ ᠳ᠋ᠤᠨᠢ
ᠣᠴᠢᠯᠠᠬᠤ ᠭᠢᠯᠢᠩ ᠳᠦᠷᠦᠳᠡᠭ᠌ ᠶᠤᠮ᠃
ᠰᠠᠢ᠌ᠬᠠᠨ ᠪᠣᠳᠤᠯ ᠳ᠋ᠤᠨᠢ ᠊ᠭ᠍ᠬᠢᠷ ᠦᠭᠡᠶ
ᠰᠠᠷᠠᠭᠤᠯ ᠭᠦᠳᠡᠭᠡ ᠶᠢᠨ ᠬᠡᠦᠬᠡᠳ ᠭᠡᠵᠤ
ᠰᠤᠷᠬᠤ ᠡᠴᠡ ᠶᠠᠷᠤ ᠬᠠᠯᠠᠰᠢᠷᠠᠳᠠᠭ ᠦᠭᠡᠶ
ᠰᠤᠷᠤᠭᠠᠤᠨ ᠴᠤ ᠮᠦᠨ ᠬᠠᠨᠤᠳᠠᠭ ᠦᠭᠡᠶ᠃
ᠮᠠᠩᠬᠠᠨ ᠳᠤ ᠰᠢᠷᠠᠭᠳᠠᠵᠤ ᠪᠠᠷᠢᠵᠤ ᠢᠷᠡᠭ᠍ᠰᠡᠨ
ᠪᠢᠴᠢᠬᠠᠨ ᠭᠦᠭᠡᠷᠦᠭᠦᠨ ᠠᠯᠠᠭᠳᠠᠭ᠎ᠠ ᠪᠠᠨ ᠬᠠᠶᠠᠵᠤ
ᠮᠠᠷᠭᠠᠰᠢ ᠶᠢᠨ ᠳᠠᠰᠬᠠᠯ ᠶᠢᠡᠨ ᠭᠢᠭᠡᠳᠦᠢ ᠭᠡᠵᠤ
ᠪᠢᠷ ᠴᠠᠭᠠᠰᠤ ᠪᠠᠨ ᠳᠡᠯᠭᠡᠴᠢᠳᠡᠭ᠌᠃
ᠭᠦᠳᠡᠯᠭᠡᠭᠡᠨ ᠪᠦᠭᠦᠨ ᠳᠤ ᠳᠡᠷᠢᠭᠦᠯᠡᠭᠦ ᠦᠭᠡᠶ ᠴᠤ
ᠪᠣᠰᠤᠳ ᠡᠴᠡ ᠬᠤᠴᠤᠷᠬᠤ ᠡᠴᠡ ᠥᠭᠦᠨ ᠠᠶᠤᠳᠠᠭ
ᠭᠦᠳᠡᠯᠮᠦᠷᠢ ᠮᠡᠷᠭᠡᠵᠢᠯ ᠳᠤ ᠬᠠᠢ᠌ᠷᠠᠳᠠᠢ ᠪᠦᠭᠡᠳ
ᠬᠠᠮᠵᠢᠨ ᠳᠤᠰᠠᠯᠠᠬᠤ ᠶᠢ ᠳᠡᠭᠡᠵᠢᠯᠡᠵᠤ ᠶᠠᠪᠣᠳᠠᠭ᠃
ᠭᠦᠳᠡᠭᠡ ᠶᠢᠨ ᠬᠡᠦᠬᠡᠳ ᠭᠦᠳᠡᠭᠢ ᠪᠢᠰᠢ
ᠭᠦᠮᠤᠨ ᠡᠴᠡ ᠳᠤᠳᠠᠭᠤ ᠦᠭᠡᠶ ᠮᠡᠷᠭᠡᠨ ᠪᠢᠯᠠ
ᠭᠦᠮᠦᠵᠢᠭᠦ ᠶᠢᠨ ᠠᠵᠠ ᠪᠠᠷ ᠣᠶᠤᠨ ᠳᠡᠯᠡᠭᠦ
ᠭᠦᠰᠡᠯ ᠵᠤᠷᠢᠭ ᠪᠦᠷᠢᠨ ᠶᠤᠮ ᠡ ︕
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ